ᠳᠠᠪᠣᠨ ᠰᠠᠷ᠎ᠠ ᠶᠢᠨ ᠰᠡᠭᠦᠯᠴᠢ ᠪᠠᠷ᠂ ᠰᠤᠷᠪᠤᠯᠵᠢᠯᠠᠬᠴᠢ ᠡᠵᠡᠨ᠎ᠠ ᠬᠤᠰᠢᠭᠤᠨ ᠤ ᠪᠠᠶᠠᠨᠳᠤᠤᠷᠠᠢ ᠰᠤᠮᠤᠨ ᠤ | ᠵᠢᠷᠭᠠᠯᠠᠩᠳᠦ ᠭᠠᠴᠠᠭᠠᠨ ᠳᠤ ᠬᠦᠷᠬᠦ ᠳᠤ᠂ ᠲᠤᠤᠷᠠᠢ ᠶᠢᠨ ᠤᠢ ᠶᠢᠨ ᠲᠤᠮᠳᠠ ᠵᠦᠷᠢᠯᠵᠡᠭᠰᠡᠨ ᠮᠤᠳᠤᠨ ᠵᠠᠮ ᠪᠠ | ᠮᠤᠩᠭᠤᠯ ᠬᠡᠷ ᠤᠳ ᠬᠠᠷᠠᠭᠠᠨ ᠳᠤ ᠲᠤᠳᠤᠷᠠᠨ ᠰᠡᠳᠬᠢᠯ ᠢ ᠪᠠᠶᠠᠰᠬᠠᠨ᠎ᠠ᠃ ᠵᠢᠷᠭᠠᠯᠠᠩᠳᠦ ᠭᠠᠴᠠᠭ᠎ᠠ ᠡᠵᠡᠨ᠎ᠠ | ᠬᠤᠰᠢᠭᠤᠨ ᠤ ᠲᠤᠤᠷᠠᠢ ᠶᠢᠨ ᠤᠢ ᠶᠢᠨ ᠤᠷᠤᠨ ᠳᠤ ᠪᠠᠶᠢᠷᠢᠯᠠᠵᠤ ᠪᠠᠶᠢᠳᠠᠬ᠃ ᠤᠢᠢᠷ᠎ᠠ ᠶᠢᠨ ᠵᠢᠯ ᠠᠴᠠ᠂ ᠲᠤᠰ | ᠭᠠᠴᠠᠭ᠎ᠠ ︽ᠬᠦᠬᠡᠮᠳᠦᠭ ᠨᠤᠭᠤᠭᠠᠨ ᠠᠭᠤᠯᠠ ᠤᠰᠤ ᠪᠤᠯ ᠲᠠᠷᠤᠢ ᠠᠯᠳᠠ ᠮᠦᠡᠭᠬᠦᠨ ᠠᠭᠤᠯᠠ ᠮᠦᠨ︾ ᠬᠡᠰᠡᠨ | ᠬᠦᠭᠵᠢᠯᠳᠡ ᠶᠢᠨ ᠣᠨᠣᠯᠵᠢᠬᠤᠨ ᠢ ᠪᠠᠷᠢᠮᠳᠠᠯᠠᠵᠤ᠂ ᠮᠠᠯᠴᠢᠨ ᠲᠠᠷᠢᠶᠠᠴᠢᠨ ᠵᠠᠰᠠᠭ ᠤᠨ ᠤᠷᠳᠤᠨ ᠤ ᠲᠠᠷᠢᠶᠠᠯᠠᠬᠤ ᠶᠢ | ᠵᠤᠬᠰᠤᠭᠠᠬᠤ ᠮᠠᠯᠵᠢᠬᠤ ᠶᠢ ᠵᠤᠬᠰᠤᠭᠠᠬᠤ ᠲᠦᠷᠦ ᠶᠢᠨ ᠪᠤᠳᠤᠯᠭ᠎ᠠ ᠶᠢᠨ ᠤᠷᠢᠶᠠᠯᠠᠭ᠎ᠠ ᠶᠢ ᠲᠠᠭᠠᠵᠤ᠂ ᠲᠤᠤᠷᠠᠢ ᠶᠢᠨ | ᠤᠢ ᠶᠢᠨ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠬᠤ ᠪᠠ ᠰᠡᠷᠬᠦᠬᠡᠬᠦ ᠳᠤ ᠢᠳᠡᠪᠬᠢᠳᠡᠢ ᠤᠷᠤᠯᠴᠠᠨ᠂ | ᠭᠠᠴᠠᠭᠠᠨ ᠤ ᠪᠠᠨ ᠲᠤᠷᠭᠤᠳ ᠰᠤᠶᠤᠯ ᠤᠨ ᠡᠬᠢ ᠪᠠᠶᠠᠯᠢᠭ ᠲᠠᠭᠠᠨ ᠲᠦᠰᠢᠭᠯᠡᠵᠤ᠂ ︽ᠠᠮᠢ ᠠᠬᠤᠢ + ᠰᠤᠶᠤᠯ | ᠵᠢᠭᠤᠯᠴᠢᠯᠠᠯ︾ ᠬᠦᠭᠵᠢᠯᠳᠡ ᠶᠢᠨ ᠬᠡᠯᠪᠡᠷᠢ ᠶᠢ ᠰᠦᠪᠡᠭᠴᠢᠯᠠᠨ᠂ ᠬᠤᠪᠢ ᠶᠢᠨ ᠮᠠᠰᠢᠨ ᠲᠡᠷᠬᠡ ᠬᠡᠷ ᠲᠡᠷᠬᠡ ᠶᠢᠨ | ᠬᠤᠨᠤᠬᠯᠠᠨ ᠪᠠᠭᠤᠳᠠᠯᠯᠠᠬᠤ ᠭᠠᠵᠠᠷ᠂ ᠤᠨᠴᠠᠯᠢᠬᠳᠤ ᠭᠤᠤᠯ ᠰᠡᠳᠤᠪᠳᠤ ᠦᠷᠦᠬᠡ᠂ ᠠᠷᠠᠳ ᠤᠨ ᠪᠠᠭᠤᠴᠠ᠂ | ᠠᠷᠠᠳ ᠤᠨ ᠵᠠᠩ ᠠᠷᠠᠨᠰᠢᠨ ᠵᠢᠭᠤᠯᠴᠢᠯᠠᠯ᠂ ᠰᠡᠯᠡᠬᠦᠴᠡᠯ ᠲᠠᠷᠢᠶᠠᠯᠠᠩ ᠵᠡᠷᠭᠡ ᠵᠢᠭᠤᠯᠴᠢᠯᠠᠯ ᠤᠨ ᠲᠦᠷᠦᠯ ᠵᠦᠢᠯ | ᠭᠠᠷᠭᠠᠵᠤ᠂ ᠠᠮᠢ ᠠᠬᠤᠢ᠂ ᠰᠤᠶᠤᠯ ᠤᠨ ᠲᠠᠪᠠᠭᠤᠯᠢᠭ ᠢᠶᠠᠨ ᠠᠵᠤ ᠠᠬᠤᠢ ᠶᠢᠨ ᠲᠠᠪᠠᠭᠤᠯᠢᠭ ᠪᠤᠯᠭᠠᠨ᠂ | ᠭᠠᠴᠠᠭᠠᠨ ᠤ ᠡᠷᠦᠬᠡ ᠪᠦᠷᠢ ᠶᠢ ᠵᠢᠭᠤᠯᠴᠢᠯᠠᠯ ᠤᠨ ᠦᠢᠯᠡᠰ ᠤᠨ ᠲᠤᠮᠳᠠ ᠠᠴᠠ ᠠᠰᠢᠭ ᠬᠦᠷᠳᠡᠬᠦ ᠪᠤᠯᠭᠠᠬᠰᠠᠨ | ᠪᠠᠶᠢᠨ᠎ᠠ᠃ ᠨᠢᠳᠦᠨᠦᠨ᠂ ᠭᠠᠴᠠᠭ᠎ᠠ ᠨᠢ ᠨᠠᠶᠢᠳᠠ 3500 ᠭᠠᠷᠤᠢ ᠬᠦᠮᠦᠨ ︵ᠤᠳᠠᠭ᠎ᠠ︶ ᠢ ᠬᠦᠯᠢᠶᠠᠨ ᠠᠪᠴᠤ | ᠵᠤᠴᠢᠯᠠᠨ᠂ 52.5 ᠲᠦᠮᠡᠨ ᠲᠦᠬᠦᠷᠢᠭ ᠤᠨ ᠵᠢᠭᠤᠯᠴᠢᠯᠠᠯ ᠤᠨ ᠤᠷᠤᠯᠭ᠎ᠠ ᠤᠯᠵᠤ᠂ ᠬᠠᠮᠳᠤ ᠨᠠᠶᠢᠳᠠ ᠶᠢᠨ ᠠᠵᠤ | ᠠᠬᠤᠢ ᠶᠢᠨ ᠤᠷᠤᠯᠭ᠎ᠠ 133 ᠲᠦᠮᠡᠨ ᠲᠦᠬᠦᠷᠢᠭ ᠲᠤ ᠬᠦᠷᠴᠤ᠂ ᠵᠢᠭᠤᠯᠴᠢᠯᠠᠯ ᠤᠨ ᠠᠵᠤ ᠦᠢᠯᠡᠰ ᠨᠢ ᠬᠠᠮᠳᠤ | ᠨᠠᠶᠢᠳᠠ ᠶᠢᠨ ᠠᠵᠤ ᠠᠬᠤᠢ ᠶᠢᠨ ᠨᠡᠮᠡᠭᠳᠡᠯ ᠤᠨ ᠭᠤᠤᠯ ᠲᠤᠯᠭᠠᠭᠤᠷᠢᠯᠠᠯ ᠪᠤᠯᠵᠠᠢ᠃ | ᠰᠤᠷᠪᠤᠯᠵᠢᠯᠠᠬᠴᠢ ᠭᠠᠴᠠᠭᠠᠨ ᠤ ᠲᠠᠷᠢᠶᠠᠴᠢᠨ ᠵᠠᠩ ᠰᠢᠩ ᠬᠤᠨᠭ᠌ ᠤᠨ ᠳᠤ ᠬᠦᠷᠬᠦ ᠳᠤ᠂ ᠲᠠᠷᠠ ᠶᠠᠭ | ᠬᠠᠰᠢᠶᠠᠨ ᠳᠠᠭᠠᠨ ᠢᠳᠡᠰᠢᠨ ᠨᠤᠭᠤᠭ᠎ᠠ ᠪᠠᠨ ᠠᠷᠠᠴᠢᠯᠠᠨ ᠶᠠᠭᠠᠷᠠᠵᠤ ᠪᠠᠶᠢᠯ᠎ᠠ᠃ ︽ᠦᠡᠭᠬᠡᠷᠡᠭᠰᠡᠨ ᠳᠤ᠂ ᠮᠠᠨ ᠤ ᠬᠡᠷ | ᠭᠠᠴᠠᠭᠠᠨ ᠤ ᠰᠠᠭᠤᠭ᠎ᠠ ᠭᠠᠵᠠᠷ ᠠᠴᠠ ᠨᠠᠯᠢᠶᠠᠳ ᠬᠤᠯᠠ ᠪᠠᠶᠢᠬᠰᠠᠨ᠃ ᠤᠷᠵᠢᠨᠤᠨ᠂ ᠭᠠᠴᠠᠭᠠᠨ ᠠᠴᠠ ᠲᠠᠷᠠᠬᠠᠢ | ᠪᠤᠳᠠᠷᠬᠠᠢ ᠰᠠᠭᠤᠷᠢᠰᠢᠵᠤ ᠪᠠᠶᠢᠭ᠎ᠠ ᠮᠠᠯᠴᠢᠨ ᠲᠠᠷᠢᠶᠠᠴᠢᠨ ᠳᠤ ᠨᠢᠬᠡᠳᠦᠯᠳᠡᠢ ᠪᠠᠷ ᠰᠢᠨ᠎ᠠ ᠪᠠᠶᠢᠰᠢᠩ ᠪᠠᠷᠢᠵᠤ ᠦᠭᠴᠠᠢ᠂ | ᠭᠠᠵᠠᠷ ᠵᠦᠢ ᠶᠢᠨ ᠪᠠᠶᠢᠷᠢᠰᠢᠯ ᠰᠠᠶᠢᠨ ᠪᠦᠬᠡᠳ ᠵᠠᠮ ᠬᠠᠷᠢᠯᠴᠠᠭ᠎ᠠ ᠲᠤᠩ ᠲᠦᠬᠦᠮ᠃ ᠨᠢᠳᠦᠨᠦᠨ ᠪᠢ ᠰᠢᠨ᠎ᠠ | ᠰᠠᠭᠤᠷᠢᠰᠢᠯ ᠲᠡᠬᠡᠷ᠎ᠠ ᠪᠠᠨ ᠠᠷᠠᠳ ᠤᠨ ᠪᠠᠭᠤᠴᠠ ᠭᠠᠷᠭᠠᠨ᠂ ᠵᠦᠪᠬᠡᠨ ᠲᠤᠤᠷᠠᠢ ᠶᠢᠨ ᠨᠠᠶᠢᠷ ᠤᠨ ᠬᠤᠭᠤᠴᠠᠭᠠᠨ ᠳᠤ | 200 ᠭᠠᠷᠤᠢ ᠵᠤᠭᠠᠴᠠᠬᠴᠢ ᠶᠢ ᠬᠦᠯᠢᠶᠠᠨ ᠠᠪᠴᠤ᠂ 8000 ᠭᠠᠷᠤᠢ ᠲᠦᠬᠦᠷᠢᠭ ᠤᠨ ᠤᠷᠤᠯᠭ᠎ᠠ ᠤᠯᠵᠠᠢ︾ | ᠬᠡᠵᠤ ᠶᠠᠷᠢᠨ᠎ᠠ᠃ ︽ᠵᠠᠰᠠᠭ ᠤᠨ ᠤᠷᠳᠤᠨ ᠤ ᠤᠷᠢᠶᠠᠯᠠᠭ᠎ᠠ ᠪᠠᠷ᠂ ᠮᠠᠨ ᠤ ᠭᠠᠴᠠᠭᠠᠨ ᠤ 88 ᠮᠠᠯᠴᠢᠨ ᠡᠷᠦᠬᠡ | ᠪᠦᠬᠦᠨ ᠢᠶᠠᠷ ᠢᠶᠠᠨ ᠮᠠᠯᠵᠢᠬᠤ ᠶᠢ ᠵᠤᠬᠰᠤᠭᠠᠵᠤ ᠪᠡᠯᠴᠢᠬᠡᠷ ᠰᠡᠷᠬᠦᠬᠡᠬᠦ ᠳᠤ ᠤᠷᠤᠯᠴᠠᠵᠠᠢ᠃ ᠪᠢᠳᠠ ᠦᠵᠡᠰᠬᠦᠯᠡᠩᠳᠦ | ᠰᠠᠶᠢᠬᠠᠨ ᠬᠦᠳᠡᠭᠡ ᠲᠤᠰᠬᠤᠨ ᠢ ᠪᠦᠳᠦᠬᠡᠨ ᠪᠠᠶᠢᠭᠤᠯᠬᠤ ᠪᠠᠷ ᠲᠠᠮᠵᠢᠨ ᠭᠠᠴᠠᠭ᠎ᠠ ᠪᠠᠨ ᠨᠢᠬᠡᠳᠦᠯᠳᠡᠢ | ᠲᠦᠯᠦᠪᠵᠢᠬᠦᠯᠦᠨ᠂ ᠲᠠᠷᠠᠬᠠᠢ ᠪᠤᠳᠠᠷᠬᠠᠢ ᠡᠷᠦᠬᠡ ᠶᠢ ᠲᠦᠪᠯᠡᠷᠡᠬᠦᠯᠤᠨ᠂ ᠮᠠᠯᠴᠢᠨ ᠲᠠᠷᠢᠶᠠᠴᠢᠨ ᠤ ᠤᠷᠤᠨ | ᠰᠠᠭᠤᠴᠠ ᠶᠢᠨ ᠨᠦᠬᠦᠴᠡᠯ ᠢ ᠰᠠᠶᠢᠵᠢᠷᠠᠭᠤᠯᠤᠬᠰᠠᠨ ᠢᠶᠠᠷ ᠪᠠᠷᠠᠬᠤ ᠦᠬᠡᠢ᠂ ᠲᠤᠤᠷᠠᠢ ᠶᠢᠨ ᠤᠢ ᠶᠢ ᠨᠡᠩ ᠰᠠᠶᠢᠨ ᠢᠶᠠᠷ | ᠬᠠᠮᠠᠭᠠᠯᠠᠵᠤ ᠴᠢᠳᠠᠬᠤ ᠪᠤᠯᠵᠤ᠂ ᠮᠠᠯᠴᠢᠨ ᠲᠠᠷᠢᠶᠠᠴᠢᠨ ᠵᠢᠭᠤᠯᠴᠢᠯᠠᠯ ᠤᠨ ᠦᠢᠯᠡᠰ ᠡᠷᠬᠢᠯᠡᠨ ᠤᠷᠤᠯᠭ᠎ᠠ ᠪᠠᠨ | ᠨᠡᠮᠡᠭᠳᠡᠬᠦᠯᠵᠤ ᠪᠠᠶᠢᠨ᠎ᠠ︾ ᠭᠡᠵᠤ ᠵᠢᠷᠭᠠᠯᠠᠩᠳᠦ ᠭᠠᠴᠠᠭᠠᠨ ᠤ ᠲᠠᠷᠤᠭ᠎ᠠ ᠲᠦᠬᠦᠷ ᠰᠤᠷᠪᠤᠯᠵᠢᠯᠠᠬᠴᠢ ᠳᠤ | ᠲᠠᠨᠢᠯᠴᠠᠭᠤᠯᠤᠨ᠎ᠠ᠃ ᠵᠤᠭᠠᠴᠠᠬᠴᠢ ᠶᠢ ᠲᠠᠳᠠᠵᠤ ᠪᠠᠶᠢᠬᠤ ᠪᠠᠰᠠ ᠨᠢᠬᠡᠨ ᠤᠨᠴᠠᠯᠢᠭ ᠬᠡᠪᠡᠯ ᠭᠠᠴᠠᠭᠠᠨ ᠤ ᠰᠤᠶᠤᠯ ᠤᠨ | ᠡᠬᠢ ᠪᠠᠶᠠᠯᠢᠭ ᠪᠤᠯᠤᠨ᠎ᠠ᠃ ᠵᠢᠷᠭᠠᠯᠡᠩᠳᠦ ᠭᠠᠴᠠᠭ᠎ᠠ ᠪᠤᠯ ᠲᠤᠷᠭᠤᠳ ᠠᠶᠢᠮᠠᠭ ᠡᠭᠡ ᠤᠯᠤᠰ ᠲᠠᠭᠠᠨ ᠪᠤᠴᠠᠵᠤ | ᠢᠷᠡᠭᠰᠡᠨ ᠤ ᠲᠠᠷᠭᠠᠠᠬᠢ ᠬᠠᠭᠤᠴᠢᠨ ᠰᠠᠭᠤᠷᠢᠰᠢᠯ ᠪᠤᠯᠤᠨ᠎ᠠ᠃ ᠦᠨᠳᠦᠰᠦᠳᠡᠨ ᠤ ᠰᠤᠶᠤᠯ ᠢ ᠬᠠᠳᠠᠭᠠᠯᠠᠬᠤ ᠶᠢᠨ | ᠲᠦᠯᠦᠬᠡ᠂ ᠭᠠᠴᠠᠭᠠᠨ ᠠᠴᠠ ᠦᠨᠳᠦᠰᠦᠳᠡᠨ ᠤ ᠰᠤᠶᠤᠯ ᠢᠷᠭᠡᠨᠰᠢᠯ ᠤᠨ ᠮᠦᠽᠸᠢ ᠪᠠ ᠵᠡᠬᠦᠨᠰᠢ ᠪᠤᠴᠠᠬᠰᠠᠨ | ᠠᠷᠢᠭᠤᠨ ᠤᠷᠤᠨ — ᠲᠤᠷᠭᠤᠳ ᠤᠨ ᠰᠤᠶᠤᠯ ᠢᠷᠭᠡᠨᠰᠢᠯ ᠤᠨ ᠬᠦᠷᠢᠶᠠᠯᠠᠩ ᠢ ᠪᠠᠶᠢᠭᠤᠯᠵᠠᠢ᠃ ᠡᠨᠡᠬᠦ 14 | ᠮᠤᠩᠭᠤᠯ ᠬᠡᠷ ᠢᠶᠠᠷ ᠪᠦᠷᠢᠯᠳᠦᠭᠰᠡᠨ ᠮᠤᠩᠭᠤᠯ ᠬᠡᠷ ᠤᠨ ᠰᠦᠷᠦᠭ ᠤᠨ ᠭᠤᠤᠯ ᠳᠤᠨᠢ ᠪᠠᠶᠢᠷᠢᠯᠠᠭ᠎ᠠ ᠬᠠᠮᠤᠭ ᠲᠤᠮᠤ | ᠮᠤᠩᠭᠤᠯ ᠬᠡᠷ ᠢ ᠪᠤᠯ ︽ᠵᠠᠩᠵᠤᠨ ᠤ ᠮᠤᠩᠭᠤᠯ ᠬᠡᠷ︾ ᠬᠡᠵᠤ᠂ ᠪᠤᠰᠤᠳ 13 ᠮᠤᠩᠭᠤᠯ ᠬᠡᠷ ᠨᠢ ︽ᠵᠠᠩᠵᠤᠨ ᠤ | ᠮᠤᠩᠭᠤᠯ ᠬᠡᠷ︾ ᠢᠶᠠᠨ ᠲᠤᠭᠤᠢᠢᠯᠠᠨ ᠪᠠᠶᠢᠷᠢᠰᠢᠵᠤ᠂ ᠲᠤᠷᠭᠤᠳ ᠤᠨ 13 ᠲᠥᠷᠤᠯ ᠤᠬᠰᠠᠭ᠎ᠠ ᠶᠢ ᠲᠦᠯᠦᠬᠡᠯᠡᠵᠤ | ᠪᠠᠶᠢᠨ᠎ᠠ ᠬᠡᠵᠤ ᠲᠦᠬᠦᠷ ᠲᠠᠨᠢᠯᠴᠠᠭᠤᠯᠤᠨ᠎ᠠ᠃ ᠲᠤᠰ ᠭᠠᠴᠠᠭ᠎ᠠ ᠰᠤᠶᠤᠯ ᠪᠠ ᠵᠢᠭᠤᠯᠴᠢᠯᠠᠯ ᠢ ᠠᠭᠤᠰᠤᠯᠴᠠᠭᠤᠯᠤᠨ | ᠬᠦᠭᠵᠢᠬᠦᠯᠬᠦ ᠶᠢ ᠠᠩᠬᠠᠷᠴᠤ᠂ ᠵᠤᠭᠠᠴᠠᠬᠴᠢ ᠭᠤᠶᠤ ᠰᠠᠶᠢᠬᠠᠨ ᠦᠵᠡᠮᠵᠢ ᠰᠤᠨᠢᠷᠬᠠᠬᠤ ᠶᠢᠨ ᠬᠠᠮᠳᠤ ᠪᠠᠰᠠ | ᠲᠤᠷᠭᠤᠳ ᠰᠤᠶᠤᠯ ᠢ ᠤᠢᠢᠯᠠᠭᠠᠵᠤ ᠪᠤᠯᠤᠨ᠎ᠠ᠃ ᠦᠨᠦ ᠵᠢᠯ᠂ ᠭᠠᠴᠠᠭᠠᠨ ᠠᠴᠠ ᠪᠠᠰᠠ ᠵᠤᠭᠠᠴᠠᠬᠰᠠᠳ ᠲᠤ | ᠦᠢᠯᠡᠴᠢᠯᠡᠬᠦ ᠲᠦᠪ᠂ ᠨᠡᠬᠦᠳᠡᠯᠴᠢᠨ ᠠᠶᠢᠮᠠᠭ ᠤᠨ ᠠᠮᠢᠳᠤᠷᠠᠯ ᠢ ᠪᠠᠶᠠᠴᠢᠯᠠᠨ ᠤᠢᠢᠯᠠᠭᠠᠬᠤ ᠤᠷᠤᠨ ᠵᠡᠷᠭᠡ ᠰᠠᠭᠤᠷᠢ | ᠲᠦᠬᠦᠬᠡᠷᠦᠮᠵᠢ ᠶᠢ ᠰᠢᠨ᠎ᠠ ᠪᠠᠷ ᠪᠠᠶᠢᠭᠤᠯᠬᠤ ᠪᠠᠷ ᠪᠠᠶᠢᠵᠤ᠂ ᠦᠨᠳᠦᠷ ᠪᠠᠷᠢᠮᠵᠢᠶ᠎ᠠ ᠪᠠᠷ ᠲᠤᠷᠭᠤᠳ ᠤᠨ ᠰᠤᠶᠤᠯ | ᠢᠷᠭᠡᠨᠰᠢᠯ ᠤᠨ ᠬᠦᠷᠢᠶᠠᠯᠠᠩ ᠢ ᠪᠠᠶᠢᠭᠤᠯᠤᠨ᠂ ᠠᠮᠢ ᠠᠬᠤᠢ ᠪᠠ ᠰᠤᠶᠤᠯ ᠤᠨ ᠲᠠᠪᠠᠭᠤᠯᠢᠭ ᠢᠶᠠᠷ ᠢᠶᠠᠨ ᠨᠡᠩ ᠤᠯᠠᠨ | ᠵᠤᠭᠠᠴᠠᠬᠴᠢ ᠶᠢ ᠲᠠᠳᠠᠨ᠂ ᠮᠠᠯᠴᠢᠨ ᠲᠠᠷᠢᠶᠠᠴᠢᠨ ᠤ ᠵᠢᠭᠤᠯᠴᠢᠯᠠᠯ ᠤᠨ ᠦᠢᠯᠡᠰ ᠢ ᠬᠦᠭᠵᠢᠬᠦᠯᠬᠦ ᠪᠠᠷ ᠲᠠᠮᠵᠢᠨ ᠨᠡᠩ | ᠪᠠᠶᠠᠨ ᠴᠢᠨᠡᠬᠡᠯᠢᠭ ᠪᠤᠯᠬᠤ ᠶᠢ ᠪᠠᠳᠤᠯᠠᠵᠤ ᠪᠠᠶᠢᠨ᠎ᠠ᠃ |