ᠠᠷᠢᠬᠢᠳᠠᠵᠦ ᠪᠠᠶᠢᠭᠠᠳ ᠢᠷᠡᠬᠦᠯ᠎ᠠ
ᠨᠡᠶᠢᠲᠡᠯᠡᠭᠰᠡᠨ ᠴᠠᠭ᠄
2018-12-03
                                                    ᠵᠣᠬᠢᠶᠠᠭᠴᠢ᠄ ᠠᠳᠢᠪᠠᠨᠽᠠᠷ ᠭᠡᠰᠦᠨ ᠳᠤᠭᠤᠷᠢᠵᠦ ᠠᠷᠢᠬᠢᠳᠠᠵᠦ ᠪᠠᠶᠢᠭᠠᠳ ᠢᠷᠡᠬᠦᠯ᠎ᠠ ᠭᠡᠳᠤᠨ ᠮᠠᠯ ᠮᠢᠨᠢ ᠡᠵᠡᠨ ᠦᠭᠡᠢ ᠪᠤᠳᠠᠷᠠᠭᠠᠳ ᠠᠮᠠᠷᠬᠠᠨ ᠦᠬᠦᠭᠰᠡᠨ ᠨᠢ ᠠᠳᠠ ᠳᠡᠨᠳᠠ ᠳᠠᠷᠡᠶᠢᠯᠴᠡᠭᠡᠳ ᠠᠮᠢ ᠪᠦᠭᠡ ᠨᠢ ᠨᠠᠮᠠᠶᠢ ᠬᠦᠯᠢᠶᠠᠨ ᠳᠠᠶᠢᠴᠢᠯᠠᠨ᠎ᠠ ᠡᠬᠦᠳᠠ ᠪᠠᠷ ᠤᠷᠤᠬᠤᠯ᠎ᠠ ᠬᠦᠢᠳᠡᠨ ᠵᠢᠪᠠᠷ ᠰᠡᠩᠬᠢᠨᠡᠭᠡᠳ ᠦᠨᠡᠰᠦ ᠬᠤᠭ ᠦᠵᠡᠬᠦ ᠶᠢᠨ ᠠᠷᠭ᠎ᠠ ᠦᠭᠡᠢ ᠬᠦᠭᠯᠡᠷᠡᠭᠡᠳ ᠤᠷᠳᠤ ᠤᠬᠤᠷ ᠳᠡᠮᠡᠬᠢᠨ ᠦᠯᠡᠳᠡᠭᠳᠡᠯ ᠢᠶᠠᠷ ᠳᠦᠬᠦᠷᠦᠨ ᠤᠤᠭᠤᠭᠰᠠᠨ ᠴᠠᠢ ᠮᠢᠨᠢ ᠬᠤᠤ ᠶᠢᠨ ᠳᠤᠳᠤᠷ᠎ᠠ ᠪᠠᠨ ᠬᠦᠯᠳᠡᠵᠤᠬᠦᠢ ᠠᠪᠳᠠᠷ᠎ᠠ ᠬᠤᠷᠭᠤ ᠮᠢᠨᠢ ᠳᠤᠭᠤᠰᠤ ᠰᠢᠷᠤᠢ ᠳᠤ ᠳᠠᠷᠤᠭᠳᠠᠭᠠᠳ ᠠᠶᠠᠭ᠎ᠠ ᠰᠢᠨᠠᠭ᠎ᠠ ᠵᠠᠯᠭᠠᠭ᠎ᠠ ᠭᠡᠯᠬᠢᠶ᠎ᠠ ᠬᠠᠷᠠᠭᠳᠠᠨᠠᠮ ᠠᠯᠢᠶ᠎ᠠ ᠭᠡᠦᠭᠡᠳ ᠤᠳ ᠴᠤᠩᠬᠤᠨ ᠤ ᠰᠢᠯ ᠢ ᠳᠠᠰᠢᠭᠠᠳ ᠠᠶᠤᠮᠰᠢᠬᠳᠤ ᠬᠦᠢᠳᠡᠨ ᠭᠠᠳᠠᠨ᠎ᠠ ᠳᠤᠳᠤᠨ᠎ᠠ ᠠᠳᠠᠯᠢᠬᠠᠨ ᠬᠦᠢᠳᠡᠨ ᠤ ᠰᠦᠷᠳᠡᠬᠦᠯᠦᠯ ᠠᠯᠢᠪᠠ ᠪᠦᠬᠦᠨ ᠠᠴᠠ ᠭᠡᠳᠤᠷᠠᠭᠡᠳ ᠬᠦᠷᠡᠩ ᠮᠤᠤᠷ ᠴᠤ ᠭᠡᠳᠦ᠋ᠢᠨ ᠵᠠᠶᠢᠯᠠᠨ ᠶᠠᠪᠤᠵᠤᠬᠤᠢ ᠰᠢᠷᠠᠮᠤᠨ ᠳᠤᠭᠤᠭᠠᠨ ᠳᠤ ᠮᠦᠰᠦ ᠣᠶᠢᠯᠦᠨ ᠬᠦᠯᠳᠡᠭᠡᠳ ᠰᠢᠨᠠᠭ᠎ᠠ ᠭᠠᠳᠤᠷ᠎ᠠ ᠨᠢᠬ ᠪᠠᠷᠢᠯᠳᠤᠭᠠᠳ ᠰᠠᠯᠤᠰᠢ ᠦᠭᠡᠢ ᠪᠤᠯᠵᠤᠬᠤᠢ ᠭᠠᠩ ᠲᠠᠢ ᠤᠰᠤ ᠴᠤ ᠬᠠᠳᠠᠭᠤ ᠴᠤᠭᠴᠠᠰ ᠬᠤᠪᠢᠯᠦᠭᠠᠳ ᠬᠠᠯᠠᠭᠤᠯᠵᠦ ᠭᠡᠰᠭᠡᠬᠦ ᠦᠭᠡᠢ ᠪᠤᠯ ᠬᠠᠭᠠᠷᠬᠠᠢ ᠪᠦᠳᠦᠨ ᠨᠢ ᠮᠡᠳᠡᠭᠳᠡᠬᠦ ᠦᠭᠡᠢ ᠭᠠᠷ ᠤᠨ ᠠᠶ᠎ᠠ ᠪᠠᠷ ᠳᠦᠯᠡᠭᠡ ᠠᠪᠬᠤ ᠪᠠᠷ ᠭᠠᠷᠬᠤᠯ᠎ᠠ ᠬᠠᠷᠠᠮᠰᠠᠯᠳᠠᠢ ᠪᠤᠯᠠᠢ ᠳᠦᠯᠡᠭᠡ ᠪᠠᠰᠠ ᠪᠠᠷᠠᠭᠳᠠᠵᠤᠬᠤᠢ ᠳᠦᠯᠡᠭᠡᠨ ᠤ ᠬᠤᠭ ᠨᠡᠬᠦᠳᠡᠯ ᠮᠠᠩᠬᠠᠨ ᠳᠤ ᠳᠠᠷᠤᠭᠳᠠᠭᠠᠳ ᠳᠡᠬᠦᠵᠦ ᠮᠠᠯᠳᠠᠪᠠᠴᠤ ᠤᠯᠳᠠᠵᠦ ᠠᠪᠳᠠᠮᠠᠷ ᠶᠠᠭᠤᠮ᠎ᠠ ᠦᠭᠡᠢ ᠠᠷᠭᠠᠯ ᠳᠦᠯᠡᠰᠢ ᠪᠠᠷ ᠡᠨᠡ ᠮᠠᠳᠤ ᠮᠤᠬᠤᠷᠳᠠᠬᠤ ᠨᠢ ᠠᠯᠵᠠᠭᠤ ᠵᠠᠯᠬᠠᠭᠤ ᠠᠷᠢᠬᠢ ᠭᠡᠳᠤ ᠠᠴᠠ ᠢᠷᠡᠯᠳᠠᠢ ᠳᠦᠯᠡᠰᠢ ᠪᠠᠨ ᠴᠤ ᠬᠦᠴᠦᠷᠡᠬᠦ ᠦᠭᠡᠢ ᠡᠨᠡ ᠮᠡᠳᠤ ᠶᠢᠨ ᠶᠠᠭᠤᠮ᠎ᠠ ᠶᠢ ᠳᠦᠮᠡᠨ ᠠᠮᠢᠳᠠᠨ ᠬᠠᠷᠢᠶᠠᠬᠤ ᠦᠭᠡᠢ ᠭᠡᠷᠬᠢᠨᠠᠮ ᠣᠯᠠᠨ ᠤ ᠭᠡᠯᠡ ᠤᠷᠤᠰᠤᠭᠰᠠᠨ ᠤᠰᠤᠨ ᠢ ᠳᠠᠰᠤᠯᠤᠨᠠᠮ ᠤᠳᠤ ᠴᠤ ᠪᠠᠰᠠ ᠨᠠᠳᠠ ᠰᠢᠬ ᠬᠦᠮᠦᠰ ᠬᠠᠷᠠᠭᠳᠠᠵᠦ ᠪᠠᠶᠢᠨ᠎ᠠ᠃
 
ᠢᠷᠡᠯᠲᠡ᠄ ︽ᠢᠯᠡᠬᠦᠦ ᠵᠢᠷᠠᠨ — ᠠᠳᠢᠪᠠᠨᠽᠠᠷ ᠤᠨ ᠰᠢᠯᠦᠭ ᠤᠳ︾ ᠨᠤᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号