ᠮᠡᠳᠡᠭᠡ ᠵᠠᠩᠬᠢᠵᠢᠯᠳᠠ ᠶᠢᠨ ᠨᠢᠰᠬᠦ ᠮᠡᠳᠣ ᠲᠦᠷᠭᠡᠨ ᠬᠦᠭᠵᠢᠯᠳᠡ ᠶᠢ ᠲᠠᠭᠠᠯᠳᠣᠨ ᠵᠢᠷᠭᠢᠶ᠎ᠡ ᠮᠠᠰᠢ | ᠲᠦᠷᠭᠡᠨ ᠲᠦᠬᠡᠮᠡᠯᠵᠢᠵᠣ᠂ ᠵᠢᠷᠭᠢᠶ᠎ᠡ ᠶᠢᠨ ᠠᠷᠠᠯᠵᠢᠶ᠎ᠠ ᠶᠠᠪᠤᠬᠤ ᠲᠤᠰᠤᠮ ᠬᠦᠭᠵᠢᠶᠡᠨ ᠲᠠᠢ ᠪᠤᠯᠵᠦ ᠪᠠᠶᠢᠨ᠎ᠠ᠃ | ᠤᠯᠠᠨ ᠬᠦᠮᠦᠠ ᠰᠤᠯᠠ ᠰᠡᠯᠡᠭᠦᠦ ᠴᠠᠭ ᠢᠶᠠᠨ ᠠᠰᠢᠬᠯᠠᠨ ᠵᠢᠷᠭᠢᠶ᠎ᠡ ᠶᠢᠨ ᠠᠷᠠᠯᠵᠢᠶ᠎ᠠ ᠡᠷᠬᠢᠯᠡᠵᠦ ᠵᠤᠬᠢᠬᠤ ᠬᠡᠮᠵᠢᠶᠡᠨ ᠤ | ᠤᠷᠤᠯᠭ᠎ᠠ ᠤᠯᠬᠤ ᠪᠤᠯᠪᠠ᠃ ᠡᠨᠡᠬᠦ ᠠᠵᠢᠯᠯᠠᠭ᠎ᠠ ᠨᠢ ᠠᠪᠤᠨ ᠦᠵᠡᠬᠦ ᠳᠤ ᠬᠢᠯᠪᠡᠷ ᠲᠦᠭᠦᠮ ᠪᠤᠯᠪᠠᠴᠤ ᠡᠭᠦᠨ ᠤ | ᠲᠤᠮᠳᠠ ᠬᠠᠤᠯᠢ ᠴᠠᠭᠠᠵᠠ ᠠᠴᠠ ᠵᠦᠷᠢᠴᠡᠬᠦ ᠠᠰᠠᠭᠤᠳᠠᠯ ᠵᠦᠩᠳᠡᠭᠡᠨ ᠭᠠᠷᠳᠠᠭ᠂ ᠤᠴᠢᠷ ᠨᠢ ᠪᠠᠷᠠᠭ᠎ᠠ ᠪᠤᠯᠭᠠᠨ ᠢ | ᠵᠢᠷᠭᠢᠶ᠎ᠡ ᠪᠠᠷ ᠲᠠᠮᠵᠢᠨ ᠬᠤᠳᠠᠯᠳᠤᠵᠦ ᠪᠤᠯᠬᠤ ᠦᠭᠡᠢ᠃ ᠲᠡᠭᠡᠪᠡᠯ ᠴᠤᠬᠤᠮ ᠶᠠᠮᠠᠷ ᠪᠠᠷᠠᠭ᠎ᠠ ᠶᠢ ᠵᠢᠷᠭᠢᠶ᠎ᠡ ᠶᠢᠨ | ᠲᠠᠪᠴᠠᠩ ᠢᠶᠠᠷ ᠠᠷᠠᠯᠵᠢᠶᠠᠯᠠᠵᠦ ᠪᠤᠯᠬᠤ ᠦᠭᠡᠢ ᠪᠤᠢ︖ | ᠡᠮ ᠡᠮᠨᠡᠯᠭᠡ ᠶᠢᠨ ᠮᠠᠰᠢᠨ ᠲᠤᠨᠤᠭ᠃ ᠡᠮ ᠡᠮᠨᠡᠯᠭᠡ ᠶᠢᠨ ᠪᠦᠳᠦᠭᠡᠭᠳᠡᠭᠦᠨ ᠪᠤᠯ ᠬᠦᠮᠦᠨ ᠤ ᠠᠮᠢ ᠨᠠᠰᠦ᠂ | ᠡᠷᠡᠭᠦᠯ ᠮᠡᠨᠳᠦ ᠲᠠᠢ ᠰᠢᠭᠤᠳ ᠬᠤᠯᠪᠤᠭᠳᠠᠵᠦ ᠪᠠᠶᠢᠳᠠᠭ ᠠᠴᠠ ᠡᠮ ᠡᠮᠨᠡᠯᠭᠡ ᠶᠢᠨ ᠮᠠᠰᠢᠨ ᠲᠤᠨᠤᠭ ᠢ ᠬᠤᠳᠠᠯᠳᠤᠬᠤ | ᠭᠡᠪᠡᠯ ᠵᠠᠪᠠᠯ ︽ᠡᠮ ᠡᠮᠨᠡᠯᠭᠡ ᠶᠢᠨ ᠮᠠᠰᠢᠨ ᠲᠤᠨᠤᠭ ᠬᠤᠳᠠᠯᠳᠤᠬᠤ ᠵᠦᠪᠰᠢᠶᠡᠷᠡᠯ ᠤᠨ ᠦᠨᠡᠮᠯᠡᠯ︾ ᠤᠯᠤᠭᠰᠠᠨ | ᠪᠠᠶᠢᠬᠤ ᠬᠡᠷᠡᠭᠳᠡᠢ᠃ ᠲᠡᠶᠢᠮᠦ ᠪᠢᠰᠢ ᠪᠤᠯ ᠬᠠᠮᠢᠶ᠎ᠠ ᠪᠦᠬᠦᠢ ᠬᠠᠤᠯᠢ ᠴᠠᠭᠠᠵᠠ ᠶᠢᠨ ᠰᠢᠳᠭᠡᠯ ᠤᠯᠬᠤ ᠪᠤᠯᠤᠨ᠎ᠠ᠃ | ᠵᠠᠭᠠᠨ ᠤ ᠰᠤᠶᠤᠭ᠎ᠠ᠂ ᠴᠢᠨ᠋ᠸ᠎ᠠ ᠶᠢᠨ ᠰᠢᠳᠦ᠂ ᠴᠢᠨ᠋ᠸ᠎ᠠ ᠶᠢᠨ ᠠᠷᠠᠰᠦ ᠵᠡᠷᠭᠡ ᠤᠯᠤᠰ ᠤᠨ ᠬᠠᠮᠠᠭᠠᠯᠠᠯᠳᠠ ᠲᠠᠢ | ᠭᠡᠭᠡᠷ᠎ᠡ ᠶᠢᠨ ᠠᠮᠢᠳᠠᠨ ᠤ ᠡᠷᠬᠡᠳᠡᠨ ᠢᠶᠠᠷ ᠬᠢᠭᠰᠡᠨ ᠪᠦᠳᠦᠭᠡᠭᠳᠡᠭᠦᠨ᠃ ᠵᠢᠷᠭᠢᠶ᠎ᠡ ᠲᠠᠪᠴᠠᠩ ᠲᠡᠭᠡᠷ᠎ᠡ ᠤᠯᠤᠰ ᠤᠨ | ᠬᠠᠮᠠᠭᠠᠯᠠᠯᠳᠠ ᠲᠠᠢ ᠭᠡᠭᠡᠷ᠎ᠡ ᠶᠢᠨ ᠠᠮᠢᠳᠠᠨ ᠤ ᠡᠷᠬᠡᠳᠡᠨ ᠢᠶᠠᠷ ᠬᠢᠭᠰᠡᠨ ᠪᠦᠳᠦᠭᠡᠭᠳᠡᠭᠦᠨ ᠢ ᠬᠤᠳᠠᠯᠳᠤᠪᠠᠯ ᠬᠤᠪᠤᠷ | ᠴᠤᠬᠠᠭ᠂ ᠤᠰᠠᠳᠬᠤ ᠠᠶᠤᠯᠳᠠᠢ ᠪᠠᠶᠢᠭ᠎ᠠ ᠭᠡᠭᠡᠷ᠎ᠡ ᠶᠢᠨ ᠠᠮᠢᠳᠠᠨ ᠤ ᠡᠷᠬᠡᠳᠡᠨ ᠢᠶᠠᠷ ᠬᠢᠭᠰᠡᠨ ᠪᠦᠳᠦᠭᠡᠭᠳᠡᠭᠦᠨ ᠢ | ᠬᠤᠳᠠᠯᠳᠤᠭᠰᠠᠨ ᠶᠠᠯ᠎ᠠ ᠳᠤ ᠬᠦᠷᠬᠦ ᠪᠤᠯᠤᠨ᠎ᠠ᠃ | ᠭᠠᠳᠠᠭᠠᠳᠦ ᠠᠴᠠ ᠤᠷᠤᠭᠤᠯᠤᠭᠰᠠᠨ ᠮᠠᠷᠢᠶ᠎ᠠ ᠰᠢᠭᠤᠷᠠᠭᠤᠯᠬᠤ ᠡᠮ᠃ ᠵᠦᠪᠰᠢᠶᠡᠷᠡᠯ ᠦᠭᠡᠢ ᠪᠠᠷ | ᠭᠠᠳᠠᠭᠠᠳᠦ ᠠᠴᠠ ᠤᠷᠤᠭᠤᠯᠤᠭᠰᠠᠨ ᠮᠠᠷᠢᠶ᠎ᠠ ᠰᠢᠭᠤᠷᠠᠭᠤᠯᠬᠤ ᠡᠮ ᠢ ᠵᠢᠷᠭᠢᠶ᠎ᠡ ᠪᠠᠷ ᠠᠷᠠᠯᠵᠢᠶᠠᠯᠠᠪᠠᠯ᠂ ᠡᠮ ᠤᠨ | ᠵᠦᠢᠯᠡᠰ ᠤᠨ ᠬᠠᠮᠢᠶᠠᠷᠦᠯᠳᠠ ᠶᠢᠨ ᠬᠠᠤᠯᠢ ᠶᠢᠨ ᠲᠤᠭᠳᠠᠭᠠᠯ ᠶᠤᠰᠤᠭᠠᠷ ᠬᠠᠭᠤᠷᠮᠠᠭ ᠡᠮ ᠳᠤ ᠲᠤᠭᠠᠴᠢᠭᠳᠠᠵᠦ᠂ | ᠬᠠᠭᠤᠷᠮᠠᠭ ᠡᠮ ᠪᠤᠷᠤᠯᠠᠭᠤᠯᠤᠭᠰᠠᠨ ᠶᠠᠯ᠎ᠠ ᠳᠤ ᠤᠨᠠᠬᠤ ᠪᠤᠯᠤᠨ᠎ᠠ᠃ | ᠬᠠᠭᠤᠷᠮᠠᠭ ᠪᠤᠭᠴᠤ᠃ ᠬᠠᠭᠤᠷᠮᠠᠭ ᠢᠶᠠᠷ ᠲᠠᠩᠰᠠᠯᠠᠭᠤᠯᠤᠭᠰᠠᠨ ᠲᠠᠸᠠᠷ ᠤᠨ ᠲᠠᠮᠳᠡᠭᠳᠦ ᠪᠠᠷᠠᠭ᠎ᠠ ᠭᠡᠰᠡᠨ ᠢ | ᠮᠡᠳᠡᠵᠦ ᠪᠠᠶᠢᠭᠠᠳ ᠵᠤᠷᠢᠭᠤᠳᠠ ᠬᠤᠳᠠᠯᠳᠤᠵᠦ᠂ ᠠᠷᠠᠯᠵᠢᠶᠠᠯᠠᠭᠰᠠᠨ ᠵᠤᠭᠤᠰ ᠨᠢ ᠨᠡᠯᠢᠶᠡᠳ ᠦᠨᠳᠦᠷ ᠪᠤᠯ ᠬᠠᠭᠤᠷᠮᠠᠭ | ᠲᠠᠩᠰᠠᠯᠠᠭᠤᠯᠤᠭᠰᠠᠨ ᠲᠠᠸᠠᠷ ᠤᠨ ᠲᠡᠮᠳᠡᠭᠳᠦ ᠪᠠᠷᠠᠭ᠎ᠠ ᠶᠢ ᠬᠤᠳᠠᠯᠳᠤᠭᠰᠠ ᠶᠠᠯ᠎ᠠ ᠳᠤ ᠤᠨᠠᠬᠤ ᠪᠤᠯᠤᠨ᠎ᠠ᠃ | ᠦᠨᠡᠳᠦ ᠲᠡᠮᠳᠡᠭᠳᠦ᠃ ᠲᠤᠮᠳᠠᠳᠤ ᠤᠯᠤᠰ ᠤᠨ ᠦᠨᠡᠳᠦ ᠲᠡᠮᠳᠡᠭᠳᠦ ᠲᠠᠷᠬᠠᠭᠠᠨ ᠬᠠᠮᠢᠶᠠᠷᠬᠤ ᠲᠦᠪ ᠠᠴᠠ | ᠡᠷᠬᠡ ᠤᠯᠭᠤᠭᠰᠠᠨ ᠪᠠᠶᠢᠳᠠᠯ ᠲᠤᠤᠷ᠎ᠠ ᠰᠠᠶ᠋ᠢ ᠦᠨᠡᠳᠦ ᠲᠡᠮᠳᠡᠭᠳᠦ ᠶᠢ ᠬᠤᠳᠠᠯᠳᠤᠵᠦ ᠪᠤᠯᠤᠨ᠎ᠠ᠃ ᠬᠡᠷᠪᠡ ᠦᠨᠡᠳᠦ | ᠲᠡᠮᠳᠡᠭᠳᠦ ᠬᠤᠳᠠᠯᠳᠤᠬᠤ ᠡᠷᠬᠡ ᠤᠯᠤᠭᠰᠠᠨ ᠦᠭᠡᠢ ᠪᠠᠷ ᠵᠢᠷᠭᠢᠶ᠎ᠡ ᠪᠠᠷ ᠬᠤᠳᠠᠯᠳᠤᠪᠠᠯ᠂ ᠵᠠᠬ᠎ᠠ ᠲᠡᠯᠭᠡᠭᠦᠷ ᠤᠨ ᠠᠵᠦ | ᠠᠬᠤᠢ ᠶᠢᠨ ᠡᠮᠬᠢ ᠲᠢᠭᠯᠢᠮ ᠢ ᠰᠠᠮᠠᠭᠤᠷᠠᠭᠤᠯᠤᠭᠰᠠᠨ ᠶᠠᠯ᠎ᠠ ᠪᠤᠶᠤ ᠦᠢᠯᠡ ᠪᠠᠶᠢᠳᠠᠯ ᠨᠢ ᠬᠦᠨᠳᠦ ᠨᠤᠴᠢᠳᠠᠢ ᠪᠤᠯ | ᠬᠠᠤᠯᠢ ᠪᠤᠰᠤ ᠡᠵᠡᠩᠨᠡᠯᠳᠡ ᠶᠢᠨ ᠶᠠᠯ᠎ᠠ ᠳᠤ ᠬᠦᠷᠬᠦ ᠪᠤᠯᠤᠨ᠎ᠠ᠃ | ᠲᠠᠮᠠᠬᠢ᠃ ᠶᠠᠮᠠᠷᠴᠤ ᠠᠷᠠᠳ ᠢᠷᠭᠡᠳ᠂ ᠬᠠᠤᠯᠢ ᠶᠢᠨ ᠡᠷᠬᠡᠳᠡᠨ ᠪᠤᠶᠤ ᠵᠤᠬᠢᠶᠠᠨ ᠪᠠᠶᠢᠭᠤᠯᠤᠯᠳᠠ ᠵᠢᠷᠭᠢᠶ᠎ᠡ | ᠪᠤᠯᠤᠨ ᠰᠦᠯᠵᠢᠶ᠎ᠡ ᠪᠠᠷ ᠲᠠᠮᠵᠢᠨ ᠲᠠᠮᠠᠬᠢ ᠶᠢ ᠰᠤᠯᠠ ᠪᠠᠷ ᠪᠤᠷᠤᠯᠠᠭᠤᠯᠵᠦ ᠪᠤᠯᠬᠤ ᠦᠭᠡᠢ᠃ ᠲᠠᠮᠠᠬᠢ ᠨᠢ ᠨᠢᠭᠡ | ᠵᠦᠢᠯ ᠤᠨ ᠤᠨᠴᠠᠭᠠᠢ ᠲᠠᠸᠠᠷ ᠪᠤᠯᠤᠭᠰᠠᠨ ᠤ ᠬᠤᠪᠢ ᠳᠤ ᠵᠠᠪᠠᠯ ᠤᠨᠴᠠᠭᠠᠢ ᠬᠢᠨᠠᠨ ᠵᠦᠪᠰᠢᠶᠡᠷᠡᠬᠦ ᠭᠠᠷ | ᠭᠦᠢᠴᠡᠳᠭᠡᠯ ᠢ ᠲᠠᠮᠵᠢᠬᠤ ᠬᠡᠷᠡᠭᠳᠡᠢ ᠪᠦᠭᠡᠳ ᠲᠠᠮᠠᠬᠢ ᠬᠤᠳᠠᠯᠳᠤᠬᠤ ᠲᠤᠰᠬᠠᠢ ᠦᠨᠡᠮᠯᠡᠯ ᠪᠠᠶᠢᠬᠤ ᠴᠢᠬᠤᠯᠠᠳᠠᠢ᠃ | ᠡᠰᠡ ᠲᠡᠶᠢᠮᠦ ᠪᠤᠯ ᠬᠤᠳᠠᠯᠳᠤᠵᠦ ᠪᠠᠶᠢᠭ᠎ᠠ ᠲᠠᠮᠠᠬᠢ ᠨᠢ ᠵᠢᠩᠬᠢᠨᠢ ᠪᠠᠷᠠᠭ᠎ᠠ ᠪᠠᠶᠢᠭᠰᠠᠨ ᠴᠤ ᠲᠤᠰᠬᠠᠢ ᠦᠨᠡᠮᠯᠡᠯ | ᠦᠭᠡᠢ ᠪᠠᠷ ᠬᠤᠳᠠᠯᠳᠤᠭᠰᠠᠨ ᠲᠠᠮᠠᠬᠢ ᠨᠢ ᠬᠠᠤᠯᠢ ᠳᠤ ᠲᠤᠭᠳᠠᠭᠰᠠᠨ ᠲᠤᠭ᠎ᠠ ᠬᠡᠮᠵᠢᠶᠡᠨ ᠳᠤ ᠬᠦᠷᠪᠡᠯ ᠬᠠᠤᠯᠢ ᠪᠤᠰᠤ | ᠡᠵᠡᠩᠨᠡᠯᠳᠡ ᠶᠢᠨ ᠶᠠᠯ᠎ᠠ ᠳᠤ ᠬᠦᠷᠬᠦ ᠪᠤᠯᠤᠨ᠎ᠠ᠃ | ᠱᠠᠯᠢᠭ ᠵᠠᠪᠬᠠᠢ ᠲᠦᠷᠰᠦ ᠰᠢᠩᠭᠡᠭᠡᠯᠳᠡ᠂ ᠬᠠᠭᠤᠷᠮᠠᠭ ᠲᠠᠸᠠᠷ ᠵᠡᠷᠭᠡ ᠬᠠᠤᠯᠢ ᠴᠠᠭᠠᠵᠠ ᠲᠦᠷᠢᠮ | ᠲᠤᠭᠳᠠᠭᠠᠯ ᠢᠶᠠᠷ ᠴᠠᠭᠠᠵᠠᠯᠠᠵᠦ ᠪᠠᠶᠢᠭ᠎ᠠ ᠵᠦᠢᠯᠡᠰ ᠢ ᠬᠤᠳᠠᠯᠳᠤᠪᠠᠯ ᠬᠠᠤᠯᠢ ᠴᠠᠭᠠᠵᠠ ᠶᠢᠨ ᠴᠢᠩᠭ᠎ᠠ ᠰᠢᠳᠭᠡᠯ ᠢ | ᠤᠯᠬᠤ ᠪᠤᠯᠤᠨ᠎ᠠ᠃ ᠵᠢᠷᠭᠢᠶ᠎ᠡ ᠨᠢ ᠲᠦᠷᠭᠡᠨ᠂ ᠲᠦᠭᠦᠮ ᠲᠦᠳᠡ ᠠᠷᠠᠯᠵᠢᠶᠠᠨ ᠤ ᠲᠠᠪᠴᠠᠩ ᠪᠠᠶᠢᠵᠦ᠂ ᠡᠭᠦᠨ ᠢᠶᠠᠷ | ᠲᠠᠮᠵᠢᠨ ᠠᠷᠠᠯᠵᠢᠶ᠎ᠠ ᠬᠢᠬᠦ ᠨᠢ ᠮᠠᠰᠢ ᠰᠠᠶᠢᠨ ᠰᠤᠩᠭᠤᠯᠳᠠ ᠪᠤᠯᠬᠤ ᠶᠤᠮ᠃ ᠭᠡᠪᠡᠴᠤ ᠵᠢᠷᠭᠢᠶ᠎ᠠ ᠶᠢᠨ ︽ᠨᠠᠶᠢᠵᠢ ᠶᠢᠨ | ᠲᠤᠭᠤᠷᠢᠭ︾ ᠲᠠᠭᠠᠨ ᠬᠤᠳᠠᠯᠳᠤᠵᠦ ᠪᠠᠶᠢᠭ᠎ᠠ ᠪᠠᠷᠠᠭ᠎ᠠ ᠲᠠᠸᠠᠷ ᠴᠢᠨᠢ ᠬᠠᠤᠯᠢ ᠲᠦᠷᠢᠮ ᠳᠤ ᠨᠡᠶᠢᠴᠡᠬᠦ ᠡᠰᠡᠬᠦ ᠶᠢ | ᠨᠠᠷᠢᠪᠴᠢᠯᠠᠵᠦ᠂ ᠰᠠᠨᠠᠭᠠᠨ ᠳᠤ ᠦᠭᠡᠢ ᠪᠠᠷ ᠬᠠᠤᠯᠢ ᠠᠴᠠ ᠵᠦᠷᠢᠴᠡᠬᠦ ᠠᠴᠠ ᠪᠤᠯᠭᠤᠮᠵᠢᠯᠠᠭᠠᠷᠠᠢ︕ |