1. ᠵᠤᠬᠢᠰᠬᠤ ᠶᠢ ᠳᠦᠷᠭᠡᠨ ᠵᠤᠭᠰᠤᠭᠠᠬᠤ ᠠᠷᠭ᠎ᠠ | ᠵᠤᠬᠢᠰᠬᠤ ᠦᠶᠡᠰ ᠤᠰᠤ ᠤᠤᠭᠤᠪᠠᠯ ᠰᠠᠶᠢᠨ᠂ ᠤᠤᠭᠤᠬᠤ ᠳᠠᠭᠠᠨ ᠠᠮᠠᠨ ᠳᠤᠳᠤᠷᠠᠬᠢ ᠤᠰᠤ ᠪᠠᠨ ᠭᠡᠳᠤ | ᠬᠤᠪᠢᠶᠠᠵᠤ ᠵᠠᠯᠬᠢᠪᠡᠯ ᠵᠤᠬᠢᠰᠬᠤ ᠶᠢ ᠵᠤᠭᠰᠤᠭᠠᠴᠢᠬᠠᠨᠠ᠂ ᠭᠡᠷᠪᠡ ᠭᠡᠷᠡᠭ ᠲᠤ ᠬᠦᠷᠬᠦ ᠦᠭᠡᠢ ᠪᠤᠯ ᠳᠡᠭᠡᠷᠡᠬᠢ | ᠶᠤᠰᠤᠭᠠᠷ ᠳᠠᠬᠢᠨ ᠨᠢᠭᠡ ᠤᠳᠠᠭ᠎ᠠ ᠬᠢᠪᠡᠯ ᠳᠠᠷᠤᠢ ᠳᠤᠤᠷ᠎ᠠ ᠨᠢ ᠵᠤᠭᠰᠤᠴᠢᠬᠠᠨᠠ᠃ | 2. ᠬᠦᠵᠤᠭᠦᠦ ᠡᠪᠡᠳᠬᠦ ᠶᠢ ᠨᠠᠮᠳᠠᠭᠠᠬᠤ ᠠᠷᠭ᠎ᠠ ︵落枕︶ | ᠳᠡᠷᠡ ᠪᠠᠨ ᠡᠪ ᠦᠭᠡᠢ ᠳᠡᠷᠡᠯᠡᠵᠦ ᠬᠦᠵᠦᠭᠦᠦ ᠬᠦᠰᠢᠵᠤ ᠡᠪᠡᠳᠪᠡᠯ ᠤᠷᠢᠳᠠᠪᠠᠷ ᠤᠷᠤᠨ ᠳᠡᠭᠡᠷ᠎ᠡ ᠪᠠᠨ | ᠳᠡᠭᠡᠭᠰᠢ ᠪᠠᠨ ᠬᠠᠷᠠᠵᠤ ᠭᠡᠪᠳᠡᠡ᠂ ᠬᠦᠵᠦᠭᠦᠨ ᠤ ᠪᠤᠯᠴᠢᠩ ᠢᠶᠠᠨ ᠰᠤᠯᠠ ᠳᠠᠯᠪᠢᠨ᠂ ᠳᠠᠬᠢᠨ ᠬᠠᠯᠠᠭᠤᠨ | ᠠᠯᠴᠢᠭᠤᠷ ᠢᠶᠠᠷ ᠡᠪᠡᠳᠭᠦ ᠭᠠᠵᠠᠷ ᠲᠠᠭᠠᠨ ᠬᠠᠯᠠᠭᠠᠵᠤ ᠳᠠᠯᠪᠢᠨ᠎ᠠ᠂ ᠡᠳᠤᠷ ᠲᠤ ᠭᠡᠳᠤᠨ ᠤᠳᠠᠭ᠎ᠠ ᠬᠠᠯᠠᠭᠠᠪᠠᠯ ᠨᠡᠩ | ᠰᠠᠶᠢᠨ᠃ | 3. ᠨᠦᠢᠷ ᠬᠤᠯᠵᠢᠬᠤ ᠶᠢ ᠰᠡᠷᠭᠡᠶᠢᠯᠡᠬᠦ ᠠᠷᠭ᠎ᠠ | ᠼᠤ᠋ ᠲᠠᠢ ᠬᠠᠯᠠᠭᠤᠨ ᠤᠰᠤ ᠪᠠᠷ ᠬᠦᠯ ᠢᠶᠠᠨ ᠤᠬᠢᠶᠠᠨ᠎ᠠ᠂ ᠢᠡᠭᠬᠢᠬᠦ ᠳᠡᠭᠡᠨ ᠤᠨᠳᠠᠬᠤ ᠠᠴᠠ ᠪᠠᠨ ᠡᠮᠦᠨ᠎ᠡ | ᠴᠠᠢ᠂ ᠺᠤᠹᠧ ᠪᠠᠭ᠎ᠠ ᠤᠤᠭᠤᠵᠤ᠂ ᠳᠠᠷᠢᠬᠢ ᠪᠠᠭ᠎ᠠ ᠬᠡᠷᠡᠭᠯᠡᠵᠦ᠂ ᠦᠭᠡ ᠪᠠᠨ ᠪᠠᠭ᠎ᠠ ᠶᠠᠷᠢᠪᠠᠯ ᠵᠤᠬᠢᠨ᠎ᠠ᠃ | 4. ᠰᠢᠳᠤ ᠬᠠᠪᠢᠷᠬᠤ ᠶᠢ ᠵᠠᠰᠬᠠᠤ ᠠᠷᠭ᠎ᠠ | ᠡᠳᠤᠷ ᠪᠦᠷᠢ ᠤᠨᠳᠠᠬᠤ ᠠᠴᠠ ᠪᠠᠨ ᠡᠮᠦᠨ᠎ᠡ ᠵᠦᠷᠵᠢ ᠶᠢᠨ ᠬᠠᠯᠢᠰᠤ ᠶᠢ ᠲᠦᠭᠦᠭᠡᠢ ᠪᠠᠷ ᠨᠢ ᠢᠳᠡᠵᠦ᠂ | 2 ᠠᠴᠠ 3 ᠡᠳᠤᠷ ᠵᠠᠯᠭᠠᠪᠠᠷ ᠢᠳᠡᠪᠡᠯ ᠲᠤᠮᠤ ᠬᠦᠮᠤᠨ ᠪᠤᠶᠤ ᠭᠡᠦᠭᠡᠳ ᠤᠨ ᠰᠢᠳᠤ ᠬᠠᠪᠢᠷᠬᠤ ᠶᠢ ᠵᠠᠰᠠᠴᠢᠬᠠᠨ᠎ᠠ᠃ | 5. ᠭᠤᠰᠢᠭᠤᠨ ᠢ ᠳᠦᠷᠭᠡᠨ ᠨᠠᠮᠳᠠᠭᠠᠬᠤ ᠠᠷᠭ᠎ᠠ | ᠭᠤᠰᠢᠭᠤᠨ ᠢᠳᠡᠭᠡᠨ ᠢᠳᠡᠵᠦ ᠠᠮᠠ ᠬᠠᠯᠠᠭᠠᠳ ᠪᠤᠯᠬᠤ ᠦᠭᠡᠢ ᠪᠤᠯ ᠳᠠᠪᠤᠰᠤ ᠪᠠᠷ ᠠᠮᠠ ᠪᠠᠨ ᠵᠠᠶᠢᠯᠠᠪᠠᠯ | ᠭᠤᠰᠢᠭᠤᠨ ᠢ ᠳᠦᠷᠭᠡᠨ ᠨᠠᠮᠳᠠᠭᠠᠵᠤ ᠴᠢᠳᠠᠨ᠎ᠠ᠃ | 6. ᠴᠤᠬᠤᠶᠢᠳᠠᠭᠰᠠᠨ ᠦᠨᠳᠡᠭᠡ ᠶᠢ ᠭᠡᠷᠴᠢᠬᠦ ᠠᠷᠭ᠎ᠠ | ᠴᠤᠬᠤᠶᠢᠳᠠᠭᠰᠠᠨ ᠦᠨᠳᠡᠭᠡ ᠶᠢ ᠭᠡᠷᠴᠢᠬᠦ ᠳᠡᠭᠡᠨ ᠬᠢᠳᠤᠭ᠎ᠠ ᠪᠠᠨ ᠬᠠᠯᠠᠭᠤᠨ ᠤᠰᠤ ᠪᠠᠷ ᠬᠠᠯᠠᠭᠠᠪᠠᠯ | ᠭᠡᠷᠴᠢᠭᠳᠡᠭᠰᠡᠨ ᠭᠡᠰᠡᠭ ᠨᠢ ᠬᠢᠳᠤᠭᠠᠨ ᠳᠤ ᠨᠠᠭᠠᠯᠳᠤᠬᠤ ᠦᠭᠡᠢ᠂ ᠤᠳᠠᠰᠤ ᠪᠠᠷ ᠦᠨᠳᠡᠭᠡ ᠶᠢ ᠵᠦᠰᠦᠭᠦ ᠨᠢ ᠪᠠᠰᠠᠴᠤ | ᠨᠢᠭᠡᠨ ᠵᠦᠢᠳᠠᠢ ᠠᠷᠭ᠎ᠠ ᠪᠤᠯᠤᠨ᠎ᠠ᠃ | 7. ᠤᠮᠳᠠᠭᠠᠨ ᠤ ᠰᠤᠷᠤᠭᠤᠯ ᠭᠤᠤᠷᠰᠤ ᠶᠢ ᠳᠡᠮᠳᠠᠢ ᠬᠡᠷᠡᠭᠯᠡᠬᠦ ᠠᠷᠭ᠎ᠠ | ᠰᠤᠷᠤᠭᠤᠯ ᠭᠤᠤᠷᠰᠤ ᠶᠢᠨ ᠵᠦᠭᠡᠯᠡᠨ ᠠᠴᠠ ᠪᠤᠯᠵᠤ ᠤᠮᠳᠠᠭᠠᠨ ᠤ ᠰᠦᠯᠢᠶᠤᠤ ᠪᠦᠷᠭᠦᠪᠴᠢ ᠶᠢ ᠴᠤᠭᠤᠯᠵᠤ | ᠴᠢᠳᠠᠬᠤ ᠦᠭᠡᠢ ᠪᠤᠯ ᠰᠤᠷᠤᠭᠤᠯ ᠭᠤᠤᠷᠰᠤ ᠪᠠᠨ ᠳᠤᠮᠳᠠ ᠠᠴᠠ ᠨᠢ ᠨᠤᠭᠤᠯᠵᠤ᠂ ᠨᠤᠭᠤᠯᠤᠭᠰᠠᠨ ᠭᠡᠰᠡᠭ ᠢᠶᠠᠷ ᠨᠢ | ᠰᠦᠯᠢᠶᠤᠤ ᠶᠢ ᠴᠤᠭᠤᠯᠪᠠᠯ ᠠᠮᠠᠷᠬᠠᠨ ᠴᠤᠭᠤᠯᠴᠢᠬᠠᠨᠠ᠃ | 8. ᠪᠠᠨᠠᠨᠠ ᠶᠢᠨ ᠰᠤᠷᠭᠤᠭ ᠢ ᠬᠠᠳᠠᠭᠠᠯᠠᠬᠤ ᠠᠷᠭ᠎ᠠ | ᠪᠠᠨᠠᠨᠠ ᠶᠢᠨ ᠴᠦᠡᠭᠭᠦᠷᠦᠭ ᠢ ᠰᠦᠯᠢᠶᠤᠤ ᠪᠠᠷ ᠪᠤᠭᠤᠭᠠᠳ ᠳᠠᠯᠪᠢᠪᠠᠯ ᠰᠢᠨ᠎ᠡ ᠰᠤᠷᠭᠤᠭ ᠢ ᠨᠢ ᠬᠠᠳᠠᠭᠠᠯᠠᠵᠤ | ᠴᠢᠳᠠᠨ᠎ᠠ᠃ | 9. ᠦᠨᠳᠡᠭᠡ ᠴᠢᠨᠠᠬᠤ ᠳᠡᠮᠳᠠᠢ ᠠᠷᠭ᠎ᠠ | ᠦᠨᠳᠡᠭᠡ ᠪᠠᠨ ᠤᠷᠢᠳᠠᠪᠠᠷ ᠬᠦᠢᠳᠡᠨ ᠤᠰᠤᠨ ᠳᠤ ᠭᠡᠰᠡᠭ ᠳᠠᠯᠪᠢᠵᠤ ᠬᠠᠯᠠᠭᠤᠨ ᠤᠰᠤᠨ ᠳᠤ ᠬᠢᠵᠤ ᠴᠢᠨᠠᠪᠠᠯ | ᠬᠠᠯᠢᠰᠤ ᠨᠢ ᠬᠠᠭᠠᠷᠠᠬᠤ ᠦᠭᠡᠢ ᠮᠦᠷᠳᠡᠭᠡᠨ ᠠᠮᠠᠷᠬᠠᠨ ᠱᠠᠭᠠᠷᠠᠨ᠎ᠠ᠃ | 10. ᠳ᠋ᠧᠹᠦ᠋ ᠶᠢ ᠬᠦᠯᠳᠡᠭᠡᠭᠦᠷ ᠲᠤ ᠰᠤᠷᠭᠤᠭ ᠢᠶᠠᠷ ᠨᠢ ᠬᠠᠳᠠᠭᠠᠯᠠᠬᠤ ᠠᠷᠭ᠎ᠠ | ᠳ᠋ᠧᠹᠦ᠋ ᠶᠢ ᠰᠢᠭᠤᠳ ᠬᠦᠯᠳᠡᠭᠡᠭᠦᠷ ᠲᠤ ᠳᠠᠯᠪᠢᠪᠠᠯ ᠤᠰᠤ ᠨᠢ ᠠᠮᠠᠷᠬᠠᠨ ᠭᠠᠷᠬᠤ ᠮᠦᠷᠳᠡᠭᠡᠨ ᠠᠮᠳᠠ ᠨᠢ ᠴᠤ | ᠮᠠᠭᠤᠳᠠᠳᠠᠭ᠃ ᠭᠡᠷᠪᠡ ᠤᠰᠤᠨ ᠳᠤ ᠬᠢᠵᠤ ᠬᠦᠯᠳᠡᠭᠡᠭᠦᠷ ᠲᠤ ᠳᠠᠯᠪᠢᠪᠠᠯ ᠰᠤᠷᠭᠤᠭ ᠠᠮᠳᠠ ᠶᠢ ᠨᠢ ᠬᠠᠳᠠᠭᠠᠯᠠᠵᠤ | ᠴᠢᠳᠠᠨ᠎ᠠ᠃ | 11. ᠦᠵᠤᠮ ᠢᠳᠡᠬᠦ ᠤᠷᠠᠨ ᠳᠡᠮ | ᠦᠵᠤᠮ ᠤᠨ ᠬᠠᠯᠢᠰᠤ ᠶᠢ ᠠᠪᠬᠤ ᠳᠤ ᠤᠷᠢᠳᠠᠪᠠᠷ ᠬᠦᠯᠳᠡᠭᠡᠭᠦᠷ ᠲᠤ ᠳᠠᠯᠪᠢᠨ ᠳᠠᠬᠢᠨ ᠳᠠᠪᠤᠰᠤ ᠲᠠᠢ | ᠤᠰᠤ ᠪᠠᠷ ᠭᠡᠳᠤᠨ ᠮᠢᠨᠦ᠋ᠲ ᠳᠡᠪᠳᠤᠭᠡᠪᠡᠯ ᠬᠠᠯᠢᠰᠤ ᠨᠢ ᠠᠮᠠᠷᠬᠠᠨ ᠱᠠᠭᠠᠷᠠᠴᠢᠬᠠᠨᠠ᠃ | 12. ᠭᠡᠷᠴᠢᠭᠰᠡᠨ ᠵᠢᠮᠢᠰ ᠢ ᠢᠰᠤᠯᠳᠤᠬᠦ ᠠᠴᠠ ᠰᠡᠷᠭᠡᠶᠢᠯᠡᠬᠦ ᠠᠷᠭ᠎ᠠ | ᠵᠢᠮᠢᠰ ᠤᠨ ᠬᠠᠯᠢᠰᠤ ᠶᠢ ᠠᠪᠤᠭᠰᠠᠨ ᠤ ᠳᠠᠷᠠᠭ᠎ᠠ ᠠᠭᠠᠷ ᠤᠨ ᠳᠤᠮᠳᠠ ᠠᠮᠠᠷᠬᠠᠨ ᠢᠰᠤᠯᠳᠤᠵᠤ᠂ ᠦᠡᠭᠭᠡ ᠨᠢ | ᠬᠦᠷᠡᠩ ᠪᠤᠯᠳᠠᠭ᠃ ᠡᠭᠦᠨ ᠠᠴᠠ ᠰᠡᠷᠭᠡᠶᠢᠯᠡᠶ᠎ᠡ ᠭᠡᠪᠡᠯ ᠬᠠᠯᠢᠰᠤ ᠦᠭᠡᠢ ᠵᠢᠮᠢᠰ ᠢᠶᠠᠨ ᠬᠦᠷᠦᠭᠡᠭᠰᠡᠨ ᠪᠤᠴᠠᠯᠤᠭᠰᠠᠨ | ᠤᠰᠤᠨ ᠳᠤ ᠬᠢᠪᠡᠯ ᠵᠢᠮᠢᠰ ᠤᠨ ᠦᠡᠭᠭᠡ ᠨᠢ ᠬᠤᠪᠢᠷᠠᠬᠤ ᠦᠭᠡᠢ ᠮᠦᠷᠳᠡᠭᠡᠨ ᠰᠢᠨ᠎ᠡ ᠰᠤᠷᠭᠤᠭ ᠢᠶᠠᠷ ᠨᠢ | ᠪᠠᠶᠢᠯᠭᠠᠳᠠᠭ᠃ | 13. ᠭᠠᠷ ᠤᠳᠠᠰᠤᠨ ᠤ ᠲᠤᠨᠤᠭᠯᠠᠯ ᠤᠨ ᠤᠳᠠᠰᠤ ᠶᠢ ᠴᠡᠪᠡᠷᠯᠡᠬᠦ ᠠᠷᠭ᠎ᠠ ︵数据线︶ | ᠴᠠᠭᠠᠨ ᠦᠡᠭᠭᠡ ᠲᠠᠢ ᠭᠠᠷ ᠤᠳᠠᠰᠤᠨ ᠤ ᠲᠤᠨᠤᠭᠯᠠᠯ ᠤᠨ ᠤᠳᠠᠰᠤ ᠪᠠ ᠰᠤᠨᠤᠰᠤᠭᠤᠷ ᠤᠨ ᠤᠳᠠᠰᠤ ᠨᠢ | ᠠᠮᠠᠷᠬᠠᠨ ᠭᠬᠢᠷᠳᠦᠭᠳᠡᠬᠦ ᠪᠤᠯᠬᠤᠷ ᠠᠯᠴᠢᠭᠤᠷ ᠳᠡᠭᠡᠷ᠎ᠡ ᠪᠡᠶ᠎ᠡ ᠤᠬᠢᠶᠠᠬᠤ ᠰᠢᠩᠭᠡᠨ ᠢ ᠭᠡᠳᠤ ᠳᠤᠰᠤᠭᠠᠵᠤ ᠠᠷᠴᠢᠪᠠᠯ | ᠭᠬᠢᠷ ᠨᠢ ᠠᠮᠠᠷᠬᠠᠨ ᠭᠠᠷᠴᠢᠬᠠᠨ᠎ᠠ᠃ | 14. ᠪᠡᠶ᠎ᠡ ᠤᠬᠢᠶᠠᠬᠤ ᠳᠠᠰᠤᠯᠭ᠎ᠠ ᠶᠢᠨ ᠴᠠᠩᠳᠤᠭᠰᠠᠨ ᠳᠤᠯᠢ ᠶᠢ ᠠᠷᠴᠢᠬᠤ ᠠᠷᠭ᠎ᠠ | ᠤᠰᠤᠨ ᠠᠭᠤᠷ ᠪᠦᠷᠭᠦᠭᠰᠡᠨ ᠲᠤᠯᠢ ᠶᠢ ᠬᠠᠭᠤᠷᠠᠢ ᠨᠦᠢᠳᠠᠨ ᠠᠯᠴᠢᠭᠤᠷ ᠢᠶᠠᠷ ᠶᠠᠭᠠᠬᠢᠵᠤ ᠠᠷᠴᠢᠭᠰᠠᠨ ᠴᠤ | ᠲᠤᠩᠭᠠᠯᠠᠭ ᠪᠤᠯᠵᠤ ᠴᠢᠳᠠᠬᠤ ᠦᠭᠡᠢ᠂ ᠲᠡ ᠭᠡᠷᠪᠡ ᠳᠤᠯᠢᠨ ᠳᠡᠭᠡᠷ᠎ᠡ ᠰᠠᠪᠤᠡᠭ ᠳᠦᠷᠬᠢᠵᠤ ᠠᠯᠴᠢᠭᠤᠷ ᠢᠶᠠᠷ | ᠠᠷᠴᠢᠪᠠᠯ ᠭᠡᠭᠡᠨ ᠳᠤᠩᠭᠠᠯᠠᠭ ᠪᠤᠯᠵᠤ ᠴᠢᠳᠠᠨ᠎ᠠ᠃ |