ᠬᠠᠭᠤᠷᠮᠠᠭ ᠠᠪᠤ ᠶᠢᠨ ᠦᠨᠠᠨ ᠬᠠᠶᠢᠷ᠎ᠠ
ᠨᠡᠶᠢᠲᠡᠯᠡᠭᠰᠡᠨ ᠴᠠᠭ᠄
2018-12-03
        ᠪᠢ ᠪᠢᠴᠢᠬᠠᠨ ᠬᠡᠤᠬᠡᠨ ᠲᠠᠢ ᠭᠤᠷᠪᠠᠳᠠᠬᠢ ᠤᠳᠠᠭ᠎ᠠ ᠤᠴᠠᠷᠠᠬᠤ ᠦᠶ᠎ᠠ ᠳᠤ ᠲᠡᠷᠡ ᠮᠦᠨ ᠯᠡ ᠬᠠᠭᠤᠴᠢᠷᠠᠭᠰᠠᠨ ᠪᠤᠯᠪᠠᠴᠤ ᠴᠡᠪᠡᠷ ᠴᠡᠮᠴᠡᠭᠡᠷ ᠪᠦᠰ ᠬᠤᠪᠴᠠᠰᠤ ᠪᠠᠨ ᠡᠮᠦᠰᠴᠤ ᠮᠢᠨᠤ ᠲᠡᠷᠭᠡᠨ ᠬᠦᠷᠳᠦ ᠶᠢ ᠵᠦᠯᠬᠦᠨ᠎ᠠ᠃ ᠪᠡᠶ᠎ᠠ ᠪᠠᠨ ᠪᠦᠬᠦ᠋ᠢᠯᠭᠡᠨ ᠵᠦᠯᠬᠦᠬᠦ ᠲᠡᠭᠦᠨ ᠢ ᠬᠠᠷᠠᠬᠤ ᠳᠤ ᠲᠡᠶᠢᠮᠤ ᠯᠡ ᠡᠴᠡᠩᠬᠢᠷ ᠪᠠᠶᠢᠯ᠎ᠠ᠃         ᠤᠤᠯ ᠨᠢ ᠪᠢ ᠲᠡᠭᠦᠨ ᠢ ᠠᠮᠢᠳᠤᠷᠠᠯ ᠨᠢ ᠬᠦᠴᠢᠷᠳᠡᠢ ᠪᠠᠶᠢᠵᠤ ᠡᠶᠢᠮᠤᠷᠬᠦ ᠠᠷᠭ᠎ᠠ ᠪᠠᠷ ᠵᠤᠭᠤᠰ ᠤᠯᠳᠠᠭ ᠭᠡᠵᠤ ᠪᠤᠳᠤᠵᠤ ᠪᠠᠶᠢᠭᠰᠠᠨ ᠶᠤᠮ᠃ ᠪᠢ ᠬᠡᠤᠭᠡᠨ ᠤ ᠲᠤᠯᠤᠭᠠᠢ ᠶᠢ ᠢᠯᠪᠢᠬᠦ ᠳᠤ ᠲᠡᠷᠡ ᠰᠤᠴᠢᠰᠬᠢᠨ ᠬᠦᠶᠦᠵᠤ ᠪᠤᠰᠤᠭᠰᠠᠨ ᠢᠶᠠᠨ ᠴᠢᠷᠠᠢ ᠪᠠᠨ ᠤᠯᠠᠶᠢᠯᠭᠠᠨ ᠭᠠᠷ ᠢᠶᠠᠨ ᠠᠷᠤ ᠳᠠᠭᠠᠨ ᠨᠢᠭᠤᠵᠤ᠄ ︽ᠲᠠ ᠰᠠᠶᠢᠨ ᠤᠤ︖ ᠮᠦᠸᠧᠯᠦ᠋ᠨ ᠠᠪᠠᠭ᠎ᠠ ᠡ᠂ ᠮᠢᠨᠤ ᠨᠠᠷ᠎ᠠ ᠱᠠᠯᠢ ᠭᠡᠳᠡᠭ︾ ᠭᠡᠯ᠎ᠠ᠃         ᠪᠢ ᠲᠡᠷᠭᠡᠨ ᠡᠭᠦᠳᠡ ᠪᠠᠨ ᠨᠡᠭᠡᠭᠡᠵᠤ ᠮᠦᠡᠭᠭᠦ ᠶᠢ ᠨᠢ ᠦᠭᠭᠦ ᠭᠡᠬᠦ ᠪᠠᠷ ᠬᠡᠤᠬᠡᠨ ᠰᠠᠨᠳᠤᠷᠤᠨ ᠲᠤᠯᠤᠭᠠᠢ ᠰᠠᠵᠢᠵᠤ᠄ ︽ᠮᠦᠸᠧᠯᠦ᠋ᠨ ᠠᠪᠠᠭ᠎ᠠ ᠡ᠂ ᠪᠢ ᠵᠤᠭᠤᠰ ᠠᠪᠬᠤ ᠦᠭᠡᠢ︾ ᠭᠡᠪᠡ᠃ ︽ᠵᠤᠭᠤᠰ ᠠᠪᠬᠤ ᠦᠭᠡᠢ ᠲᠡᠭᠡᠭᠡᠳ ᠨᠠᠳᠠ ᠲᠠᠢ ᠨᠠᠶᠢᠵᠢ ᠪᠤᠯᠤᠶ᠎ᠠ ᠭᠡᠵᠤ ᠰᠠᠨᠠᠵᠤ ᠪᠠᠶᠢᠨᠠᠤ︖︾ ᠭᠡᠵᠤ ᠪᠢ ᠢᠨᠢᠶᠡᠨ ᠭᠡᠯᠡᠬᠦ ᠪᠠᠷ ᠬᠡᠤᠬᠡᠨ ︽ᠬᠢᠳ ᠬᠢᠳ︾ ᠭᠡᠵᠤ ᠢᠨᠢᠶᠡᠭᠰᠡᠨ ᠢᠶᠠᠨ ︽ᠤᠴᠢᠷ ᠨᠢ ᠴᠢ ᠮᠢᠨᠤ ᠠᠪᠤ ᠲᠠᠢ ᠠᠪ ᠠᠳᠠᠯᠢᠬᠠᠨ︕︾ ᠭᠡᠪᠡ᠃         ᠱᠠᠯᠢ ᠡᠨᠡ ᠦᠭᠡ ᠶᠢ ᠬᠡᠯᠡᠬᠦ ᠳᠤ ᠬᠡᠳᠤᠢ ᠶᠡᠭᠡ ᠵᠤᠷᠢᠭᠯᠠᠭᠰᠠᠨ ᠨᠢ ᠮᠡᠳᠡᠭᠡᠵᠢ᠂ ᠮᠦᠨ ᠲᠡᠭᠡᠭᠡᠳ ︽ᠠᠪᠤ ︾ ᠭᠡᠵᠤ ᠶᠡᠷᠢᠬᠤ ᠪᠠᠷ ᠨᠢᠳᠤᠨ ᠳᠤᠨᠢ ᠨᠢᠯᠪᠤᠰᠤ ᠪᠦᠷᠬᠦᠭᠰᠡᠨ ᠨᠢ ᠬᠠᠷᠠᠭᠳᠠᠯ᠎ᠠ᠃ ᠮᠢᠨᠤ ᠲᠤᠳᠤᠷ᠎ᠠ ᠦᠭᠡ ᠬᠡᠯᠡ ᠪᠠᠷ ᠢᠯᠡᠳᠭᠡᠭᠦᠶ᠎ᠠ ᠪᠡᠷᠭᠡ ᠲᠦᠷᠦᠭᠳᠡᠯ ᠤᠷᠤᠵᠤ ᠶᠠᠭ ᠯᠡ ᠦᠪᠡᠷ ᠤᠨ ᠬᠡᠤᠬᠡᠨ ᠲᠠᠢ ᠪᠠᠨ ᠵᠤᠭᠤᠭᠳᠠᠵᠤ ᠪᠠᠶᠢᠬᠤ ᠰᠢᠭ᠋ ᠰᠠᠨᠠᠭᠳᠠᠯ᠎ᠠ᠃ ︽ᠪᠢ ᠴᠢᠮ᠎ᠠ ᠶᠢ ᠲᠡᠷᠭᠡᠨ ᠳᠤ ᠰᠠᠭᠤᠯᠭᠠᠵᠤ ᠲᠤᠭᠤᠷᠢᠭᠤᠯᠤᠶ᠎ᠠ︾ ᠭᠡᠬᠦ ᠪᠠᠷ ᠬᠡᠤᠭᠡᠨ ᠢᠳᠡᠭᠡᠵᠤ ᠶᠠᠳᠠᠭᠰᠠᠨ ᠮᠠᠶ᠋ᠢᠭᠳᠠᠢ  ᠪᠠᠶᠢᠭᠰᠠᠨ ᠢᠶᠠᠨ ᠦᠰᠦᠷᠦᠨ ᠲᠡᠪᠭᠡᠷᠦᠭᠰᠡᠭᠡᠷ ᠲᠡᠷᠭᠡᠨ ᠳᠤ ᠭᠠᠷᠤᠯ᠎ᠠ᠃        ᠠᠷᠪᠠᠭᠠᠳ ᠨᠠᠰᠤᠳᠠᠢ ᠬᠡᠤᠬᠡᠨ ᠤ ᠪᠦᠱᠦᠭᠦᠷᠬᠡᠯ ᠤᠳᠠᠯ ᠦᠭᠡᠢ ᠠᠯᠠᠭ᠎ᠠ ᠪᠤᠯᠵᠤ ᠨᠠᠳᠠ ᠲᠠᠢ ᠡᠷᠡᠭᠡ ᠵᠢᠷᠤᠭ᠎ᠠ ᠦᠭᠡᠢ ᠵᠤᠭᠤᠭᠳᠠᠵᠤ ᠡᠬᠢᠯᠡᠯ᠎ᠠ᠃ ᠬᠡᠤᠬᠡᠨ ᠤ ᠠᠪᠤ ᠨᠢ ᠲᠤᠩ ᠬᠠᠩᠬᠠᠭᠠᠷ ᠰᠦᠷᠯᠢᠭ ᠪᠦᠬᠡᠳ ᠱᠤᠭ ᠶᠦᠮᠦᠷᠯᠢᠭ ᠪᠠᠶᠢᠵᠤ ᠲᠡᠭᠦᠨ ᠢ ᠬᠤᠶᠠᠷ ᠨᠠᠰᠤᠳᠠᠢ ᠳᠤᠨᠢ ᠠᠮᠰᠢᠲ᠋ᠧᠷᠳᠠᠮ ᠳᠤ ᠠᠷᠠᠯᠵᠢᠶ᠎ᠠ ᠬᠢᠬᠦ ᠪᠠᠷ ᠶᠠᠪᠤᠪᠠ᠃ ᠶᠡᠭᠡ ᠮᠦᠡᠭᠭᠦ ᠤᠯᠤᠭᠰᠠᠨ ᠤ ᠲᠠᠷᠠᠭ᠎ᠠ ᠤᠯᠠᠭᠠᠨ ᠦᠡᠭᠭᠡ ᠲᠠᠢ ᠤᠷᠤᠯᠳᠤᠭᠠᠨ ᠤ ᠲᠡᠷᠭᠡ ᠵᠢᠯᠤᠭᠤᠳᠴᠤ ᠡᠬᠡᠨᠡᠷ ᠬᠡᠤᠬᠡᠨ ᠎ ᠢᠶᠠᠨ ᠲᠤᠰᠬᠤ ᠮᠦᠷᠳᠡᠭᠡᠨ ᠪᠠᠰᠠ ᠰᠦᠷᠦᠭ ᠬᠤᠨᠢ ᠪᠡᠯᠴᠢᠭᠰᠡᠨ ᠨᠤᠮᠢᠨ ᠨᠤᠭᠤᠭᠠᠨ ᠮᠠᠯᠵᠢᠯ ᠤᠨ ᠲᠠᠯᠠᠪᠠᠢ ᠪᠠᠶᠢᠭᠤᠯᠬᠤ ᠶᠤᠮ ᠭᠡᠨ᠎ᠠ ᠁         ᠱᠠᠯᠢ ᠦᠯᠢᠭᠡᠷ ᠢᠶᠠᠨ ᠶᠠᠷᠢᠵᠤ ᠪᠠᠷᠠᠬᠤ ᠠᠴᠠ ᠡᠮᠤᠨ᠎ᠠ ᠪᠢ ᠰᠠᠨᠠᠭ᠎ᠠ ᠶᠢ ᠨᠢ ᠮᠡᠳᠡᠯ᠎ᠠ᠃ ᠲᠡᠭᠦᠨ ᠤ ᠡᠵᠢ ᠎ ᠨᠢ ᠤᠳᠠᠯ ᠦᠭᠡᠢ ᠡᠨᠡ ᠶᠢᠷᠳᠢᠨᠴᠤ ᠠᠴᠠ ᠡᠭᠦᠷᠢᠳᠡ ᠠᠩᠭᠢᠵᠢᠷᠠᠬᠤ ᠪᠤᠯᠵᠠᠢ᠃ ᠱᠠᠯᠢ ᠠᠪᠤ ᠲᠠᠢ ᠪᠠᠨ ᠠᠳᠠᠯᠢᠬᠠᠨ᠂ ᠲᠡᠷᠡ ᠮᠦᠷᠳᠡᠭᠡᠨ ᠰᠢᠪ ᠰᠢᠨᠡᠭᠡᠨ ᠤᠷᠤᠯᠳᠤᠭᠠᠨ ᠤ ᠲᠡᠷᠭᠡ ᠪᠠ ᠮᠠᠯᠵᠢᠯ ᠤᠨ ᠲᠠᠯᠠᠪᠠᠢ ᠲᠠᠢ ᠡᠷᠡᠭᠳᠡᠢ ᠤᠯᠵᠤ᠂ ᠡᠵᠢ ᠎ ᠶᠢᠨ ᠢᠶᠠᠨ ᠤᠳᠠᠭᠠᠨ ᠵᠢᠯ ᠤᠨ ᠰᠡᠳᠬᠢᠯ ᠤᠨ ᠬᠦᠮᠦᠨ ᠢᠶᠠᠨ ᠬᠦᠯᠢᠶᠡᠭᠰᠡᠨ ᠬᠦᠰᠡᠯ ᠢ ᠨᠢ ᠪᠡᠶᠡᠯᠡᠭᠦᠯᠬᠦ ᠭᠡᠰᠡᠨ ᠪᠠᠶᠢᠵᠠᠢ᠃ ︽ᠮᠦᠸᠧᠯᠦ᠋ᠨ ᠠᠪᠠᠭ᠎ᠠ ᠡ᠂ ᠡᠨᠡ ᠬᠠᠭᠠᠰ ᠵᠢᠯ ᠳᠤ ᠪᠢ ᠤᠯᠠᠨ ᠠᠪᠠᠭ᠎ᠠ ᠶᠢ ᠡᠷᠢᠯ᠎ᠠ᠂ ᠭᠡᠪᠡᠴᠤ ᠪᠦᠷ ᠮᠢᠨᠤ ᠦᠯᠢᠭᠡᠷ ᠢ ᠰᠤᠨᠤᠰᠤᠭᠰᠠᠨ ᠦᠭᠡᠢ᠂ ᠲᠡ ᠯᠠ ᠬᠠᠮᠤᠭ ᠲᠦᠷᠦᠭᠦᠤ ᠰᠤᠨᠤᠰᠴᠤ ᠪᠠᠶᠢᠨ᠎ᠠ ᠰᠢᠤ︾ ᠭᠡᠰᠡᠨ ᠢᠶᠠᠨ ᠬᠡᠤᠬᠡᠨ ᠬᠠᠷᠮᠠᠨ ᠠᠴᠠ ᠪᠠᠨ 15 ᠵᠢᠯ ᠤᠨ ᠡᠮᠦᠨᠡᠬᠢ ᠠᠪᠤ ᠶᠢᠨ ᠢᠶᠠᠨ ᠰᠡᠭᠦᠳᠡᠷ ᠢ ᠭᠠᠷᠭᠠᠵᠤ ᠦᠵᠡᠭᠦᠯᠪᠡ᠃ ᠠᠪᠤ ᠎ ᠨᠢ ᠨᠡᠬᠡᠷᠡᠨ ᠰᠦᠷᠯᠢᠭ ᠬᠠᠩᠬᠠᠭᠠᠷ ᠵᠠᠯᠠᠭᠤ ᠪᠠᠶᠢᠵᠠᠢ᠃ ᠭᠡᠬᠦ ᠳᠤ ᠬᠡᠤᠬᠡᠨ ᠤ ᠬᠡᠯᠡᠭᠰᠡᠨ ᠰᠢᠭ ᠨᠠᠳᠡ ᠲᠠᠢ ᠠᠪ ᠠᠳᠠᠯᠢᠬᠠᠨ ᠪᠢᠰᠢ ᠪᠠᠶᠢᠯ᠎ᠠ᠃        ᠱᠠᠯᠢ ᠶᠢᠨ ᠴᠢᠷᠠᠢ ᠳᠤ ᠪᠠᠶᠠᠷ ᠪᠠᠶᠠᠰᠤᠯ ᠪᠢᠯᠬᠠᠵᠤ᠂ ᠬᠠᠷᠠᠴᠨ ᠠᠴᠠ ᠨᠢ ᠬᠢᠵᠠᠭᠠᠯᠠᠰᠢ ᠦᠭᠡᠢ ᠵᠢᠷᠭᠠᠯ ᠤᠨ ᠤᠴᠢ ᠪᠠᠳᠠᠷᠠᠵᠤ ᠪᠠᠶᠢᠯ᠎ᠠ᠃ ᠨᠠᠳᠠ ᠳᠤ ᠪᠢᠴᠢᠬᠠᠨ ᠬᠡᠤᠬᠡᠨ ᠤ ᠡᠨᠡ ᠮᠡᠳᠦ ᠶᠢᠨ ᠴᠠᠭᠠᠪᠤᠷ ᠴᠠᠶᠢᠯᠭᠠᠨ ᠱᠠᠭᠠᠷᠳᠠᠯᠭ᠎ᠠ ᠎ ᠶᠢ ᠲᠡᠪᠴᠢᠬᠦ ᠶᠢᠨ ᠰᠢᠯᠳᠠᠭᠠᠨ ᠤᠭᠳᠤᠬᠠᠨ ᠴᠤ ᠪᠠᠶᠢᠭᠰᠠᠨ ᠦᠭᠡᠢ᠃        ᠨᠠᠷᠠ ᠲᠤᠯᠠᠶᠢᠭᠰᠠᠨ ᠨᠢᠭᠡ ᠦᠳᠡ ᠶᠢᠨ ᠬᠤᠶᠢᠨ᠎ᠠ ᠪᠢ ᠪᠢᠴᠢᠬᠠᠨ ᠬᠡᠤᠬᠡᠨ ᠢ ᠲᠡᠷᠭᠡᠨ ᠳᠡᠭᠡᠨ ᠰᠠᠭᠤᠯᠭᠠᠵᠤ ᠂ ︽ᠨᠠᠨᠺᠢ ᠮᠡᠳᠡᠷᠡᠯ ᠤᠨ ᠡᠪᠳᠴᠢᠨ ᠤ ᠬᠤᠷᠢᠶ᠎ᠠ︾ ᠵᠦᠭ ᠴᠢᠭᠯᠡᠯ᠎ᠠ᠃ ᠱᠠᠯᠢ ᠶᠢᠨ ᠡᠵᠢ ᠨᠢ ᠶᠠᠭ ᠤᠨᠳᠠᠵᠤ ᠪᠠᠶᠢᠪᠠ᠃ ᠲᠤᠷᠠᠰᠤᠨ ᠰᠠᠨᠠᠬᠤ ᠶᠢᠨ ᠵᠤᠪᠠᠯᠠᠩ ᠪᠠ ᠡᠪᠡᠳᠴᠢᠨ ᠡᠮᠬᠡᠭ ᠲᠤ ᠤᠷᠢᠶᠠᠭᠳᠠᠭᠰᠠᠨ ᠡᠨᠡ ᠡᠮᠡᠭᠳᠡᠢ ᠬᠡᠳᠦ᠋ᠢᠪᠡᠷ ᠬᠦᠮᠦᠨ ᠤ ᠲᠦᠷᠢ ᠪᠠᠨ ᠠᠯᠳᠠᠭᠰᠠᠨ ᠪᠤᠯᠪᠠᠴᠤ᠂ ᠪᠢᠴᠢᠬᠠᠨ ᠬᠡᠤᠬᠡᠨ ᠤ ᠬᠠᠷᠠᠭᠠᠯᠵᠠᠯ ᠢᠶᠠᠷ ᠰᠠᠭᠤᠵᠤ ᠪᠠᠷᠢᠭᠰᠠᠨ ᠪᠦᠬᠦᠨ ᠨᠢ ᠲᠦᠢᠯ ᠤᠨ ᠠᠷᠢᠭᠤᠨ ᠴᠡᠪᠡᠷ ᠪᠠᠶᠢᠯ᠎ᠠ᠃        ᠱᠠᠯᠢ ᠶᠢᠨ ᠡᠵᠢ ᠨᠢ ᠰᠡᠷᠢᠯ᠎ᠠ᠃ ᠲᠡᠷᠡ ᠭᠡᠨᠡᠳᠳᠡ ᠮᠢᠨᠤ ᠦᠭᠡᠳᠡ ᠠᠴᠠ ᠨᠦᠷᠢᠨ ᠢᠷᠡᠵᠤ ᠡᠭᠡᠭ ᠲᠠᠭᠤ ᠲᠠᠯᠪᠢᠨ ᠤᠬᠢᠯᠠᠨ᠎ᠠ᠃ ᠲᠠᠷᠡ ᠦᠨᠡᠭᠡᠷ ᠨᠠᠮ᠎ᠠ ᠶᠢ ᠤᠯᠠᠨ ᠵᠢᠯ ᠬᠦᠯᠢᠶᠡᠵᠤ ᠤᠳᠠᠭᠰᠠᠨ ᠨᠦᠬᠦᠷ ᠨᠢ ᠪᠤᠴᠠᠭᠠᠳ ᠢᠷᠡᠴᠢᠬᠡᠵᠠᠢ ᠭᠡᠵᠤ ᠪᠤᠳᠤᠭᠰᠠᠨ ᠪᠠᠶᠢᠵᠠᠢ᠃ ᠪᠢ ᠬᠠᠵᠠᠭᠤ ᠳᠤ ᠰᠡᠳᠬᠢᠯ ᠲᠤᠭᠳᠤᠯᠤᠨ ᠵᠤᠭᠰᠤᠬᠤ ᠱᠠᠯᠢ ᠶᠢ ᠬᠠᠷᠠᠭᠠᠳ ᠠᠮᠢ ᠨᠠᠰᠤ ᠮᠢᠨᠢ ᠬᠢᠵᠠᠭᠠᠯᠠᠰᠢ ᠦᠭᠡᠢ ᠤᠳᠬ᠎ᠠ ᠠᠭᠤᠯᠭ᠎ᠠ ᠲᠠᠢ ᠪᠤᠯᠵᠤ ᠰᠠᠨᠠᠭᠳᠠᠯ᠎ᠠ᠃        ᠭᠡᠬᠦ ᠳᠤ ᠱᠠᠯᠢ ᠡᠳᠡᠭᠡᠷ ᠪᠠᠶᠢᠳᠠᠯ ᠢ ᠬᠠᠷᠠᠭᠠᠳ ᠦᠯᠦ ᠢᠳᠡᠭᠡᠭᠰᠡᠨ ᠰᠢᠭ ᠪᠤᠯᠵᠤ ᠰᠡᠮᠡᠬᠡᠷ ᠭᠠᠷ ᠤᠨ ᠠᠷᠤ ᠎ ᠪᠠᠨ ᠱᠦᠷᠭᠦᠭᠡᠨ ᠵᠤᠭᠰᠤᠬᠤ ᠪᠤᠯᠪᠠᠴᠤ ᠨᠢᠳᠤᠨ ᠳᠤᠨᠢ ᠬᠠᠨᠤᠮᠵᠢᠳᠠᠢ ᠪᠠᠶᠢᠳᠠᠯ ᠢᠯᠡᠷᠡᠵᠤ ᠪᠠᠶᠢᠯ᠎ᠠ᠃ ᠪᠢ ᠱᠠᠯᠢ ᠶᠢᠨ ᠵᠦᠭ ︽ᠶᠠᠭᠤᠨ ᠳᠤ ᠠᠪᠤ ᠭᠡᠵᠤ ᠲᠠᠭᠤᠳᠠᠬᠤ ᠦᠭᠡᠢ ᠪᠤᠢ︖︾ ᠭᠡᠬᠦ ᠪᠠᠷ ᠱᠠᠯᠢ ᠬᠡᠰᠡᠭ ᠲᠦᠳᠡᠭᠡᠯᠵᠡᠭᠰᠡᠨ ᠢᠶᠠᠨ ᠬᠠᠵᠠᠭᠤ ᠳᠤ ᠢᠷᠡᠵᠤ ᠨᠠᠮ᠎ᠠ ᠶᠢ ᠨᠠᠭᠠᠯᠳᠤᠵᠤ ᠵᠤᠭᠰᠤᠭᠠᠳ ︽ᠠᠪᠤ ᠡ︾ ᠭᠡᠵᠤ ᠠᠶᠠᠷᠬᠠᠨ ᠲᠠᠭᠤᠳᠠᠯ᠎ᠠ ᠁        ᠨᠢᠭᠡ ᠴᠠᠭ ᠤᠨ ᠲᠠᠷᠠᠭ᠎ᠠ ᠪᠢ ᠱᠠᠯᠢ ᠪᠤᠯᠤᠨ ᠡᠵᠢ ᠶᠢ ᠨᠢ ᠲᠠᠭᠠᠭᠤᠯᠵᠤ ᠠᠰᠠᠷ ᠠᠴᠠ ᠪᠠᠭᠤᠪᠠ᠂ ᠱᠠᠯᠢ ᠎ ᠶᠢᠨ ᠡᠵᠢ ᠰᠢᠪ ᠰᠢᠨᠡᠭᠡᠨ ᠤᠷᠤᠯᠳᠤᠭᠠᠨ ᠤ ᠲᠠᠷᠭᠡ ᠶᠢ ᠬᠤᠯᠠ ᠠᠴᠠ ᠬᠠᠷᠠᠭᠰᠠᠨ ᠢᠶᠠᠨ ᠮᠢᠨᠤ ᠭᠠᠷ ᠢ ᠴᠢᠩᠭ᠎ᠠ ᠠᠳᠬᠤᠵᠤ᠄ ︽ᠬᠠᠶᠢᠷᠠᠳᠤ ᠮᠢᠨᠢ᠂ ᠪᠢ ᠴᠢᠨᠤ ᠡᠷᠬᠢᠵᠤ ᠢᠷᠡᠬᠦ ᠶᠢ ᠴᠢᠨᠢ ᠮᠡᠳᠡᠵᠤ ᠪᠠᠶᠢᠭᠰᠠᠨ ᠶᠤᠮ᠂ ᠪᠢ ᠴᠢᠨᠤ ᠢᠷᠡᠬᠦ ᠶᠢ ᠴᠢᠨᠢ ᠬᠦᠯᠢᠶᠡᠭᠡᠳ ᠲᠡᠶᠢᠯᠴᠢᠬᠡᠭᠰᠡᠨ ᠰᠢᠤ︾ ᠭᠡᠪᠡ᠃ ︽ᠲᠡᠶᠢᠮᠤ ᠡ᠂ ᠪᠢ ᠪᠤᠴᠠᠭᠠᠳ ᠢᠷᠡᠴᠢᠬᠡᠵᠡᠢ᠂ ᠲᠡᠭᠡᠬᠦ ᠳᠡᠭᠡᠨ ᠮᠦᠨ ᠠᠮᠠᠯᠠᠭᠰᠠᠨ ᠰᠢᠭ᠋ ᠢᠶᠠᠨ ᠲᠤᠮᠤ ᠮᠠᠯᠵᠢᠯ ᠤᠨ ᠲᠠᠯᠠᠪᠠᠢ ᠲᠠᠢ ᠴᠤ ᠪᠤᠯᠴᠢᠬᠠᠯ᠎ᠠ︾ ᠲᠡᠷᠡ ᠤᠷᠤᠢ ᠎ ᠨᠢ ᠪᠢ ᠱᠠᠯᠢ ᠪᠠ ᠲᠡᠭᠦᠨ ᠤ ᠡᠵᠢ ᠶᠢ ᠨᠢ ᠦᠪᠡᠷ ᠤᠨ ᠮᠠᠯᠵᠢᠯ ᠤᠨ ᠲᠠᠯᠠᠪᠠᠢ ᠪᠠᠷ ᠢᠶᠠᠨ ᠲᠤᠭᠤᠷᠢᠭᠤᠯᠤᠯ᠎ᠠ᠃ ᠡᠨᠡ ᠦᠶ᠎ᠠ ᠳᠤ ᠪᠢ ᠭᠡᠨᠡᠳᠳᠡ ᠬᠠᠶᠢᠷ᠎ᠠ ᠰᠡᠳᠬᠢᠯᠭᠡ ᠲᠠᠢ ᠦᠨᠡᠨ ᠵᠢᠷᠤᠮ ᠲᠠᠢ ᠡᠷᠡᠭᠳᠡᠢ ᠬᠦᠮᠦᠨ ᠪᠤᠯᠬᠤ ᠭᠡᠭᠴᠢ ᠬᠡᠴᠦᠨᠡᠨ ᠵᠢᠷᠭᠠᠯ ᠲᠠᠢ ᠪᠠᠶᠢᠳᠠᠭ ᠭᠡᠳᠡᠭ ᠢ ᠤᠬᠠᠮᠰᠠᠷᠠᠨ ᠮᠡᠳᠡᠯ᠎ᠠ᠃ ᠤᠷᠤᠢ ᠶᠢᠨ 10 ᠴᠠᠭ ᠤᠨ ᠦᠶ᠎ᠠ ᠪᠠᠷ ᠪᠢ ᠡᠵᠢ ᠬᠡᠤᠬᠡᠨ ᠬᠤᠶᠠᠷ ᠢ ᠡᠮᠨᠡᠯᠭᠡ ᠶᠢᠨ ᠬᠤᠷᠢᠶ᠎ᠠ ᠳᠤᠨᠢ ᠬᠦᠷᠭᠡᠭᠡᠳ ᠡᠵᠢ ᠶᠢ ᠨᠢ ᠤᠨᠳᠠᠭᠰᠠᠨ ᠤ ᠰᠡᠭᠦᠯᠡᠷ ᠰᠠᠶᠢ ᠭᠠᠷᠴᠤ ᠢᠷᠡᠪᠡ᠃ ᠪᠢᠴᠢᠬᠠᠨ ᠱᠠᠯᠢ ᠡᠮᠨᠡᠯᠭᠡ ᠶᠢᠨ ᠡᠭᠦᠳᠡᠨ ᠳᠤ ᠲᠠᠭᠠᠵᠤ ᠭᠠᠷᠴᠤ ᠢᠷᠡᠭᠰᠡᠨ ᠢᠶᠠᠨ᠄ ︽ᠮᠦᠸᠧᠯᠦ᠋ᠨ ᠠᠪᠠᠭ᠎ᠠ ᠡ᠂ ᠲᠠᠨ ᠳᠤ ᠦᠨᠡᠭᠡᠷ ᠲᠠᠯᠠᠷᠬᠠᠵᠤ ᠪᠠᠶᠢᠨ᠎ᠠ︾ ᠭᠡᠪᠡ᠃ ᠭᠡᠬᠦ ᠳᠤ 42 ᠨᠠᠰᠤᠳᠠᠢ ᠡᠷ᠎ᠡ ᠪᠤᠰᠤᠭ᠎ᠠ ᠬᠦᠮᠦᠨ ᠠᠯᠢ ᠬᠡᠳᠦ᠋ᠢᠨ ᠲᠡᠭᠦᠨ ᠤ ᠲᠦᠯᠦᠭᠡ ᠰᠡᠳᠬᠢᠯ ᠲᠤᠭᠳᠤᠯᠵᠤ ᠪᠠᠶᠢᠭ᠎ᠠ ᠶᠢ ᠪᠢᠴᠢᠬᠠᠨ ᠱᠠᠯᠢ ᠬᠡᠷᠬᠢᠨ ᠮᠡᠳᠡᠬᠦ ᠪᠢᠯᠡ  ⁈         ᠲᠠᠷᠠᠭ᠎ᠠ ᠡᠳᠦᠷ ᠨᠢ ᠪᠢ ᠮᠡᠳᠡᠷᠡᠯ ᠤᠨ ᠡᠪᠡᠳᠴᠢᠳᠡᠨ ᠤ ᠡᠮᠨᠡᠯᠭᠡ ᠶᠢᠨ ᠬᠤᠷᠢᠶ᠎ᠠ ᠳᠤ ᠲᠠᠬᠢᠨ ᠬᠦᠷᠬᠦ ᠳᠤ ᠱᠠᠯᠢ ᠬᠦᠯ ᠭᠠᠵᠠᠷ ᠬᠦᠷᠬᠦ ᠦᠭᠡᠢ ᠪᠠᠶᠠᠷᠯᠠᠵᠤ ᠪᠠᠶᠢᠪᠠ᠃ ᠪᠢ ᠮᠦᠷᠦ ᠶᠢ ᠨᠢ ᠲᠠᠪᠰᠢᠵᠤ᠄ ︽ᠪᠢ ᠲᠤᠷᠠᠳᠠᠶ᠎ᠠ ᠴᠢᠨᠤ ᠠᠪᠤ ᠴᠢᠨᠢ ᠪᠤᠯᠵᠤ ᠴᠢᠮ᠎ᠠ ᠲᠠᠢ ᠬᠠᠮᠳᠤ ᠡᠵᠢ ᠶᠢ ᠴᠢᠨᠢ ᠬᠠᠷᠠᠭᠠᠯᠵᠠᠬᠤ ᠶᠤᠮ︾ ᠭᠡᠪᠡ᠃         ᠬᠠᠭᠠᠰ ᠰᠠᠷ᠎ᠠ ᠶᠢᠨ ᠲᠠᠷᠠᠭ᠎ᠠ᠂ ᠱᠠᠯᠢ ᠶᠢᠨ ᠡᠵᠢ ᠨᠢᠭᠤᠷ ᠲᠦᠬᠦᠷᠡᠩ ᠢᠨᠢᠶᠡᠮᠰᠦᠭᠯᠡᠭᠰᠡᠭᠡᠷ ᠶᠢᠷᠳᠢᠨᠴᠤ ᠎ ᠠᠴᠠ ᠰᠠᠯᠤᠨ ᠤᠳᠴᠠᠢ᠃ ᠡᠵᠢ ᠶᠢ ᠨᠢ ᠤᠷᠤᠰᠢᠭᠤᠯᠤᠭᠰᠠᠨ ᠤ ᠲᠠᠷᠠᠭ᠎ᠠ ᠪᠢ ᠭᠠᠷ ᠢᠶᠠᠨ ᠲᠡᠯᠭᠡᠨ ᠱᠠᠯᠢ ᠶᠢᠨ ᠵᠦᠭ ᠄ ︽ᠬᠡᠤᠭᠡᠨ ᠮᠢᠨᠢ᠂ ᠡᠨᠡ ᠮᠦᠴᠡ ᠳᠤ ᠪᠢ ᠴᠢᠨᠤ ᠶᠠᠭᠤ ᠭᠡᠵᠤ ᠲᠠᠭᠤᠳᠠᠬᠤ ᠶᠢ ᠬᠦᠰᠡᠵᠤ ᠪᠠᠶᠢᠬᠤ ᠶᠢ ᠮᠡᠳᠡᠨ᠎ᠠ ᠤᠤ︖︾ ᠭᠡᠬᠦ ᠪᠠᠷ ᠱᠠᠯᠢ ᠨᠢᠳᠤ ᠪᠠᠨ ᠠᠨᠢᠪᠴᠢᠭᠰᠠᠨ ᠢᠶᠠᠨ ᠮᠦᠨ ᠯᠡ ᠤᠢᠢᠯᠠᠭᠠᠵᠤ ᠶᠠᠳᠠᠨ ᠪᠠᠶᠢᠪᠠ᠃ ᠪᠢ ᠲᠠᠬᠢᠨ ᠦᠪᠡᠷ ᠤᠨ ᠡᠪᠴᠢᠭᠦᠦ ᠪᠠᠨ ᠵᠢᠭᠠᠬᠤ ᠳᠤ ᠱᠠᠯᠢ ᠬᠡᠨᠡᠳᠳᠡ ᠮᠢᠨᠤ ᠦᠭᠡᠳᠡ ᠭᠦᠶᠦᠨ ᠢᠷᠡᠭᠡᠳ ᠡᠪᠴᠢᠭᠦᠨ ᠳᠤ ᠲᠤᠯᠤᠭᠠᠢ ᠪᠠᠨ ᠨᠠᠯᠠᠭᠰᠠᠨ ᠢᠶᠠᠨ ︽ᠠᠪᠤ ᠡ︾ ᠭᠡᠵᠤ ᠠᠶᠠᠷᠬᠠᠨ ᠲᠠᠭᠤᠳᠠᠯ᠎ᠠ᠃                         ( ᠵᠣᠬᠢᠶᠠᠭᠴᠢ᠄  ᠲᠢᠶᠠᠨ ᠢᠤᠢ )
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号