ᠪᠤᠭ ᠮᠠᠯ ᠢ ᠬᠠᠰᠢᠶᠠᠯᠠᠨ ᠲᠡᠵᠢᠬᠡᠬᠦ ᠰᠠᠶᠢᠨ ᠠᠷᠭ᠎ᠠ | ᠮᠠᠯ ᠢ ᠬᠠᠰᠢᠶᠠᠯᠠᠨ ᠲᠡᠵᠢᠬᠡᠬᠦ ᠦᠶ᠎ᠡ ᠳᠤ ᠵᠠᠪᠠᠯ ᠠᠩᠬᠠᠷᠬᠤ ᠬᠡᠳᠦᠨ ᠵᠦᠢᠯ ᠬᠡᠪᠡᠯ᠄ | 1. ᠬᠠᠰᠢᠶ᠎ᠠ ᠬᠦᠷᠢᠶᠡᠨ ᠤ ᠶᠡᠭᠡ ᠪᠠᠭ᠎ᠠ ᠶᠢ ᠮᠠᠯ ᠪᠦᠷᠢ ᠶᠢᠨ ᠡᠵᠡᠯᠡᠬᠦ ᠲᠡᠯᠡᠪᠡᠢ ᠨᠢ 0.8 — 1 ᠲᠡᠭᠰᠢ | ᠲᠦᠷᠪᠡᠯᠵᠢᠨ ᠮᠧᠳ᠋ᠷ ᠤᠨ ᠪᠠᠷᠢᠮᠵᠢᠶ᠎ᠡ ᠪᠠᠷ ᠪᠡᠯᠡᠳᠬᠡᠵᠦ ᠪᠡᠷᠢᠨ ᠡᠬᠦᠨ ᠠᠴᠠ ᠠᠭᠤᠵᠢᠭᠤ ᠪᠤᠯ ᠨᠠᠩ ᠰᠠᠶᠢᠨ᠃ ᠮᠠᠯ | ᠲᠡᠵᠢᠬᠡᠬᠦ ᠪᠡ ᠬᠤᠨᠤᠬᠤ ᠬᠠᠰᠢᠶ᠎ᠠ ᠶᠢ ᠠᠰ ᠠᠰ ᠲᠤᠨᠢ ᠪᠠᠯᠡᠳᠬᠡᠪᠡᠯ ᠰᠠᠶᠢᠨ ᠪᠠᠶᠢᠳᠠᠭ᠃ | 2. ᠮᠠᠯ ᠲᠡᠵᠢᠬᠡᠬᠦ ᠬᠠᠰᠢᠶᠠᠨ ᠳᠠᠭᠠᠨ ᠡᠪᠡᠰᠦ ᠲᠡᠵᠢᠬᠡᠬᠦ ᠤᠩᠭᠤᠴᠠ᠂ ᠤᠰᠤᠨ ᠤᠩᠭᠤᠴᠠ᠂ ᠪᠤᠷᠳᠤᠭᠠᠨ ᠤ | ᠤᠩᠭᠤᠴᠠ ᠶᠢ ᠲᠤᠰ ᠲᠤᠰ ᠲᠤᠨᠢ ᠪᠡᠯᠡᠳᠬᠡᠵᠦ ᠲᠡᠯᠪᠢᠪᠡᠯ ᠡᠪᠡᠰᠦ ᠪᠤᠷᠳᠤᠭ᠎ᠠ ᠳᠤ ᠭᠠᠮᠳᠠᠢ ᠮᠦᠷᠳᠡᠬᠡᠨ ᠴᠡᠪᠡᠷᠬᠡᠨ | ᠲᠤᠬᠢᠯᠢᠭ ᠲᠡᠵᠢᠬᠡᠵᠦ ᠴᠢᠳᠠᠳᠠᠭ᠃ | 3. ᠮᠠᠯ ᠲᠡᠵᠢᠬᠡᠬᠦ ᠬᠠᠰᠢᠶ᠎ᠠ ᠨᠢ ᠵᠠᠪᠠᠯ ᠰᠠᠷᠠᠪᠴᠢ ᠲᠠᠢ ᠪᠠᠶᠢᠪᠠᠯ ᠬᠦᠢᠳᠡᠨ ᠨᠦᠢᠳᠡᠨ ᠴᠠᠰᠦ ᠪᠤᠷᠤᠭᠠᠨ ᠲᠠᠢ | ᠦᠶ᠎ᠡ ᠳᠤ ᠡᠪᠡᠰᠦ ᠲᠠᠵᠢᠬᠡᠯ ᠢᠶᠠᠨ ᠰᠦᠢᠳᠬᠡᠬᠦ ᠦᠬᠡᠢ ᠪᠠᠶᠢᠳᠠᠭ᠃ | 4. ᠮᠠᠯ ᠬᠤᠨᠤᠬᠤ ᠬᠠᠰᠢᠶ᠎ᠠ ᠶᠢ ᠵᠠᠳᠠᠭᠠᠢ ᠰᠠᠷᠠᠪᠴᠢ ᠦᠬᠡᠢ ᠪᠠᠷᠢᠬᠰᠠᠨ ᠴᠦ ᠪᠤᠯᠳᠠᠭ᠃ ᠨᠦᠬᠦᠴᠡᠯ ᠲᠠᠢ ᠪᠤᠯ | ᠰᠠᠷᠠᠪᠴᠢ ᠲᠤᠬᠢᠷᠠᠭᠤᠯᠵᠦ ᠪᠤᠯᠤᠨ᠎ᠠ᠃ ᠶᠡᠷᠦᠳᠡᠬᠡᠨ ᠵᠠᠳᠠᠭᠠᠢ ᠬᠠᠰᠢᠶᠠᠨ ᠳᠤ ᠮᠠᠯ ᠬᠤᠨᠤᠬᠤ ᠳᠠᠭᠠᠨ ᠰᠢᠬᠠᠯᠳᠤᠵᠦ | ᠪᠦᠬᠡᠮᠨᠡᠷᠡᠯᠳᠦᠬᠦ ᠦᠬᠡᠢ ᠰᠠᠶᠢᠨ ᠪᠠᠶᠢᠳᠠᠭ᠃ | 5. ᠬᠠᠰᠢᠶ᠎ᠠ ᠰᠠᠷᠠᠪᠴᠢ ᠪᠠᠨ ᠦᠷᠭᠦᠯᠵᠢ ᠠᠷᠢᠭᠤᠨ ᠴᠡᠪᠡᠷ ᠪᠠᠶᠢᠯᠭᠠᠵᠦ ᠮᠠᠯ ᠤᠨ ᠡᠷᠡᠬᠦᠯ ᠮᠡᠨᠳᠦ ᠶᠢ | ᠪᠠᠳᠤᠯᠠᠬᠤ ᠬᠡᠷᠡᠭᠳᠡᠢ᠃ | 6. ᠮᠠᠯ ᠤᠨ ᠪᠦᠬᠡᠰᠦ ᠪᠠ ᠬᠠᠯᠠᠭᠤ ᠶᠢ ᠲᠠᠷᠤᠬᠤ ᠡᠮ ᠢ ᠪᠦᠷᠢᠨ ᠪᠠᠯᠡᠳᠬᠡᠬᠦ ᠬᠡᠷᠡᠭᠳᠡᠢ᠃ | ᠶᠡᠷᠦ ᠶᠢᠨ ᠪᠡᠯᠡᠳᠬᠡᠬᠦ ᠡᠮ ᠳᠤ ᠴᠢᠤᠢ ᠴᠦᠡᠭ ᠸᠠᠩ᠂ ᠴᠢᠩ ᠹᠦ᠋ ᠱᠠᠨ᠂ ᠰᠢᠶᠤᠤ ᠬᠤᠸᠡᠩ ᠰᠡᠨ᠂ ᠵᠢᠶᠡᠨ ᠸᠧᠢ | ᠰᠡᠨ᠃ ᠪᠦᠬᠡᠰᠦᠨ ᠤ ᠡᠮ ᠳᠤ᠂ ᠢ ᠸᠧᠢ ᠵᠢᠶᠦ᠋ᠨ ᠰᠥ᠋᠂ ᠾᠸᠢ ᠮᠸᠢ ᠰᠥ᠋ ᠪᠠᠶᠢᠳᠠᠭ᠃ | ᠲᠡᠵᠢᠬᠡᠵᠦ ᠪᠠᠶᠢᠭ᠎ᠠ ᠮᠠᠯ ᠳᠠᠭᠠᠨ ᠴᠠᠭᠠᠨ ᠰᠢᠬᠢᠷ ᠲᠠᠢ ᠤᠰᠤ ᠪᠤᠶᠤ ᠮᠠᠷᠭᠠᠨᠵᠠᠪ ᠲᠠᠢ ᠤᠰᠤ ᠪᠠᠷ ᠦᠷᠬᠦᠯᠵᠢ | ᠤᠰᠤᠯᠠᠪᠠᠯ ᠮᠠᠯ ᠤᠨ ᠬᠦᠴᠦ ᠲᠠᠷᠭᠤ ᠠᠪᠬᠤ ᠨᠢ ᠲᠦᠷᠭᠡᠰᠴᠤ ᠪᠠᠷᠤᠬᠳᠠᠢ ᠳᠤ ᠡᠪᠡᠳᠴᠢᠨ ᠬᠠᠯᠳᠠᠬᠤ ᠦᠬᠡᠢ | ᠪᠠᠶᠢᠳᠠᠭ᠃ |