ᠨᠢᠭᠡ᠂ ᠡᠵᠡᠨ᠎ᠠ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ 3000 ᠲᠥᠮᠡᠨ ᠲᠥᠬᠦᠷᠢᠭ ᠠᠴᠠ | ᠲᠤᠷᠤᠭᠰᠢᠬᠢ ᠨᠢᠬᠡᠳᠤᠬᠡᠷ ᠰᠢᠬᠦᠯᠳᠠ ᠶᠢᠨ ᠢᠷᠬᠡᠨ ᠤ ᠬᠡᠷᠡᠭ ᠢ ᠬᠥᠯᠢᠶᠠᠨ ᠰᠢᠢᠳᠪᠦᠷᠢᠯᠡᠨ᠎ᠡ᠃ | ᠬᠤᠶᠠᠷ᠂ ᠠᠳᠠᠯᠢ ᠱᠠᠳᠤᠨ ᠤ ᠠᠷᠠᠳ ᠤᠨ ᠰᠢᠬᠦᠬᠦ ᠬᠤᠷᠢᠶᠠᠨ ᠤ ᠬᠤᠭᠤᠷᠤᠨᠳᠤᠬᠢ ᠨᠢᠬᠡᠳᠤᠬᠡᠷ ᠰᠢᠬᠦᠯᠳᠠ | ᠶᠢᠨ ᠢᠷᠬᠡᠨ ᠤ ᠪᠠ ᠬᠤᠳᠠᠯᠳᠤᠭᠠᠨ ᠤ ᠶᠠᠪᠤᠳᠠᠯ ᠤᠨ ᠬᠡᠷᠡᠭ ᠢ ᠬᠦᠯᠢᠶᠡᠨ ᠰᠢᠢᠳᠪᠦᠷᠢᠯᠡᠬᠦ ᠬᠠᠷᠢᠶᠠᠯᠠᠯᠳᠠ ᠶᠢᠨ ᠠᠵᠢᠯ | ᠤᠨ ᠬᠤᠪᠢᠶᠠᠷᠢᠯᠡᠯ᠄ | ᠠᠷᠠᠳ ᠢᠷᠬᠡᠨ ᠤ ᠵᠠᠭᠠᠯᠳᠤᠭᠰᠡᠨ ᠢᠷᠬᠡᠨ ᠤ ᠵᠠᠷᠭᠤ ᠨᠢ ᠵᠠᠭᠠᠯᠳᠤᠭᠳᠠᠭᠴᠢ ᠶᠢᠨ ᠰᠠᠭᠤᠭ᠎ᠠ ᠭᠠᠵᠡᠷ ᠤᠨ | ᠠᠷᠠᠳ ᠤᠨ ᠰᠢᠬᠦᠬᠦ ᠬᠤᠷᠢᠶᠠᠨ ᠳᠤ ᠬᠠᠷᠢᠶᠠᠯᠠᠠᠭᠳᠠᠨᠠ︔ ᠵᠠᠭᠠᠯᠳᠤᠭᠳᠠᠭᠴᠢ ᠶᠢᠨ ᠰᠠᠭᠤᠭ᠎ᠠ ᠭᠠᠵᠠᠷ ᠪᠠ ᠪᠠᠶᠢᠩᠭᠤ | ᠨᠤᠳᠤᠭᠰᠢᠬᠤ ᠭᠠᠵᠡᠷ ᠨᠢ ᠨᠢᠬᠡ ᠪᠢᠰᠢ ᠪᠣᠯ ᠵᠡᠷᠭᠤ ᠨᠢ ᠪᠠᠶᠢᠩᠭᠤ ᠨᠤᠳᠤᠭᠰᠢᠬᠤ ᠭᠠᠵᠡᠷ ᠤᠨ ᠠᠷᠠᠳ ᠤᠨ ᠰᠢᠬᠦᠬᠦ | ᠬᠤᠷᠢᠶᠠᠨ ᠳᠤ ᠬᠠᠷᠢᠶᠠᠯᠠᠠᠭᠳᠠᠨᠠ᠃ ᠠᠷᠠᠳ ᠢᠷᠬᠡᠨ ᠤ ᠰᠠᠭᠤᠭ᠎ᠠ ᠭᠠᠵᠠᠷ ᠬᠡᠳᠡᠭ ᠨᠢ ᠠᠷᠠᠳ ᠢᠷᠬᠡᠨ ᠤ ᠡᠷᠤᠬᠡ | ᠠᠮᠡ ᠶᠢᠨ ᠲᠠᠩᠰᠡ ᠶᠢᠨ ᠪᠠᠶᠢᠭ᠎ᠠ ᠭᠠᠵᠡᠷ ᠢ ᠵᠢᠭᠠᠨ᠎ᠠ︔ ᠠᠷᠠᠳ ᠢᠷᠬᠡᠨ ᠤ ᠪᠠᠶᠢᠩᠭᠤ ᠨᠤᠳᠤᠭᠰᠢᠬᠤ ᠭᠠᠵᠡᠷ ᠬᠡᠳᠡᠭ | ᠨᠢ ᠠᠷᠠᠳ ᠢᠷᠬᠡᠨ ᠰᠠᠭᠤᠭ᠎ᠠ ᠭᠠᠵᠡᠷ ᠠᠴᠠ ᠪᠠᠨ ᠰᠠᠯᠵᠤ ᠵᠠᠷᠭᠤ ᠬᠢᠬᠦ ᠪᠤᠯᠳᠠᠯ᠎ᠠ ᠵᠠᠯᠭᠠᠭ᠎ᠠ ᠪᠠᠷ ᠨᠢᠬᠡ ᠵᠢᠯ ᠠᠴᠠ | ᠲᠡᠬᠡᠭᠰᠢ ᠬᠤᠭᠤᠴᠠᠭ᠎ᠠ ᠲᠠᠢ ᠰᠠᠭᠤᠭᠰᠡᠨ ᠭᠠᠵᠡᠷ ᠢ ᠵᠢᠭᠠᠨ᠎ᠠ᠂ ᠭᠡᠬᠦ ᠳᠡᠭᠡᠨ ᠠᠷᠠᠳ ᠢᠷᠬᠡᠨ ᠤ ᠡᠮᠨᠡᠯᠬᠡ ᠳᠤ | ᠰᠠᠭᠤᠵᠤ ᠡᠪᠡᠳᠴᠢᠨ ᠦᠵᠡᠭᠦᠯᠬᠦ ᠭᠠᠵᠡᠷ ᠢ ᠪᠠᠭᠳᠠᠭᠠᠬᠤ ᠦᠭᠡᠢ᠃ | ᠬᠠᠤᠯᠢ ᠶᠢᠨ ᠡᠷᠬᠡᠳᠠᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠶᠢ ᠵᠠᠭᠠᠯᠳᠣᠭᠰᠡᠨ ᠢᠷᠬᠡᠨ ᠤ ᠵᠠᠷᠭᠤ | ᠨᠢ ᠵᠠᠭᠠᠯᠳᠤᠭᠳᠠᠭᠴᠢ ᠶᠢᠨ ᠰᠠᠭᠤᠭ᠎ᠠ ᠭᠠᠵᠡᠷ ᠤᠨ ᠠᠷᠠᠳ ᠤᠨ ᠰᠢᠬᠦᠬᠦ ᠬᠤᠷᠢᠶᠠᠨ ᠳᠤ ᠬᠠᠷᠢᠶᠠᠯᠠᠭᠳᠠᠨ᠎ᠠ᠃ ᠬᠠᠤᠯᠢ | ᠶᠢᠨ ᠡᠷᠬᠡᠳᠠᠨ ᠤ ᠰᠠᠭᠤᠭ᠎ᠠ ᠭᠠᠵᠡᠷ ᠬᠡᠳᠡᠭ ᠨᠢ ᠬᠠᠤᠯᠢ ᠶᠢᠨ ᠡᠷᠬᠡᠳᠠᠨ ᠤ ᠭᠤᠤᠯ ᠡᠵᠡᠩᠨᠡᠯᠳᠠ ᠶᠢᠨ ᠭᠠᠵᠡᠷ ᠪᠤᠶᠤ | ᠭᠤᠤᠯ ᠬᠡᠷᠡᠭ ᠡᠷᠬᠢᠯᠡᠬᠦ ᠪᠠᠶᠢᠭᠤᠯᠭ᠎ᠠ ᠶᠢᠨ ᠪᠠᠶᠢᠭ᠎ᠠ ᠭᠠᠵᠡᠷ᠃ | ᠬᠡᠷ᠎ᠡ ᠶᠢᠨ ᠵᠢᠭᠤᠷᠠᠯᠳᠤᠭᠠᠨ ᠠᠴᠠ ᠪᠣᠯᠦᠭ᠌ᠰᠠᠨ ᠵᠠᠷᠭᠤ ᠨᠢ ᠵᠠᠭᠠᠯᠳᠤᠭᠳᠠᠭᠴᠢ ᠶᠢᠨ ᠰᠠᠭᠤᠭ᠎ᠠ ᠭᠠᠵᠡᠷ ᠪᠤᠶᠤ | ᠬᠡᠷ᠎ᠠ ᠪᠡᠶᠡᠯᠡᠬᠦᠯᠬᠦ ᠭᠠᠵᠡᠷ ᠤᠨ ᠠᠷᠠᠳ ᠤᠨ ᠰᠢᠬᠦᠬᠦ ᠬᠤᠷᠢᠶᠠᠨ ᠳᠤ ᠬᠠᠷᠢᠶᠠᠯᠠᠭᠳᠠᠨ᠎ᠠ᠃ ᠲᠣᠭᠲᠠᠭᠰᠠᠨ ᠨᠥᠬᠦᠴᠡᠯ | ᠲᠤᠤᠷ᠎ᠠ᠂ ᠬᠡᠷ᠎ᠠ ᠶᠢᠨ ᠬᠤᠶᠡᠷ ᠡᠳᠡᠬᠡᠳ ᠵᠠᠭᠠᠯᠳᠤᠭᠳᠠᠭᠴᠢ ᠶᠢᠨ ᠰᠠᠭᠤᠭ᠎ᠠ ᠭᠠᠵᠡᠷ᠂ ᠬᠡᠷ᠎ᠠ ᠪᠡᠶᠠᠯᠡᠬᠦᠯᠬᠦ ᠭᠠᠵᠡᠷ᠂ | ᠬᠡᠷ᠎ᠠ ᠲᠤᠭᠳᠠᠭᠰᠡᠨ ᠭᠠᠵᠡᠷ᠂ ᠵᠠᠭᠠᠯᠳᠤᠭᠴᠢ ᠶᠢᠨ ᠰᠠᠭᠤᠭ᠎ᠠ ᠭᠠᠵᠡᠷ ᠪᠤᠶᠤ ᠬᠠᠷᠠᠯᠳᠠ ᠡᠳ᠋ ᠤᠨ ᠪᠠᠶᠢᠬᠤ ᠭᠠᠵᠡᠷ ᠤᠨ | ᠠᠷᠠᠳ ᠤᠨ ᠰᠢᠬᠦᠬᠦ ᠬᠤᠷᠢᠶᠠᠨ ᠤ ᠬᠠᠷᠢᠶᠠᠯᠠᠯᠳᠠ ᠶᠢ ᠰᠤᠩᠭᠤᠬᠤ ᠪᠠᠨ ᠬᠡᠷ᠎ᠠ ᠪᠢᠴᠢᠭ ᠳᠡᠭᠡᠨ ᠤᠷᠢᠳᠴᠢᠯᠠᠨ | ᠵᠥᠪᠳᠡᠨ ᠲᠣᠬᠢᠷᠠᠵᠤ ᠪᠤᠯᠤᠨ᠎ᠠ᠃ | ᠡᠷᠬᠡᠨ ᠳᠤ ᠬᠠᠯᠳᠠᠭᠰᠠᠨ ᠤᠶᠢᠯᠡ ᠠᠵᠢᠯᠯᠠᠭ᠎ᠠ ᠠᠴᠠ ᠪᠣᠯᠦᠭ᠌ᠰᠠᠨ ᠵᠠᠷᠭᠤ ᠨᠢ ᠡᠷᠬᠡᠨ ᠳᠤ ᠬᠠᠯᠳᠠᠭᠰᠠᠨ | ᠤᠶᠢᠯᠡ ᠠᠵᠢᠯᠯᠠᠭ᠎ᠠ ᠶᠠᠪᠤᠭᠤᠯᠤᠭᠰᠠᠨ ᠭᠠᠵᠡᠷ ᠪᠤᠶᠤ ᠵᠠᠭᠠᠯᠳᠤᠭᠳᠠᠭᠴᠢ ᠶᠢᠨ ᠰᠠᠭᠤᠭ᠎ᠠ ᠭᠠᠵᠡᠷ ᠤᠨ ᠠᠷᠠᠳ ᠤᠨ | ᠰᠢᠬᠦᠬᠦ ᠬᠤᠷᠢᠶᠠᠨ ᠳᠤ ᠬᠠᠷᠢᠶᠠᠯᠠᠭᠳᠠᠨ᠎ᠠ᠃ ᠡᠷᠬᠡᠨ ᠳᠤ ᠬᠠᠯᠳᠠᠭᠰᠠᠨ ᠦᠢᠯᠡ ᠠᠵᠢᠯᠯᠠᠭ᠎ᠠ ᠶᠠᠪᠤᠭᠤᠯᠤᠭᠰᠠᠨ ᠭᠠᠵᠡᠷ | ᠲᠤ ᠡᠷᠬᠡᠨ ᠳᠤ ᠬᠠᠯᠳᠠᠭᠰᠠᠨ ᠦᠢᠯᠡ ᠠᠵᠢᠯᠯᠠᠭ᠎ᠠ ᠭᠠᠷᠤᠭᠰᠠᠨ ᠭᠠᠵᠡᠷ᠂ ᠡᠷᠬᠡᠨ ᠳᠤ ᠬᠠᠯᠳᠠᠭᠰᠡᠨ ᠦᠢᠯᠡ | ᠠᠵᠢᠯᠯᠠᠭ᠎ᠠ ᠶᠢᠨ ᠥᠷ᠎ᠠ ᠳ᠋ᠥᠩ ᠭᠠᠷᠤᠭᠰᠡᠨ ᠭᠠᠵᠡᠷ ᠪᠠᠭᠳᠠᠨ᠎ᠠ᠃ | ᠥᠯᠤ ᠬᠥᠳᠡᠯᠬᠦ ᠬᠥᠷᠤᠩᠬᠡ ᠶᠢᠨ ᠵᠢᠭᠤᠷᠠᠯᠳᠤᠭᠠᠨ ᠠᠴᠠ ᠪᠣᠯᠦᠭ᠌ᠰᠠᠨ ᠵᠠᠷᠭᠤ ᠨᠢ ᠥᠯᠤ ᠬᠥᠳᠡᠯᠬᠦ | ᠬᠥᠷᠤᠩᠬᠡ ᠶᠢᠨ ᠪᠠᠶᠢᠭ᠎ᠠ ᠭᠠᠵᠡᠷ ᠤᠨ ᠠᠷᠠᠳ ᠤᠨ ᠰᠢᠬᠦᠬᠦ ᠬᠤᠷᠢᠶᠠᠨ ᠳᠤ ᠬᠠᠷᠢᠶᠠᠯᠠᠭᠳᠠᠨ᠎ᠠ︔ ᠥᠪ ᠬᠥᠷᠤᠩᠬᠡ | ᠵᠠᠯᠭᠠᠮᠵᠢᠯᠠᠬᠤ ᠲᠤᠬᠠᠢ ᠵᠠᠭᠠᠯᠳᠤᠭᠰᠡᠨ ᠵᠠᠷᠭᠤ ᠨᠢ ᠵᠠᠯᠭᠠᠮᠵᠢᠯᠠᠭᠳᠠᠭᠴᠢ ᠥᠬᠦᠬᠦ ᠥᠶ᠎ᠠ ᠶᠢᠨ ᠰᠠᠭᠤᠭ᠎ᠠ ᠭᠠᠵᠡᠷ ᠪᠤᠶᠤ | ᠭᠤᠤᠯ ᠥᠪ ᠬᠥᠷᠤᠩᠬᠡ ᠶᠢᠨ ᠪᠠᠶᠢᠭ᠎ᠠ ᠭᠠᠵᠡᠷ ᠤᠨ ᠠᠷᠠᠳ ᠤᠨ ᠰᠢᠬᠦᠬᠦ ᠬᠤᠷᠢᠶᠠᠨ ᠳᠤ ᠬᠠᠷᠢᠶᠠᠯᠠᠭᠳᠠᠨ᠎ᠠ᠃ | ᠬᠥᠳᠡᠯᠮᠤᠷᠢ ᠶᠢᠨ ᠮᠡᠷᠭᠤᠯᠳᠤᠭᠠᠨ ᠠᠴᠠ ᠪᠣᠯᠦᠭ᠌ᠰᠠᠨ ᠵᠠᠷᠭᠤ ᠨᠢ ᠬᠥᠮᠤᠨ ᠬᠡᠷᠡᠭᠯᠡᠭᠰᠡᠨ ᠪᠠᠶᠢᠭᠤᠯᠭ᠎ᠠ ᠶᠢᠨ | ᠪᠠᠶᠢᠭ᠎ᠠ ᠭᠠᠵᠡᠷ ᠪᠤᠶᠤ ᠬᠥᠳᠠᠯᠮᠤᠷᠢ ᠶᠢᠨ ᠬᠡᠷ᠎ᠡ ᠪᠡᠶᠡᠯᠡᠬᠦᠯᠬᠦ ᠭᠠᠵᠡᠷ ᠤᠨ ᠥᠨᠳᠤᠰᠤᠨ ᠱᠠᠳᠣᠨ ᠤ ᠠᠷᠠᠳ ᠤᠨ | ᠰᠢᠬᠦᠬᠦ ᠬᠤᠷᠢᠶᠠᠨ ᠳᠤ ᠬᠠᠷᠢᠶᠠᠯᠠᠭᠳᠠᠨ᠎ᠠ︔ ᠬᠥᠳᠠᠯᠮᠤᠷᠢ ᠶᠢᠨ ᠬᠡᠷ᠎ᠡ ᠪᠡᠶᠡᠯᠡᠬᠦᠯᠬᠦ ᠭᠠᠵᠡᠷ ᠨᠢ ᠲᠤᠳᠤᠷᠬᠠᠢ ᠦᠭᠡᠢ | ᠪᠣᠯ ᠬᠥᠮᠤᠨ ᠬᠡᠷᠡᠭᠯᠡᠭᠰᠡᠨ ᠪᠠᠶᠢᠭᠤᠯᠭ᠎ᠠ ᠶᠢᠨ ᠪᠠᠶᠢᠭ᠎ᠠ ᠭᠠᠵᠡᠷ ᠤᠨ ᠥᠨᠳᠤᠰᠤᠨ ᠱᠠᠳᠣᠨ ᠤ ᠠᠷᠠᠳ ᠤᠨ ᠰᠢᠬᠦᠬᠦ | ᠬᠤᠷᠢᠶᠠᠨ ᠳᠤ ᠬᠠᠷᠢᠶᠠᠯᠠᠭᠳᠠᠨ᠎ᠠ᠃ | ᠬᠤᠶᠡᠷ ᠠᠴᠠ ᠢᠯᠡᠭᠦᠦ ᠠᠷᠠᠳ ᠤᠨ ᠰᠢᠬᠦᠬᠦ ᠬᠤᠷᠢᠶ᠎ᠠ ᠴᠦᠮ ᠬᠠᠷᠢᠶᠠᠯᠠᠯᠲᠠ ᠶᠢᠨ ᠡᠷᠬᠡ ᠲᠠᠢ ᠵᠠᠷᠭᠤ ᠶᠢ | ᠵᠠᠭᠠᠯᠳᠤᠭᠴᠢ ᠲᠡᠬᠦᠨ ᠤ ᠲᠤᠳᠤᠷᠡᠬᠢ ᠨᠢᠭᠡᠨ ᠠᠷᠠᠳ ᠤᠨ ᠰᠢᠬᠦᠬᠦ ᠬᠤᠷᠢᠶ᠎ᠠ ᠳᠤ ᠵᠠᠭᠠᠯᠳᠤᠵᠤ ᠪᠤᠯᠤᠨ᠎ᠠ︔ | ᠵᠠᠭᠠᠯᠳᠤᠭᠴᠢ ᠬᠠᠷᠢᠶᠠᠯᠠᠯᠲᠠ ᠶᠢᠨ ᠡᠷᠬᠡ ᠲᠠᠢ ᠬᠤᠶᠡᠷ ᠠᠴᠠ ᠢᠯᠡᠭᠦᠦ ᠠᠷᠠᠳ ᠤᠨ ᠰᠢᠬᠦᠬᠦ ᠬᠤᠷᠢᠶᠠᠨ ᠳᠤ ᠪᠦᠷ | ᠵᠠᠭᠠᠯᠳᠤᠭᠰᠡᠨ ᠪᠠᠶᠢᠪᠡᠯ ᠤᠷᠢᠳᠠᠪᠡᠷ ᠬᠡᠷᠡᠭ ᠲᠠᠩᠰᠠᠯᠠᠭᠰᠡᠨ ᠠᠷᠠᠳ ᠤᠨ ᠰᠢᠬᠦᠬᠦ ᠬᠤᠷᠢᠶᠠᠨ ᠳᠤ ᠬᠠᠷᠢᠶᠠᠯᠠᠭᠳᠠᠨ᠎ᠠ᠃ |