ᠸᠢᠴᠠᠲ ᠤᠨ ᠴᠣᠭᠯᠠᠷᠠᠯ ᠤᠨ ᠠᠬᠠᠯᠠᠭᠴᠢ ᠨᠠᠷ ᠲᠤ ᠰᠡᠷᠡᠮᠵᠢᠭᠦᠯᠬᠦ ᠨᠢ᠄ ᠸᠢᠴᠠᠲ ᠤᠨ ᠴᠣᠭᠯᠠᠷᠠᠯ ᠳᠤ ᠲᠠᠨᠢ ᠳᠣᠣᠷᠠᠬᠢ ᠴᠢᠮᠡᠭᠡ ᠵᠠᠩᠭᠢ ᠪᠠᠶᠢᠪᠠᠯ ᠲᠠ ᠬᠠᠣᠯᠢ ᠶᠢᠨ ᠬᠠᠷᠢᠭᠤᠴᠠᠯᠭ᠎ᠠ ᠨᠡᠬᠡᠮᠵᠢᠯᠡᠭᠳᠡᠨ᠎ᠡ
ᠨᠡᠶᠢᠲᠡᠯᠡᠭᠰᠡᠨ ᠴᠠᠭ᠄
2018-11-23
        ᠣᠶᠢᠷ᠎ᠠ ᠳᠤ᠂ ᠶᠦᠨᠨᠠᠨ ᠮᠣᠵᠢ ᠶᠢᠨ ᠺᠦᠨᠮᠢᠩ ᠬᠤᠳᠠ ᠶᠢᠨ ᠰᠢᠶᠦ᠋ᠨ ᠳ᠋ᠢᠶᠠᠨ ᠰᠢᠶᠠᠨ ᠤ ᠠᠷᠠᠳ ᠤᠨ ᠰᠢᠭᠦᠬᠦ ᠬᠤᠷᠢᠶᠠᠨ ᠤ ᠠᠩᠬᠠᠨ ᠰᠢᠭᠦᠯᠳᠡ ᠶᠢᠨ ᠳ᠋ᠦᠩ ᠳᠤ᠂ ᠯᠥᠸᠧ ᠣᠪᠣᠭᠳᠣ ᠱᠠᠯᠢᠭ ᠵᠠᠪᠠᠭ᠋ᠠᠢ ᠡᠳ᠋ ᠪᠣᠳᠠᠰ ᠢ ᠣᠯᠠᠮᠵᠢᠯᠠᠨ ᠳᠠᠷᠬᠠᠭᠠᠭᠰᠠᠨ ᠶᠠᠯ᠎ᠠ ᠳᠤ ᠣᠨᠣᠵᠣ᠂ 6 ᠰᠠᠷ᠎ᠠ ᠶᠢᠨ ᠬᠤᠭᠤᠴᠠᠭ᠎ᠠ ᠲᠠᠢ ᠬᠤᠷᠢᠭᠳᠠᠬᠤ ᠪᠠᠷ ᠰᠢᠢᠳᠭᠡᠭᠳᠡᠪᠡ᠃        31 ᠨᠠᠰᠣ ᠲᠠᠢ ᠯᠥᠸᠧ ᠣᠪᠣᠭᠳᠣ ᠪᠣᠯ ᠶᠦᠨᠨᠠᠨ ᠮᠣᠵᠢ ᠶᠢᠨ ᠳ᠋ᠧ ᠬᠤᠩ ᠵᠧᠦ ᠶᠢᠨ ᠬᠦᠮᠦᠨ᠃ 2017 ᠣᠨ ᠤ 2 ᠳ᠋ᠣᠭᠠᠷ ᠰᠠᠷ᠎ᠠ ᠳᠤ᠂ ᠯᠥᠸᠧ ᠣᠪᠣᠭᠳᠣ ᠸᠢᠴᠠᠲ ᠢᠶᠠᠨ ᠠᠰᠢᠭᠯᠠᠨ ︽ᠦᠨ᠎ᠡ ᠬᠠᠶᠠᠨ ᠬᠤᠳᠠᠯᠳᠣᠬᠤ︾ ᠭᠡᠬᠦ ᠨᠠᠷ᠎ᠡ ᠪᠠᠷ ᠴᠣᠭᠯᠠᠷᠠᠯ ᠪᠠᠶᠢᠭᠤᠯᠣᠨ᠂ ᠴᠣᠭᠯᠠᠷᠠᠯ ᠤᠨ ᠠᠬᠠᠯᠠᠭᠴᠢ ᠵᠢᠴᠢ ᠬᠠᠮᠢᠶᠠᠷᠣᠭᠴᠢ ᠪᠣᠯᠣᠭᠰᠠᠨ ᠪᠢᠯᠡ᠃        2017 ᠣᠨ ᠤ 12 ᠳ᠋ᠣᠭᠠᠷ ᠰᠠᠷ᠎ᠠ ᠳᠤ᠂ ᠲᠡᠷᠡ ᠴᠣᠭᠯᠠᠷᠠᠯ ᠳᠡᠭᠡᠷ᠎ᠡ ᠪᠠᠨ ᠸᠢᠴᠠᠲ ᠶᠢᠨ ᠨᠠᠶᠢᠵᠠ ᠶᠢᠨ ᠎ ᠢᠶᠠᠨ ᠱᠠᠯᠢᠭ ᠵᠠᠪᠠᠭ᠋ᠠᠢ ᠳᠦᠷᠰᠦ ᠰᠢᠩᠭᠡᠭᠡᠯᠳᠡ ᠳᠠᠯᠪᠢᠵᠣ ᠣᠯᠠᠨ ᠳᠤ ᠰᠣᠨᠢᠷᠬᠠᠭᠤᠯᠬᠤ ᠶᠢ ᠵᠦᠪᠰᠢᠶᠡᠷᠡᠪᠡ᠃ ᠰᠦᠯᠵᠢᠶᠡᠨ ᠤ ᠬᠠᠣᠯᠢ ᠴᠠᠭᠠᠵᠠ ᠶᠢᠨ ᠬᠠᠮᠢᠶᠠᠷᠣᠯᠳᠠ ᠠᠴᠠ ᠵᠠᠶᠢᠯᠠᠰᠬᠢᠬᠤ ᠶᠢᠨ ᠳᠣᠯᠠᠳᠠ᠂ ᠲᠡᠷᠡ ᠴᠣᠭᠯᠠᠷᠠᠯ ᠤᠨ ᠨᠡᠷ᠎ᠡ ᠪᠠᠨ ᠬᠡᠳᠦᠨᠳᠡ ᠬᠠᠯᠠᠵᠣ ᠵᠠᠰᠠᠭᠰᠠᠨ ᠶᠤᠮ᠃        2018 ᠣᠨ ᠤ 5 ᠳ᠋ᠣᠭᠠᠷ ᠰᠠᠷ᠎ᠠ ᠶᠢᠨ 16᠎ ᠤ ᠡᠳᠦᠷ᠂ ᠯᠥᠸᠧ ᠣᠪᠣᠭᠳᠣ ᠡᠨᠡᠬᠦ ᠡᠷᠡᠭᠦᠦ ᠶᠢᠨ ᠬᠡᠷᠡᠭ ᠎ ᠠᠴᠠ ᠪᠣᠯᠵᠣ ᠳᠦᠷ ᠬᠤᠷᠢᠭᠳᠠᠪᠠ᠃ ᠳᠣᠰ ᠵᠢᠯ ᠤᠨ 5 ᠳ᠋ᠣᠭᠠᠷ ᠰᠠᠷ᠎ᠠ ᠶᠢᠨ 30᠎ ᠤ ᠡᠳᠦᠷ ᠪᠠᠷᠢᠪᠴᠢᠯᠠᠭᠳᠠᠪᠠ᠃ ᠰᠢᠭᠦᠬᠦ ᠬᠤᠷᠢᠶᠠᠨ ᠤ ᠠᠩᠬᠠᠨ ᠰᠢᠭᠦᠯᠳᠡ ᠶᠢᠨ ᠳ᠋ᠦᠩ ᠳᠤ᠂ ᠯᠥᠸᠧ ᠣᠪᠣᠭᠳᠣ ᠱᠠᠯᠢᠭ ᠵᠠᠪᠠᠭ᠋ᠠᠢ ᠡᠳ᠋ ᠪᠣᠳᠠᠰ ᠢ ᠣᠯᠠᠮᠵᠢᠯᠠᠨ ᠳᠠᠷᠬᠠᠭᠠᠭᠰᠠᠨ ᠶᠠᠯ᠎ᠠ ᠪᠠᠷ 6 ᠰᠠᠷ᠎ᠠ ᠶᠢᠨ ᠬᠤᠭᠤᠴᠠᠭ᠎ᠠ ᠲᠠᠢ ᠬᠤᠷᠢᠭᠳᠠᠬᠤ ᠪᠠᠷ ᠰᠢᠢᠳᠬᠡᠭᠳᠡᠪᠡ᠃        2017 ᠣᠨ ᠤ 9 ᠳ᠋ᠣᠭᠡᠷ ᠰᠠᠷ᠎ᠠ ᠶᠢᠨ 7᠎ ᠤ ᠡᠳᠦᠷ᠂ ᠣᠯᠣᠰ ᠤᠨ ᠢᠨᠲ᠋ᠧᠷᠨ᠋ᠲ ᠰᠦᠯᠵᠢᠶᠠᠨ ᠤ ᠮᠡᠳᠡᠭᠡ ᠵᠠᠩᠭᠢ ᠶᠢᠨ ᠠᠯᠪᠠᠨ ᠬᠡᠷ ᠠᠴᠠ ︽ᠢᠨᠲ᠋ᠧᠷᠨ᠋ᠲ ᠰᠦᠯᠵᠢᠶᠡᠨ ᠤ ᠴᠣᠭᠯᠠᠷᠠᠯ ᠤᠨ ᠮᠡᠳᠡᠭᠡ ᠵᠠᠩᠭᠢ ᠶᠢᠨ ᠦᠢᠯᠴᠢᠯᠡᠬᠡᠨ ᠎ ᠤ ᠬᠠᠮᠢᠶᠠᠷᠣᠯᠳᠠ ᠶᠢᠨ ᠳᠦᠷᠢᠮ︾ ︵ᠳᠣᠣᠷ᠎ᠠ ︽ᠳᠦᠷᠢᠮ︾ ᠭᠡᠵᠦ ᠳᠦᠬᠦᠮᠴᠢᠯᠡᠶ᠎ᠡ︶ ᠬᠡᠪᠯᠡᠨ ᠳᠠᠷᠬᠠᠭᠠᠵᠣ᠂ 2017 ᠣᠨ ᠤ 10 ᠳ᠋ᠣᠭᠠᠷ ᠰᠠᠷ᠎ᠠ ᠶᠢᠨ 8᠎ ᠤ ᠡᠳᠦᠷ ᠠᠴᠠ ᠡᠬᠢᠯᠡᠨ ᠵᠢᠩᠭᠢᠨᠢ ᠪᠠᠷ ᠬᠡᠷᠡᠭᠵᠢᠭᠦᠯᠵᠡᠢ᠃ ︽ᠳᠦᠷᠢᠮ︾ ᠬᠡᠷᠡᠭᠵᠢᠭᠦᠯᠬᠦ ᠶᠢᠨ ᠵᠣᠷᠢᠯᠭ᠎ᠠ ᠭᠡᠪᠡᠯ ᠢᠨᠲ᠋ᠧᠷᠨ᠋ᠲ ᠰᠦᠯᠵᠢᠶᠡᠨ ᠤ ᠴᠣᠭᠯᠠᠷᠠᠯ ᠤᠨ ᠮᠡᠳᠡᠭᠡ ᠵᠠᠩᠭᠢ ᠶᠢᠨ ᠦᠢᠯᠴᠢᠯᠡᠭᠡᠨ ᠤ ᠡᠷᠡᠭᠦᠯ ᠢᠶᠠᠷ᠂ ᠳᠢᠭᠯᠢᠮ ᠲᠠᠢ ᠢᠶᠠᠷ ᠬᠥᠭᠵᠢᠨ᠂ ᠨᠡᠶᠢᠭᠡᠮ ᠵᠢᠷᠣᠮᠳᠣ ᠭᠤᠣᠯᠯᠠᠭᠴᠢ ᠦᠷᠳᠡᠭ ᠤᠨ ᠦᠵᠡᠯᠳᠡ ᠶᠢ ᠪᠠᠳᠠᠷᠠᠭᠤᠯᠣᠨ ᠳᠡᠯᠭᠡᠷᠡᠬᠦᠯᠦᠨ᠂ ᠢᠳᠡᠪᠬᠢ ᠴᠢᠨᠠᠷ ᠪᠦᠬᠦᠢ ᠡᠷᠡᠭᠦᠯ ᠴᠢᠬᠢᠷᠠᠭ ᠰᠦᠯᠵᠢᠶᠡᠨ ᠤ ᠰᠣᠶᠣᠯ ᠎ ᠢ ᠪᠣᠶᠢᠵᠢᠭᠤᠯᠣᠨ᠂ ᠦᠷᠭᠡᠨ ᠣᠯᠠᠨ ᠰᠦᠯᠵᠢᠶᠡᠨ ᠤ ᠢᠷᠭᠡᠨ ᠳᠤ ᠴᠡᠪᠡᠷ ᠠᠷᠢᠭᠤᠨ᠂ ᠳᠦᠪᠯᠡᠭᠦᠨ ᠴᠢᠬᠡᠴᠢ ᠰᠦᠯᠵᠢᠶᠡᠨ ᠤ ᠣᠷᠣᠨ ᠵᠠᠢ ᠶᠢ ᠪᠦᠷᠢᠳᠦᠭᠦᠯᠬᠦ ᠶᠢ ᠵᠣᠷᠢᠵᠠᠢ᠃        ︽ᠳᠦᠷᠢᠮ︾᠎ ᠤᠨ ᠠᠷᠪᠠᠳᠣᠭᠠᠷ ᠵᠣᠷᠪᠣᠰ ᠲᠤ ᠳᠣᠳᠣᠷᠬᠠᠢ ᠵᠢᠭᠠᠨ ᠭᠠᠷᠭᠠᠭᠰᠠᠨ ᠢᠶᠠᠷ᠄ ᠢᠨᠲ᠋ᠧᠷᠨ᠋ᠲ ᠰᠦᠯᠵᠢᠶᠡᠨ ᠤ ᠴᠣᠭᠯᠠᠷᠠᠯ ᠤᠨ ᠴᠢᠮᠡᠭᠡ ᠵᠠᠩᠭᠢ ᠶᠢᠨ ᠦᠢᠯᠴᠢᠯᠡᠭᠡᠨ ᠤ ᠬᠠᠩᠭᠠᠭᠴᠢ ᠪᠠ ᠠᠰᠢᠭᠯᠠᠭᠴᠢ ᠨᠠᠷ ᠰᠦᠯᠵᠢᠶᠠᠨ ᠤ ᠴᠣᠭᠯᠠᠷᠠᠯ ᠢᠶᠠᠷ ᠬᠠᠣᠯᠢ ᠳᠦᠷᠢᠮ ᠲᠤ ᠵᠦᠪᠰᠢᠶᠡᠷᠡᠬᠦ ᠦᠭᠡᠢ᠂ ᠣᠯᠣᠰ ᠤᠨ ᠳᠦᠷᠢᠮ ᠳᠣᠭᠳᠠᠭᠠᠯ ᠎ ᠠᠴᠠ ᠵᠦᠷᠢᠴᠡᠭᠰᠡᠨ ᠮᠡᠳᠡᠭᠡ ᠵᠠᠩᠭᠢ ᠶᠢ ᠳᠠᠮᠵᠢᠭᠤᠯᠵᠣ ᠪᠣᠯᠬᠤ ᠦᠭᠡᠢ ᠬᠡᠮᠡᠪᠡ᠃         ᠣᠯᠣᠰ ᠤᠨ ᠢᠨᠲ᠋ᠧᠷᠨ᠋ᠲ ᠰᠦᠯᠵᠢᠶᠡᠨ ᠤ ᠮᠡᠳᠡᠭᠡ ᠵᠠᠩᠭᠢ ᠶᠢᠨ ᠠᠯᠪᠠᠨ ᠭᠡᠷ ᠤᠨ ᠬᠠᠷᠢᠭᠤᠴᠠᠯᠭᠠᠳᠠᠨ ᠬᠡᠯᠡᠬᠦ ᠳᠡᠭᠡᠨ᠄ ᠢᠨᠲ᠋ᠧᠷᠨ᠋ᠲ ᠰᠦᠯᠵᠢᠶᠡᠨ ᠤ ᠴᠣᠭᠯᠠᠷᠠᠯ ᠤᠨ ᠵᠣᠬᠢᠶᠠᠨ ᠪᠠᠶᠢᠭᠤᠯᠣᠭᠴᠢ᠂ ᠬᠠᠮᠢᠶᠠᠷᠣᠭᠴᠢ ᠨᠠᠷ ᠡᠭᠦᠷᠬᠡ ᠬᠠᠷᠢᠭᠤᠴᠠᠯᠭ᠎ᠠ ᠪᠠᠨ ᠬᠦᠢᠴᠡᠳᠬᠡᠬᠦ ᠬᠡᠷᠡᠭᠳᠡᠢ᠃ ᠳᠠᠷᠣᠢ ︽ᠬᠡᠨ ᠪᠠᠶᠢᠭᠤᠯᠪᠠᠯ ᠬᠡᠨ ᠬᠠᠷᠢᠭᠤᠴᠠᠬᠤ︾᠂ ︽ᠬᠡᠨ ᠬᠠᠮᠢᠶᠠᠷᠣᠪᠠᠯ ᠬᠡᠨ ᠬᠠᠷᠢᠭᠤᠴᠠᠬᠤ︾ ᠶᠣᠰᠣ ᠲᠠᠢ᠃        ᠴᠣᠭᠯᠠᠷᠠᠯ ᠤᠨ ᠠᠬᠠᠯᠠᠭᠴᠢ ᠨᠢ ᠴᠣᠭᠯᠠᠷᠠᠯ ᠤᠨ ᠬᠠᠮᠢᠶᠠᠷᠣᠭᠴᠢ ᠪᠣᠯᠣᠭᠰᠠᠨ ᠤ ᠬᠤᠪᠢ ᠳᠤ᠂ ᠳᠣᠬᠠᠢ ᠎ ᠶᠢᠨ ᠴᠣᠭᠯᠠᠷᠠᠯ ᠤᠨ ᠡᠮᠬᠢ ᠵᠠᠮᠪᠠᠷᠠᠭ᠎ᠠ ᠶᠢ ᠪᠠᠳᠣᠯᠠᠵᠣ᠂ ᠬᠠᠣᠯᠢ ᠪᠣᠰᠣ ᠵᠢᠴᠢ ᠬᠠᠣᠯᠢ ᠶᠢ ᠵᠦᠷᠢᠴᠡᠭᠰᠡᠨ ᠠᠵᠢᠯᠯᠠᠭ᠎ᠠ ᠎ ᠨᠤᠭᠤᠳ ᠴᠣᠭᠯᠠᠷᠠᠯ ᠳᠤ ᠰᠠᠷᠨᠢᠭᠤᠯᠵᠣ ᠪᠣᠯᠬᠤ ᠦᠭᠡᠢ᠃ ᠬᠡᠷᠪᠡ ᠠᠰᠠᠭᠤᠳᠠᠯ ᠳᠣᠯᠭᠠᠷᠠᠪᠠᠯ᠂ ᠡᠷᠬᠡᠪᠰᠢ ᠴᠠᠭ ᠳᠣᠬᠠᠢ ᠳᠤᠨᠢ ᠬᠠᠮᠢᠶᠠᠷᠠᠵᠣ᠂ ᠮᠡᠳᠡᠭᠦᠯᠬᠦ ᠬᠡᠷᠡᠭᠳᠡᠢ᠃        ᠴᠣᠭᠯᠠᠷᠠᠯ ᠤᠨ ᠠᠬᠠᠯᠠᠭᠴᠢ ᠬᠠᠷᠢᠭᠤᠴᠠᠯᠭ᠎ᠠ ᠠᠯᠳᠠᠭᠰᠠᠨ ᠠᠴᠠ ᠪᠣᠯᠵᠣ ᠴᠣᠭᠯᠠᠷᠠᠯ ᠳᠤ ᠬᠠᠣᠯᠢ ᠶᠢ ᠵᠦᠷᠢᠴᠡᠭᠰᠡᠨ ᠪᠠᠶᠢᠳᠠᠯ ᠭᠠᠷᠪᠠᠯ ᠵᠣᠬᠢᠬᠤ ᠬᠠᠷᠢᠭᠤᠴᠠᠯᠭ᠎ᠠ ᠡᠭᠦᠷᠭᠡᠯᠡᠨ᠎ᠡ᠃        ᠴᠣᠭᠯᠠᠷᠠᠯ ᠤᠨ ᠭᠡᠰᠢᠭᠦᠳ ᠳᠣᠣᠷᠠᠬᠢ ᠮᠡᠳᠡᠭᠡ ᠵᠠᠩᠭᠢ ᠶᠢ ᠳᠠᠮᠵᠢᠭᠤᠯᠵᠣ ᠪᠣᠯᠬᠤ ᠦᠭᠡᠢ ᠭᠡᠵᠦ ᠣᠨᠴᠠᠯᠠᠨ ᠰᠠᠨᠠᠭᠤᠯᠣᠶ᠎ᠠ᠄        1. ᠭᠠᠵᠢᠭᠤ ᠶᠠᠷᠢᠶ᠎ᠠ᠂ ᠴᠣᠣᠷᠬᠠᠯ ᠦᠭᠡ ᠶᠢ ᠢᠳᠡᠬᠡᠬᠦ ᠦᠭᠡᠢ᠂ ᠳᠠᠮᠵᠢᠭᠤᠯᠬᠤ ᠦᠭᠡᠢ        2. ᠳᠣᠳᠣᠭᠠᠳᠣ ᠶᠢᠨ ᠪᠢᠴᠢᠭ ᠮᠠᠲ᠋ᠧᠷᠢᠶᠠᠯ ᠢ ᠳᠠᠮᠵᠢᠭᠤᠯᠵᠣ ᠪᠣᠯᠬᠤ ᠦᠭᠡᠢ        3. ᠱᠠᠯᠢᠭ ᠵᠠᠪᠠᠭ᠋ᠠᠢ᠂ ᠬᠤᠣᠷᠳᠣ ᠡᠳ᠋᠂ ᠳᠡᠯᠪᠡᠷᠡᠬᠦ ᠪᠣᠳᠠᠰ ᠲᠠᠢ ᠬᠤᠯᠪᠣᠭᠠᠳᠠᠢ ᠪᠣᠯ ᠳᠠᠮᠵᠢᠭᠤᠯᠬᠤ ᠪᠣᠯᠬᠤ ᠦᠭᠡᠢ        4. ᠴᠡᠷᠢᠭ ᠤᠨ ᠪᠢᠴᠢᠭ ᠮᠠᠲ᠋ᠧᠷᠢᠶᠠᠯ ᠢ ᠳᠠᠮᠵᠢᠭᠤᠯᠵᠣ ᠪᠣᠯᠬᠤ ᠦᠭᠡᠢ        5. ᠣᠯᠣᠰ ᠤᠨ ᠨᠢᠭᠤᠴᠠ ᠪᠢᠴᠢᠭ ᠮᠠᠲ᠋ᠧᠷᠢᠶᠠᠯ ᠲᠠᠢ ᠬᠤᠯᠪᠣᠭᠠᠳᠠᠢ ᠪᠣᠯ ᠳᠠᠮᠵᠢᠭᠤᠯᠬᠤ ᠦᠭᠡᠢ        6. ᠪᠣᠰᠣᠳ ᠬᠠᠣᠯᠢ ᠳᠦᠷᠢᠮ ᠠᠴᠠ ᠵᠦᠷᠢᠴᠡᠭᠰᠡᠨ ᠮᠡᠳᠡᠭᠡ ᠵᠡᠩᠭᠢ ᠶᠢ ᠳᠠᠮᠵᠢᠭᠤᠯᠬᠤ ᠦᠭᠡᠢ
 
ᠢᠷᠡᠯᠲᠡ᠄ ᠳᠤᠮᠳᠠᠳᠤ ᠤᠯᠤᠰ ᠤᠨ ᠮᠤᠩᠭᠤᠯ ᠷᠠᠲᠢᠤ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号