ᠯᠤ · ᠪᠡᠳᠮ᠎ᠠ — ᠲᠠᠨᠢᠭᠡᠷ ᠭᠤᠪᠢ ᠶᠢᠨ ᠲᠠᠷᠬᠠᠨ ᠲᠠᠭᠤᠴᠢᠨ 
ᠨᠡᠶᠢᠲᠡᠯᠡᠭᠰᠡᠨ ᠴᠠᠭ᠄
2021/8/27
     ᠠᠷᠠᠳ ᠤᠨ ᠲᠠᠭᠤᠴᠢᠨ ᠯᠤ · ᠪᠠᠳᠮ᠎ᠠ᠄ 1940 ᠤᠨ ᠤ 3 ᠰᠠᠷ᠎ᠠ ᠳᠤ ᠠᠯᠠᠱᠠ ᠠᠶᠢᠮᠠᠬ ᠤᠨ ᠡᠵᠡᠨ᠎ᠡ ᠬᠤᠰᠢᠭᠤᠨ ᠳᠤ ᠲᠦᠷᠦᠵᠡᠢ᠃ 1958 ᠤᠨ ᠠᠴᠠ 1960 ᠤᠨ ᠤ ᠬᠤᠭᠤᠷᠤᠨᠳᠤ ᠰᠤᠮᠤᠨ ᠤ ᠪᠠᠨ ᠠᠵᠢᠯ ᠤᠨ ᠴᠢᠯᠦᠭᠡᠨ ᠤ ᠤᠷᠠᠯᠢᠬ ᠤᠨ ᠪᠦᠯᠬᠦᠮ ᠤᠨ ᠲᠤᠬᠯᠠᠬᠴᠢ ᠪᠠᠷ ᠡᠯᠰᠡᠭᠳᠡᠵᠦ᠂ ᠰᠡᠭᠦᠯᠡᠷ ᠨᠢ ᠡᠵᠡᠨ᠎ᠡ ᠬᠤᠰᠢᠭᠤᠨ ᠤ ᠤᠯᠠᠭᠠᠠᠮᠦ᠋ᠴᠢᠷ ᠤᠨ ᠲᠠᠭᠤᠴᠢᠨ ᠢᠶᠠᠷ ᠬᠡᠳᠦᠨ ᠰᠠᠷ᠎ᠠ ᠠᠵᠢᠯᠯᠠᠵᠡᠢ᠃ 2007 ᠤᠨ ᠳᠤ ᠦᠪᠦᠷ ᠮᠤᠩᠭᠤᠯ ᠤᠨ ᠤᠷᠳᠤ ᠶᠢᠨ ᠲᠠᠭᠤᠤ ᠶᠢᠨ ᠤᠷᠠᠯᠢᠬ ᠤᠨ ᠰᠤᠯᠢᠯᠴᠠᠭᠠᠨ ᠤ ᠰᠤᠳᠤᠯᠭᠠᠨ ᠤ ᠬᠤᠷᠠᠯ ᠠᠴᠠ ︽ᠰᠢᠨ᠎ᠡ ᠲᠤᠮᠳᠠᠳᠤ ᠤᠯᠤᠰ ᠪᠠᠶᠢᠭᠤᠯᠤᠬᠳᠠᠬᠰᠠᠨ ᠠᠴᠠ ᠨᠠᠰᠢᠬᠢ ᠨᠢᠭᠡᠳᠦᠭᠡᠷ ᠦᠶ᠎ᠡ ᠶᠢᠨ ᠤᠷᠳᠤ ᠶᠢᠨ ᠲᠠᠭᠤᠤ ᠶᠢᠨ ᠲᠠᠷᠬᠠᠨ ᠲᠠᠭᠤᠴᠢᠨ︾ ᠴᠤᠯᠠ ᠬᠦᠷᠳᠡᠵᠡᠢ᠃ 2008 ᠤᠨ ᠳᠤ ᠰᠤᠶᠤᠯ ᠤᠨ ᠶᠠᠮᠤᠨ ᠠᠴᠠ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠪᠤᠯᠬᠤ ︽ᠮᠤᠩᠭᠤᠯ ᠦᠨᠳᠦᠰᠦᠳᠡᠨ ᠤ ᠤᠷᠳᠤ ᠶᠢᠨ ᠲᠠᠭᠤᠤ ᠶᠢᠨ ᠦᠪᠯᠡᠨ ᠵᠠᠯᠭᠠᠮᠵᠢᠯᠠᠬᠴᠢ︾ ᠪᠤᠯᠭᠠᠵᠡᠢ᠃ 2009 ᠤᠨ ᠳᠤ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠬ ᠤᠨ ᠲᠡᠭᠡᠳᠦ ᠰᠤᠷᠭᠠᠭᠤᠯᠢ ᠶᠢᠨ ᠫᠷᠤᠹᠤᠰᠰᠤᠷ ᠢᠶᠠᠷ ᠤᠷᠢᠬᠳᠠᠨ ᠠᠵᠢᠯᠯᠠᠭᠠᠳ ᠤᠳᠤ ᠪᠤᠯᠵᠤ ᠪᠤᠢ᠃ 2009 ᠤᠨ ᠳᠤ ᠪᠠᠳᠮ᠎ᠠ ᠠᠷᠠᠳ ᠤᠨ ᠲᠠᠭᠤᠤ᠂ ᠮᠤᠷᠢᠨ ᠬᠤᠭᠤᠷ ᠤᠨ ᠲᠤᠰᠬᠠᠢ ᠡᠮᠬᠢᠳᠭᠡᠯ ᠪᠤᠯᠬᠤ ︽ᠠᠴᠢᠳᠤ ᠭᠤᠷᠪᠠᠨ ᠪᠤᠬᠳᠠ︾᠎ ᠪᠠᠨ ᠬᠡᠪᠯᠡᠭᠦᠯᠵᠡᠢ᠃
     ᠬᠦᠯ ᠳᠤ ᠤᠷᠤᠬᠤ ᠠᠴᠠ ᠡᠬᠢᠯᠡᠭᠡᠳ ᠪᠦᠵᠢᠭ ᠤᠨ ᠠᠶᠢᠵᠡᠮ ᠢᠶᠠᠷ ᠭᠢᠰᠬᠢᠯᠡᠵᠦ᠂ ᠬᠡᠯᠡ ᠳᠤ ᠤᠷᠤᠬᠤ ᠠᠴᠠ ᠠᠪᠣᠭᠠᠳ ᠲᠠᠭᠤᠤ ᠶᠢᠨ ᠠᠶᠠᠰ ᠢᠶᠠᠷ ᠶᠠᠷᠢᠳᠠᠭ ᠮᠤᠩᠭᠤᠯ ᠲᠦᠮᠡᠨ ᠤ ᠲᠤᠮᠳᠠ ᠠᠴᠠ ︽ᠵᠤᠬᠰᠤᠭ᠎ᠠ ᠲᠠᠭᠤᠴᠢᠨ︾ ᠪᠤᠯᠵᠦ ᠲᠤᠳᠤᠷᠡᠨ᠎ᠠ ᠬᠡᠳᠡᠭ ᠨᠢ ᠬᠡᠨ ᠪᠦᠬᠦᠨ ᠳᠤ ᠲᠤᠬᠢᠶᠠᠯᠳᠤᠬᠤ ᠬᠤᠪᠢ ᠲᠠᠪᠢᠯᠠᠩ ᠪᠢᠰᠢ ᠭᠡᠯᠲᠡᠢ᠃ ᠲᠡᠭᠡᠬᠦ ᠳᠡᠭᠡᠨ ᠦᠰᠪᠤᠷᠢ ᠪᠠᠭ᠎ᠠ ᠠᠴᠠ ᠪᠠᠨ ᠦᠳᠡᠯᠦᠭᠡ ᠪᠤᠭᠤᠷᠤᠯ ᠪᠤᠯᠳᠡᠯ᠎ᠠ ᠬᠠᠯᠠᠭᠤᠨ ᠳᠤ ᠬᠠᠯᠠᠵᠦ᠂ ᠬᠦᠢᠲᠡᠨ ᠳᠤ ᠬᠦᠷᠦᠵᠦ ᠶᠠᠪᠣᠬᠤ ᠳᠠᠭᠠᠨ ᠠᠳᠡᠨ ᠤ ᠪᠠᠨ ᠨᠢᠷᠤᠭᠤᠨ ᠲᠡᠭᠡᠷ᠎ᠠ ᠠᠷᠡᠳ ᠤᠨ ᠲᠠᠭᠤᠤ ᠪᠠᠨ ᠠᠶᠠᠯᠤᠭᠤᠯᠠᠨ᠂ ᠲᠡᠨᠢᠭᠡᠷ ᠭᠤᠪᠢ ᠶᠢᠨ ᠵᠢᠩ ᠤᠨ ᠬᠤᠨᠭ᠍ᠬᠤ ᠰᠢᠬ᠂ ᠲᠤᠨᠤᠮᠠᠯ ᠪᠦᠷᠢᠳᠦ ᠶᠢᠨ ᠲᠤᠤᠷᠠᠢ ᠶᠢᠨ ᠵᠠᠶᠢᠮᠤᠭ᠎ᠠ ᠰᠢᠬ ᠶᠡᠭᠡ ᠴᠦᠯ ᠤᠨ ᠤᠢ ᠭᠠᠭᠴᠠᠭᠠᠷᠳᠠᠯ ᠢ ᠭᠡᠭᠡᠨᠴᠢᠷ ᠲᠠᠭᠤᠨ ᠢᠶᠠᠷ ᠢᠶᠠᠨ ᠠᠷᠭᠠᠲᠠᠨ ᠤᠶᠠᠷᠠᠭᠤᠯᠵᠦ ᠶᠠᠪᠤᠨ᠎ᠠ ᠭᠡᠳᠡᠭ ᠬᠡᠴᠢᠨᠡᠨ ᠶᠡᠭᠡ ᠲᠡᠪᠴᠢᠶᠡᠷᠢ ᠪᠣᠯᠬᠤ ᠠᠵᠢ᠃ ᠡᠶᠢᠮᠦ ᠬᠦᠮᠦᠨ ᠤ ᠨᠢᠭᠡ ᠪᠣᠯ ᠮᠤᠩᠭᠤᠯ ᠦᠨᠳᠤᠰᠤᠳᠡᠨ ᠤ ᠤᠳᠦ ᠦᠶ᠎ᠠ ᠶᠢᠨ ᠠᠷᠡᠳ ᠤᠨ ᠶᠡᠭᠡ ᠤᠷᠠᠯᠢᠬᠴᠢ᠂ ᠲᠠᠷᠬᠠᠨ ᠲᠠᠭᠤᠴᠢᠨ ᠪᠡᠳᠮ᠎ᠠ ᠪᠠᠶᠢᠯ᠎ᠠ᠃
     ᠪᠠᠳᠮ᠎ᠠ ᠪᠠᠭᠰᠢ ᠶᠡᠭᠡ ᠰᠤᠷᠭᠠᠭᠤᠯᠢ ᠶᠢᠨ ᠫᠷᠤᠹᠧᠰᠰᠤᠷ ᠢᠶᠠᠷ ᠤᠷᠢᠭᠳᠠᠪᠠ      500 ᠭᠠᠷᠤᠢ ᠪᠠᠳᠠᠭ ᠤᠷᠳᠦ ᠶᠢᠨ ᠲᠠᠭᠤᠤ᠂ ᠪᠤᠭᠤᠨᠢ ᠲᠠᠭᠤᠤ ᠶᠢ ᠠᠶᠠᠯᠤᠭᠤᠯᠠᠵᠤ ᠴᠢᠲᠠᠬᠤ ᠠᠯᠠᠱᠠ ᠲᠠᠭᠤᠴᠢᠨ ᠪᠡᠳᠮ᠎ᠠ ᠶᠢ ᠬᠦᠮᠦᠰ ᠠᠷᠡᠳ ᠤᠨ ᠲᠠᠭᠤᠤ ᠶᠢᠨ ᠠᠮᠢᠳᠦ ᠲᠤᠯᠢ ᠬᠡᠮᠡᠨ ᠬᠦᠨᠳᠦᠳᠭᠡᠨ ᠪᠢᠰᠢᠷᠡᠳᠡᠭ ᠮᠦᠷᠳᠡᠭᠡᠨ ᠠᠯᠠᠱᠠ ᠬᠤᠱᠤᠳ᠂ ᠲᠤᠷᠭᠤᠳ᠂ ᠬᠠᠯᠬ᠎ᠠ ᠤᠷᠳᠦ ᠶᠢᠨ ᠲᠠᠭᠤᠤ ᠶᠢ ᠤᠯᠠᠮᠵᠢᠯᠠᠵᠦ ᠬᠦᠭᠵᠢᠬᠦᠯᠬᠦ ᠶᠢᠨ ᠲᠦᠯᠦᠭᠡ ᠨᠠᠰᠤᠨ ᠲᠤᠷᠰᠢᠳᠠ ᠵᠢᠳᠬᠦᠵᠦ ᠢᠷᠡᠭᠰᠡᠨ ᠬᠤᠪᠢ ᠵᠢᠳᠬᠦᠯ ᠢ ᠨᠢ ᠨᠡᠩ ᠮᠠᠷᠳᠠᠵᠦ ᠴᠢᠳᠠᠬᠤ ᠦᠭᠡᠢ ᠪᠢᠯᠡ᠃ ᠲᠡᠭᠡᠬᠦ ᠳᠡᠭᠡᠨ 70 ᠭᠠᠷᠣᠢ ᠵᠢᠯ ᠤᠷᠳᠦ ᠶᠢᠨ ᠲᠠᠭᠤᠤ ᠪᠠᠨ ᠲᠠᠭᠤᠯᠡᠵᠦ ᠢᠷᠡᠭᠰᠡᠨ ᠡᠬᠡᠯ ᠵᠢᠷ ᠤᠨ ᠲᠡᠮᠡᠭᠡᠴᠢᠨ ᠪᠦᠰᠡᠬᠦᠢ ᠶᠢᠨ ᠭᠤᠨᠢᠭ ᠵᠦᠳᠡᠬᠦᠷᠢ᠂ ᠪᠠᠶᠡᠷ ᠵᠢᠷᠭᠠᠯ ᠢ ᠬᠤᠪᠢᠶᠠᠯᠴᠡᠬᠰᠡᠨ ᠬᠦᠮᠦᠨ ᠲᠤᠩ ᠴᠦᠭᠡᠨ ᠪᠠᠶᠢᠬᠰᠠᠨ       ᠶᠣᠮ᠃ ᠰᠤᠷᠪᠤᠯᠵᠢᠯᠠᠬᠴᠢ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠲᠡᠭᠡᠳᠤ ᠰᠤᠷᠭᠠᠭᠤᠯᠢ ᠶᠢᠨ ᠫᠷᠤᠹᠧᠰᠰᠤᠷ ᠤᠨ ᠠᠰᠠᠷ ᠲᠤ ᠰᠠᠭᠤᠭ᠎ᠠ ᠪᠡᠳᠮ᠎ᠠ ᠪᠠᠭᠰᠢ ᠶᠢ ᠰᠤᠷᠪᠤᠯᠵᠢᠯᠠᠬᠤ ᠪᠠᠷ ᠬᠦᠷᠴᠦ ᠪᠢᠯᠠ᠃ 74 ᠨᠠᠰᠤᠳᠠᠢ ᠪᠡᠳᠮ᠎ᠠ ᠨᠠᠰᠤᠳᠠᠨ ᠲᠤᠳᠤᠷ᠎ᠠ ᠦᠷᠦᠭᠡ ᠠᠴᠠ ᠪᠠᠨ ᠠᠶᠠᠭ᠎ᠠ ᠲᠠᠢ ᠴᠠᠢ ᠪᠠᠨ ᠪᠠᠷᠢᠵᠦ ᠭᠠᠷᠴᠦ ᠢᠷᠡᠭᠰᠡᠨ ᠢᠶᠠᠨ᠄     ︽ᠮᠤᠩᠭᠤᠯ ᠬᠦᠮᠦᠨ ᠭᠡᠷ ᠲᠤ ᠢᠷᠡᠭᠰᠡᠨ ᠵᠤᠴᠢᠨ ᠢ ᠰᠢᠷᠡᠭᠡᠨ ᠤ ᠢᠷᠮᠡᠭ ᠲᠤ ᠰᠠᠭᠤᠯᠭᠠᠳᠠᠭ ᠦᠭᠡᠢ ᠶᠤᠮ ᠰᠢᠤ︾ ᠬᠡᠵᠦ ᠠᠴᠢ ᠬᠦᠤ ᠳᠡᠭᠡᠨ ᠰᠠᠨᠠᠭᠤᠯᠬᠤ ᠶᠢᠨ ᠲᠠᠭᠠᠣ ︽ᠬᠦᠤ ᠮᠢᠨᠢ︕ ᠨᠠᠰᠢ ᠰᠠᠭᠤ︾ ᠬᠡᠵᠦ ᠡᠮᠡᠭᠡ ᠬᠦᠮᠦᠨ ᠤ ᠦᠷᠦ ᠵᠦᠭᠡᠯᠡᠨ ᠠᠶᠠᠰ ᠢᠶᠠᠷ ᠨᠠᠰᠢ ᠬᠠᠨᠲᠣᠵᠦ ᠬᠡᠯᠡᠨ᠎ᠠ᠃ ︽ᠠᠷᠡᠳ ᠲᠦᠮᠡᠨ ᠤ ᠪᠠᠨ ᠬᠠᠯᠠᠭᠤᠨ ᠰᠡᠳᠬᠢᠯᠭᠡ ᠳᠤ ᠪᠢ ᠤᠷᠮ᠎ᠠ ᠲᠠᠢ ᠠᠵᠢᠯᠯᠠᠵᠦ ᠪᠠᠶᠢᠨ᠎ᠠ︾ ᠬᠡᠵᠦ ᠠᠷᠡᠳ ᠤᠨ ᠤᠷᠠᠯᠢᠬᠴᠢᠨ ᠫᠷᠤᠹᠧᠰᠰᠤᠷ ᠰᠠᠳᠬᠢᠯ ᠤᠨ ᠦᠭᠡ ᠪᠠᠨ ᠶᠠᠷᠢᠬᠤ ᠶᠢᠨ ᠬᠠᠮᠳᠦ ᠤᠷᠳᠦ ᠶᠢᠨ ᠲᠠᠭᠤᠤ ᠰᠤᠷᠤᠬᠰᠡᠨ᠂ ᠲᠠᠭᠤᠯᠠᠬᠰᠡᠨ᠂ ᠤᠯᠠᠮᠵᠢᠯᠠᠬᠰᠡᠨ ᠦᠯᠢᠭᠡᠷ ᠤᠴᠡᠷᠡᠯ ᠢᠶᠠᠨ ᠡᠷᠬᠢᠴᠡᠬᠦᠯᠬᠦ ᠳᠡᠭᠡᠨ ᠰᠡᠳᠬᠢᠯ ᠲᠤᠬᠳᠤᠯᠵᠦ ᠬᠠᠯᠠᠭᠤᠨ ᠨᠢᠯᠪᠤᠰᠦ ᠪᠦᠮᠪᠦᠷᠢᠬᠦᠯᠵᠦ ᠪᠠᠶᠢᠯ᠎ᠠ᠃ 
     ᠠᠷᠠᠳ ᠤᠨ ᠲᠠᠭᠠᠤᠴᠢᠨ ᠠᠯᠳᠠᠨᠳᠤᠶᠠᠭ᠎ᠠ ᠲᠠᠢ ᠬᠠᠮᠳᠤ ᠪᠠᠶᠢᠭ᠎ᠠ ᠨᠢ ︵ᠵᠡᠭᠦᠨᠳᠡᠬᠢ︶      ︽ᠤᠬᠢᠯᠠᠨ ᠪᠠᠶᠢᠵᠦ ᠬᠦᠮᠦᠨ ᠪᠤᠯᠵᠦ᠂ ᠲᠠᠭᠤᠯᠠᠨ ᠪᠠᠶᠢᠵᠦ ᠲᠠᠭᠤᠴᠢᠨ ᠪᠤᠯᠤᠨ᠎ᠠ︾ ᠭᠡᠲᠡᠭ ᠢ ᠪᠠᠳᠮ᠎ᠠ ᠭᠡᠷᠡᠴᠢᠯᠡᠨ᠎ᠡ      ᠬᠦᠷᠤᠰᠦᠳᠦ ᠠᠯᠳᠡᠨ ᠲᠡᠯᠡᠬᠡᠢ ᠳᠤ ᠨᠢᠯᠬ᠎ᠠ ᠶᠢᠨ ᠲᠠᠭᠤ ᠪᠠᠨ ᠬᠠᠲᠠᠭᠠᠵᠦ ᠢᠷᠡᠭᠰᠡᠨ ᠲᠠᠷᠠ ᠴᠠᠭ ᠠᠴᠠ ᠠᠪᠤᠭᠠᠳ ᠲᠠᠭᠤᠤ ᠬᠦᠭᠵᠢᠮ ᠤᠨ ᠰᠢᠳᠢ ᠬᠦᠴᠤᠨ ᠢᠶᠠᠷ ᠠᠷᠭᠠᠳᠠᠭᠤᠯᠵᠦ ᠪᠠᠶᠢᠬᠰᠠᠨ ᠢᠶᠠᠨ ᠲᠡᠷᠡ ᠶᠠᠭᠠᠬᠢᠨ ᠮᠡᠲᠡᠬᠦ ᠪᠢᠯᠡ᠃ ᠣᠷᠠᠯᠢᠬᠴᠢᠨ ᠪᠠᠳᠮ᠎ᠠ ᠶᠢ ᠠᠩᠬ᠎ᠠ ᠬᠦᠮᠦᠨ ᠤ ᠤᠷᠴᠢᠯᠠᠩ ᠳᠤ ᠵᠠᠶᠠᠭᠠᠬᠤ ᠳᠤ ᠠᠪᠤ ᠨᠢ ᠲᠠᠩᠭᠤᠳ ᠭᠡᠭᠡᠨ ᠯᠤᠪᠰᠡᠩᠳᠦ᠋ᠨᠳᠦᠪ ᠭᠡᠭᠴᠢ ᠨᠤᠮ ᠰᠤᠳᠤᠷ ᠤᠨ ᠤᠡᠭᠰᠢᠯᠭ᠎ᠠ ᠲᠠᠢ᠂ ᠬᠤᠨᠭ᠍ᠬᠤ ᠲᠠᠮᠠᠷᠣ᠂ ᠪᠦᠷᠢᠶ᠎ᠠ ᠪᠢᠰᠬᠢᠬᠦᠷ᠂ ᠭᠠᠡᠭᠯᠢᠭ ᠰᠡᠩᠯᠢᠭ᠂ ᠴᠠᠩ ᠬᠡᠨᠭᠭᠡᠷᠭᠡ ᠶᠢᠨ ᠲᠠᠭᠤᠨ ᠢᠶᠠᠷ ᠠᠷᠭᠠᠲᠠᠵᠦ᠂ ᠠᠷᠡᠳ ᠤᠨ ᠲᠠᠭᠤᠴᠢᠨ ᠠᠬᠰᠡᠨ ᠡᠵᠢ ᠨᠢ ᠪᠦᠪᠠᠢ ᠶᠢᠨ ᠲᠠᠭᠤᠤ ᠲᠠᠢ ᠲᠤᠯᠠᠭᠠᠨ ᠡᠩᠭᠡᠷ ᠲᠡᠭᠡᠨ ᠬᠤᠷᠮᠦ᠋ᠢᠯᠠᠨ ᠲᠣᠰᠣᠨ ᠠᠪᠴᠢ᠃ ᠡᠶᠢᠨᠬᠦ ᠬᠡᠯᠡ ᠬᠦᠯ ᠳᠤ ᠡᠷᠳᠠ ᠤᠷᠤᠬᠰᠡᠨ ᠲᠠᠷᠠ ᠪᠠᠷ ᠭᠤᠷᠪᠡᠨ ᠨᠠᠰᠣᠯᠠᠮᠠᠬᠴᠠ ︽ᠬᠠᠨᠴᠤᠢ ᠪᠠᠨ ᠡᠮᠦᠰᠦᠭᠡᠳ᠂ ᠮᠠᠯᠠᠭᠠᠢ ᠪᠠᠨ ᠡᠮᠦᠰᠦᠭᠡᠳ ᠨᠡᠶᠢᠵᠢ ᠶᠢᠨ ᠵᠠ︕ ᠨᠡᠶᠢᠵᠢ ᠶᠢᠨ ᠵᠠ︕︾ ︵ᠬᠤᠨᠢᠨ ᠠᠷᠡᠰᠤᠨ ᠨᠡᠭᠡᠢ ᠲᠤᠬᠳᠤᠢ ᠪᠠᠨ ᠵᠡᠬᠦᠭᠡᠳ᠂ ᠮᠠᠯᠠᠭᠠᠢ ᠪᠠᠨ ᠡᠮᠦᠰᠭᠡᠳ ᠡᠵᠢ ᠰᠠᠶᠢᠬᠠᠨ᠂ ᠡᠵᠢ ᠰᠠᠶᠢᠬᠠᠨ ᠬᠡᠳᠡᠭ ᠦᠭᠡ ᠪᠤᠯᠤᠨ᠎ᠠ︶ ᠬᠡᠵᠦ ᠡᠵᠢ ᠶᠢᠨ ᠢᠶᠠᠨ ᠬᠤᠶᠢᠨ᠎ᠠ ᠠᠴᠠ ᠨᠢ ᠪᠦᠵᠢᠩᠨᠠᠨ ᠬᠦᠶᠦᠬᠦ ᠪᠣᠯᠣᠬᠰᠠᠨ ᠪᠦᠭᠡᠳ ᠲᠡᠷᠡ ᠴᠠᠬ ᠠᠴᠠ ᠡᠬᠢᠯᠡᠨ ᠭᠠᠷ ᠲᠤ ᠪᠠᠷᠢᠬᠳᠠᠬᠤ ᠦᠭᠡᠢ᠂ ᠨᠢᠳᠤᠨ ᠳᠤ ᠦᠵᠡᠭᠳᠡᠬᠦ ᠦᠭᠡᠢ ᠤᠷᠳᠦ ᠶᠢᠨ ᠲᠠᠭᠤᠤ ᠭᠡᠬᠦ ᠬᠠᠴᠢᠨ ᠶᠠᠭᠤᠮ᠎ᠠ ᠨᠢᠯᠬ᠎ᠠ ᠤᠶᠤᠨ ᠢ ᠨᠢ ᠶᠠᠭᠠᠬᠢᠬᠤ ᠶᠢᠨ ᠠᠷᠭ᠎ᠠ ᠦᠭᠡᠢ ᠲᠠᠲᠠᠬᠰᠠᠨ ᠭᠡᠲᠡᠭ᠃ ᠨᠠᠶᠢᠷ ᠡᠬᠢᠯᠡᠮᠡᠭᠴᠡ ᠨᠢᠭᠡᠨᠳᠡᠬᠦᠷ ᠡᠷᠬᠦᠨ ᠲᠠᠭᠤᠯᠠᠵᠦ᠂ ᠬᠠᠶᠠ ᠵᠠᠷᠢᠮ ᠳᠠᠭᠠᠨ ᠬᠤᠨᠤᠭᠤᠳᠠ ᠦᠨᠵᠢᠬᠦᠳᠠ ᠨᠠᠶᠢᠷᠯᠠᠨ ᠰᠠᠭᠤᠳᠠᠭ ᠢ ᠪᠡᠳᠮ᠎ᠠ ᠰᠤᠨᠢᠭᠤᠴᠢᠯᠡᠵᠦ ᠪᠠᠶᠢᠬᠰᠡᠨ ᠠᠴᠠ ᠪᠤᠯᠪᠠᠤ︖ ᠬᠤᠷᠢᠮ ᠨᠠᠶᠢᠷ ᠲᠠᠭᠠᠷᠠᠬᠤ ᠪᠤᠯᠭᠠᠨ ᠲᠡᠷᠡ ᠬᠤᠷᠠᠨ ᠴᠤᠬᠯᠠᠷᠡᠬᠰᠡᠨ ᠤᠯᠠᠨ ᠬᠦᠮᠦᠨ ᠤ ᠲᠤᠮᠳᠠᠭᠤᠷ ᠰᠢᠷᠭᠤᠯᠠᠨ ᠤᠷᠤᠵᠦ ᠲᠤᠯᠤᠭᠠᠢ ᠭᠢᠯᠵᠡᠶᠢᠯᠭᠡᠨ᠂ ᠴᠢᠬᠢ ᠲᠠᠯᠪᠢᠨ ᠰᠤᠨᠤᠰᠬᠤ ᠶᠢᠨ ᠲᠠᠭᠠᠤ ᠲᠠᠭᠤᠴᠢᠳ ᠤᠨ ᠤᠢᠢᠯᠡ ᠬᠦᠳᠡᠯᠤᠯ ᠢ ᠨᠢᠳᠦ ᠴᠠᠪᠴᠢᠯ ᠦᠭᠡᠢ ᠬᠠᠷᠠᠳᠠᠭ ᠪᠠᠶᠢᠯ᠎ᠠ᠃ ᠲᠡᠭᠡᠭᠡᠳ ᠶᠡᠭᠡᠴᠣᠣᠯ ᠳᠤ ︽ᠬᠤᠶᠢᠰᠢ ᠪᠠᠨ ᠪᠠᠢ᠂ ᠬᠦᠮᠦᠨ ᠤ ᠬᠦᠯ ᠳᠤ ᠤᠷᠤᠨ᠎ᠠ᠂ ᠶᠠᠭᠤᠮ᠎ᠠ ᠳᠤ ᠲᠤᠷᠡᠳᠠᠢ ᠬᠡᠤᠭᠡᠳ︾ ᠬᠡᠮᠡᠨ ᠵᠠᠩᠨᠠᠭᠤᠯᠵᠦ ᠪᠠᠶᠢᠬᠰᠠᠨ ᠪᠣᠯᠪᠠᠴᠦ ᠵᠦᠭᠡᠷ ᠰᠠᠭᠤᠬᠤ ᠦᠭᠡᠢ ᠪᠠᠷ ᠰᠤᠨᠤᠰᠤᠬᠰᠡᠨ ᠲᠠᠭᠤᠤ ᠪᠠᠨ ᠰᠡᠮ ᠠᠶᠠᠯᠣᠨ ᠡᠵᠢ ᠶᠢᠨ ᠢᠶᠠᠨ ᠠᠷᠤ ᠲᠠᠯ᠎ᠠ ᠪᠠᠷ ᠨᠢ ᠴᠢᠩᠨᠠᠠ ᠬᠡᠪᠳᠡᠵᠦ ᠤᠨᠳᠠᠴᠢᠬᠠᠳᠠᠭ ᠶᠤᠮ᠃ ᠦᠷᠯᠦᠭᠡ ᠡᠷᠲᠡ ᠨᠦᠢᠷ ᠠᠴᠠ ᠪᠠᠨ ᠰᠡᠷᠢᠬᠦ ᠳᠤ ᠰᠦᠨᠢ ᠲᠤᠵᠢ ᠰᠤᠨᠤᠰᠤᠬᠰᠡᠨ ᠤᠷᠳᠦ ᠶᠢᠨ ᠲᠠᠭᠤᠤ ᠨᠢ ᠲᠠᠷᠠ ᠶᠤᠰᠤᠭᠠᠷ ᠢᠶᠠᠷ ᠢᠶᠠᠨ ᠲᠡᠬᠦᠨ ᠤ ᠴᠢᠬᠢᠨ ᠳᠤ ᠬᠠᠨᠭ᠍ᠬᠢᠨᠠᠵᠦ᠂ ᠴᠡᠭᠡᠵᠢᠨ ᠳᠤᠨᠢ ᠬᠤᠨᠤᠬᠰᠢᠳᠠᠬ ᠪᠤᠯᠬᠤᠷ ᠨᠢᠳᠦ ᠨᠡᠭᠡᠭᠡᠮᠡᠭᠴᠠ ᠠᠶ᠎ᠠ ᠶᠢ ᠨᠢ ᠭᠢᠨᠭᠰᠢᠬᠦ ᠳᠤ᠂ ︽ᠬᠠᠷ᠎ᠠ ᠦᠷᠯᠦᠭᠡᠬᠦᠷ ᠲᠠᠭᠤᠤ ᠭᠡᠨᠭᠰᠢᠬᠦ ᠴᠢᠨᠢ ᠶᠠᠭᠤ ᠪᠤᠢ︾ ᠬᠡᠵᠦ ᠲᠡᠬᠢᠨ ᠵᠠᠩᠨᠠᠭᠤᠯᠳᠠᠭ ᠢᠶᠠᠨ ᠭᠠᠶᠢᠬᠠᠵᠦ ᠪᠠᠶᠢᠯ᠎ᠠ᠃ ︽ᠪᠢ ᠴᠢᠨᠢ ᠪᠠᠭ᠎ᠠ ᠳᠠᠭᠠᠨ ᠦᠵᠡᠪᠡᠯ ᠰᠤᠷᠤᠨ᠎ᠠ᠂ ᠰᠤᠨᠤᠰᠪᠠᠯ ᠴᠡᠭᠡᠵᠢᠯᠡᠳᠡᠭ ᠬᠦᠮᠦᠨ ᠪᠠᠶᠢᠬᠰᠡᠨ︾ ᠬᠡᠵᠦ ᠪᠡᠳᠮ᠎ᠠ ᠭᠤᠸᠡᠢ ᠬᠡᠤᠭᠡᠳ ᠠᠬᠤᠢ ᠨᠠᠰᠣ ᠪᠠᠨ ᠲᠤᠷᠡᠳᠬᠠᠨ ᠶᠠᠷᠢᠨ᠎ᠠ᠃       ᠨᠠᠢᠮᠠᠨ ᠨᠠᠰᠣᠲᠠᠢ ᠲᠡᠷᠡ ᠵᠢᠯ ᠳᠤᠨᠢ ᠦᠶ᠎ᠡ ᠬᠤᠷᠠᠬ ᠤᠨ ᠬᠢᠨᠢ ᠬᠡᠤᠭᠡᠳ ᠪᠤᠬᠴᠦ ᠮᠦᠷᠤᠯᠡᠨ ᠠᠷᠡᠳ ᠤᠨ ᠰᠤᠷᠭᠠᠭᠤᠯᠢ ᠶᠢᠨ ᠠᠯᠳᠡᠨ ᠪᠤᠱᠤᠭ᠎ᠠ ᠶᠢ ᠠᠯᠬᠤᠵᠦ᠂ ︽ᠠ᠂ ᠡ᠂ ᠢ︾ ᠬᠡᠵᠦ ᠴᠠᠭᠠᠨ ᠲᠤᠯᠤᠭᠠᠢ ᠨᠢᠳᠤᠯᠡᠵᠦ ᠪᠠᠶᠢᠬᠤ ᠳᠤ ᠲᠡᠬᠦᠨ ᠳᠤ ᠡᠶᠢᠮᠦ ᠠᠵᠠ ᠲᠤᠬᠢᠶᠠᠯ ᠪᠠᠶᠢᠬᠰᠡᠨ ᠦᠭᠡᠢ᠃ ᠵᠤᠯᠠᠢ ᠵᠤᠯᠠᠢ ᠪᠠᠨ ᠬᠢᠰᠬᠢᠵᠦ ᠲᠦᠷᠦᠭᠰᠡᠨ ᠬᠦᠬᠡᠷᠤᠬᠦᠨ ᠲᠣᠯᠣᠭᠠᠨ ᠲᠡᠬᠦᠤᠨᠠᠷ ᠢᠶᠠᠨ ᠬᠠᠷᠠᠠᠭᠤᠨ᠂ ︽ᠴᠠᠭᠠᠰᠦ ᠪᠠᠷ ᠬᠦᠮᠦᠨ ᠪᠦᠳᠦᠬᠡᠵᠦ ᠵᠡᠷᠤᠶ᠎ᠠ︾ ᠬᠡᠮᠡᠨ ᠭᠠᠴᠢᠬᠳᠠᠵᠦ ᠪᠠᠶᠢᠬᠰᠡᠨ ᠠᠪᠤ ᠡᠵᠢ ᠪᠠᠨ ᠦᠵᠡᠭᠡᠳ ᠲᠡᠮᠡᠭᠡ ᠮᠠᠯᠯᠠᠬᠤ ︽ᠠᠯᠪᠠ︾ ᠲᠡᠬᠦᠨ ᠳᠤ ᠣᠨᠣᠬᠲᠠᠬᠰᠠᠨ ᠪᠠᠶᠢᠯ᠎ᠠ᠃ ᠲᠡᠬᠦᠨ ᠠᠴᠠ ᠬᠤᠶᠢᠰᠢ ᠪᠡᠳᠮ᠎ᠠ ᠲᠡᠮᠡᠭᠡ ᠪᠠᠨ ᠮᠠᠯᠯᠠᠵᠦ ᠬᠦᠳᠡᠭᠡ ᠭᠠᠳᠠᠭ᠎ᠠ ᠬᠤᠨᠣᠬᠤ ᠪᠣᠯᠵᠦ᠂ ᠦᠷᠯᠦᠭᠡ ᠳᠡᠭᠡᠨ ᠳ᠋ᠠᠯᠢᠩ ᠰᠢᠷ᠎ᠠ ᠢᠡᠭᠭᠡ ᠪᠠᠨ ᠪᠤᠳᠤᠭᠤ ᠨᠢ ᠶᠤᠮ ᠰᠢᠬ ᠬᠦᠬᠦᠵᠦ ᠡᠳᠤᠷ ᠤᠨ ᠠᠵᠢᠯ ᠢᠶᠠᠨ ᠡᠬᠢᠯᠡᠬᠦᠯᠳᠡᠭ ᠪᠣᠯᠪᠠ᠃ ᠲᠡᠮᠡᠭᠡᠴᠢᠨ ᠬᠡᠤᠭᠡᠨ ᠢᠶᠠᠨ ︽ᠦᠷᠦ ᠡᠪᠡᠳᠴᠦ︾ ᠡᠵᠢ ᠨᠢ ᠲᠡᠬᠦᠨ ᠳᠤ ︽ᠠᠷᠦ ᠰᠢᠯᠢ︾ ᠭᠡᠳᠡᠭ ᠠᠩᠬᠠᠨ ᠤ ᠪᠦᠳᠤᠨ ᠤᠷᠳᠦ ᠶᠢᠨ ᠲᠠᠭᠤᠤ ᠪᠠᠨ ᠵᠢᠭᠠᠨ ᠦᠭᠬᠦ ᠳᠤ ᠬᠦᠭᠰᠡᠨ ᠪᠠᠶᠠᠷᠯᠡᠬᠰᠡᠨ ᠪᠡᠳᠮ᠎ᠠ᠄ ︽ᠠᠷᠤ ᠰᠢᠯᠢ ᠠᠴᠠ ᠬᠦᠶᠦᠳᠡᠭ ᠴᠢ \ ᠠᠯᠳᠡᠨ ᠲᠠᠯ ᠲᠠᠢ ᠰᠢᠷᠭ᠎ᠠ \ ᠠᠯᠳᠠ ᠮᠦᠡᠭᠭᠦ ᠪᠠᠷ ᠴᠢᠮᠡᠭᠰᠡᠨ \ ᠬᠡᠤᠭᠡᠳ ᠲᠡᠭᠦᠤᠨᠡᠷ ᠬᠦᠬᠡᠷᠤᠭᠦᠢ︾ ᠬᠡᠵᠦ ᠲᠠᠭᠤᠯᠠᠨ ᠬᠤᠭᠤᠯᠠᠢ ᠨᠡᠭᠡᠭᠡᠵᠠᠢ᠃ ᠡᠨᠡ ᠨᠢ ᠲᠡᠬᠦᠨ ᠢ ᠲᠡᠮᠡᠭᠡ ᠪᠣᠯᠣᠨ ᠣᠷᠲᠣ ᠶᠢᠨ ᠲᠠᠭᠤᠣ ᠲᠠᠢ ᠨᠠᠰᠣᠨ ᠲᠣᠷᠰᠢᠲᠠ ᠶᠢᠨ ᠪᠠᠷᠢᠯᠲᠣᠯᠭ᠎ᠠ ᠲᠠᠢ ᠪᠣᠯᠭᠠᠬᠰᠠᠨ ᠢ ᠶᠠᠭᠠᠬᠢᠵᠦ ᠮᠡᠲᠡᠬᠦ ᠪᠢᠯᠡ︖
     ᠠᠬᠠᠮᠠᠳ ᠠᠷᠠᠳ ᠤᠨ ᠲᠠᠭᠠᠤᠴᠢᠨ ᠳᠤ ᠱᠠᠩᠨᠠᠯ ᠭᠠᠷᠳᠠᠭᠤᠯᠤᠨ᠎ᠠ       ᠨᠢᠭᠡ ᠤᠳᠠᠭ᠎ᠠ᠂ ᠬᠦᠭᠡ ᠲᠤᠯᠤᠭᠠᠢ ᠭᠡᠳᠡᠭ ᠭᠠᠵᠡᠷ ᠶᠠᠪᠤᠬᠳᠠᠬᠰᠡᠨ ᠲᠡᠮᠡᠭᠡᠨ ᠤ ᠤᠷᠤᠯᠳᠤᠭᠠᠨ ᠳᠤ ᠬᠦᠭᠡ ᠲᠤᠷᠭᠠᠨ ᠲᠠᠯᠢᠩᠪᠤᠤ ᠠᠯᠴᠢᠭᠤᠷ ᠢᠶᠠᠨ ᠲᠠᠬᠵᠠᠶᠢᠳᠠᠯ᠎ᠠ ᠤᠶᠠᠬᠰᠡᠨ 9 ᠨᠠᠰᠤᠳᠠᠢ ᠪᠡᠳᠮ᠎ᠠ᠂ ᠪᠦᠳᠦᠭᠦᠨ ᠠᠳᠡᠨ ᠤ ᠡᠷᠴᠢᠳᠦ ᠬᠦᠶᠤᠳᠠᠯ ᠳᠤ ᠲᠤᠬᠳᠠᠵᠦ ᠶᠠᠳᠠᠪᠠᠴᠦ᠂ ᠲᠡᠮᠡᠭᠡᠨ ᠪᠦᠬᠦ ᠠᠴᠠ ᠴᠢᠩᠭ᠎ᠠ ᠭᠡᠭᠴᠢ ᠪᠠᠷᠢᠨ ᠪᠤᠭᠤᠨᠢ ᠱᠤᠬᠰᠢᠭ᠎ᠠ ᠪᠠᠷ ᠲᠠᠪᠬᠢᠭᠤᠯᠵᠦ ᠡᠴᠤᠰ ᠤᠨ ᠦᠷᠳᠡᠭᠡ ᠬᠦᠷᠦᠭᠰᠡᠨ ᠪᠠᠶᠢᠨ᠎ᠠ᠃ ᠲᠡᠭᠡᠬᠦ ᠳᠤ ︽ᠬᠡᠷ ᠢᠶᠠᠨ ᠲᠦᠯᠦᠭᠡᠯᠡᠵᠦ ᠢᠷᠡᠭᠰᠡᠨ ᠵᠢᠭᠠᠬᠠᠨ ᠪᠡᠳᠮ᠎ᠠ ᠠᠴᠠ ᠲᠠᠭᠤᠤ ᠠᠪᠬᠤ ᠦᠭᠡᠢ ᠤᠤ︖︾ ᠬᠡᠵᠦ ᠬᠡᠨ ᠨᠢᠭᠡ ᠨᠢ ᠱᠠᠯᠠᠬᠤ ᠳᠤ ᠲᠤᠭᠤᠢᠢᠯᠠᠨ ᠵᠤᠬᠰᠤᠬᠰᠡᠨ ᠣᠯᠠᠨ ᠬᠦᠮᠦᠨ ᠤ ᠲᠤᠮᠳᠡ ᠬᠤᠷᠲᠣᠨ ᠭᠡᠭᠴᠢ ᠬᠦᠶᠤᠨ ᠬᠦᠷᠴᠦ ᠠᠭᠤᠵᠢᠭᠤ ᠲᠠᠶᠢᠪᠤᠭᠤᠬᠠᠨ ᠢᠶᠠᠷ ︽ᠲᠤᠨᠤᠮᠠᠯ ᠦᠡᠭᠭᠡ ᠲᠠᠢ ᠤᠯᠠᠭᠠᠨ︾᠎ ᠢᠶᠠᠨ ᠤᠶᠠᠩᠭᠠᠷᠡᠳᠠᠯ᠎ᠠ ᠲᠠᠭᠤᠯᠠᠵᠦ᠂ ᠨᠠᠭᠠᠳᠤᠮᠴᠢᠨ ᠤᠯᠠᠨ ᠢ ᠮᠠᠯ ᠭᠠᠶᠢᠬᠠᠭᠤᠯᠵᠦ ︽ᠬᠦᠬᠡᠷᠦᠬᠦᠢ᠂ ᠡᠨᠡ ᠴᠢᠨᠢ ᠶᠠᠮᠠᠷ ᠰᠠᠶᠢᠬᠠᠨ ᠬᠤᠭᠤᠯᠠᠢ ᠲᠠᠢ ᠬᠡᠤᠭᠡᠳ ᠪᠤᠢ︖︾ ᠬᠡᠬᠦ ᠮᠠᠬᠳᠠᠭᠠᠯ ᠰᠤᠨᠤᠰᠤᠨ ᠣᠯᠵᠠᠭᠤᠷᠬᠠᠵᠦ ᠶᠠᠪᠣᠬᠰᠠᠨ ᠭᠡᠲᠡᠭ᠃ ︽ᠪᠢ ᠴᠢᠨᠢ ᠪᠠᠭ᠎ᠠ ᠠᠴᠠ ᠪᠠᠨ ᠶᠡᠭᠡ ᠯᠡ ᠨᠢᠭᠤᠷᠮᠠᠭ ᠬᠦᠮᠦᠨ ᠪᠠᠶᠢᠬᠰᠡᠨ ᠪᠤᠯᠪᠠᠴᠦ ᠲᠠᠭᠤᠤ ᠲᠠᠭᠤᠯᠠᠬᠤ ᠳᠤ ᠢᠴᠢᠵᠦ ᠠᠶᠤᠬᠤ ᠶᠠᠪᠤᠳᠠᠯ ᠠᠯᠠᠭ᠎ᠠ ᠪᠣᠯᠲᠠᠬ︾ ᠬᠡᠵᠦ ᠪᠡᠳᠮ᠎ᠠ ᠭᠤᠸᠡᠢ ᠦᠪᠡᠷ ᠤᠨ ᠨᠠᠰᠤᠨ ᠤ ᠪᠡᠷᠢᠮᠳᠡᠯᠡᠯ ᠢᠶᠠᠨ ᠲᠤᠭᠠᠴᠢᠨ᠎ᠠ᠃ ᠪᠠᠭ᠎ᠠ ᠨᠠᠰᠤᠨ ᠤ ᠪᠠᠳᠮ᠎ᠠ ᠦᠷᠬᠦᠯᠵᠢ ᠬᠡᠨ ᠨᠠᠮ᠎ᠠ ᠶᠢ ᠲᠠᠭᠤᠯᠠ ᠬᠡᠵᠦ ᠬᠡᠯᠡᠳᠡᠭ ᠪᠤᠯ ᠡ︖ ᠬᠡᠵᠦ ᠬᠦᠰᠡᠵᠦ ᠬᠦᠯᠢᠶᠡᠲᠡᠭ ᠪᠠᠶᠢᠵᠠᠢ᠃ ᠬᠤᠷᠢᠮ ᠲᠦᠷᠦ᠂ ᠨᠠᠶᠢᠷ ᠨᠠᠭᠠᠳᠤᠮ ᠳᠤ ︽ᠬᠦᠢ᠂ ᠪᠡᠳᠮ᠎ᠠ ᠲᠠᠭᠤᠤ ᠪᠠᠨ ᠲᠠᠭᠤᠯᠠ︾ ᠬᠡᠬᠦ ᠳᠤ᠂ ᠭᠤᠰ ᠭᠢᠳᠡᠯ᠎ᠠ ᠦᠰᠦᠷᠦᠨ ᠪᠤᠰᠤᠭᠤᠨ ᠲᠠᠪᠤ ᠠᠷᠪᠠᠨ ᠪᠠᠳᠠᠭ ᠢ ᠠᠵᠢᠭ ᠦᠭᠡᠢ ᠠᠶᠠᠯᠤᠭᠤᠯᠠᠨ᠂ ᠵᠠᠷᠢᠮ ᠳᠠᠭᠠᠨ ᠬᠤᠶᠡᠷ ᠤᠯᠠᠭᠠᠨ ᠴᠢᠪᠠᠭ᠎ᠠ ᠪᠠᠷ ᠱᠠᠩᠨᠠᠭᠤᠯᠵᠦ᠂ ᠬᠦᠯ ᠭᠠᠵᠡᠷ ᠬᠦᠷᠬᠦ ᠦᠭᠡᠢ ᠪᠠᠶᠠᠷᠯᠠᠨ ᠤᠬᠵᠠᠶᠢᠳᠠᠯ᠎ᠠ ᠪᠦᠰᠡᠯᠡᠭᠰᠡᠨ ᠬᠦᠷᠡᠩ ᠲᠡᠷᠯᠢᠭ ᠳᠡᠭᠡᠨ ᠬᠤᠷᠮᠦ᠋ᠢᠯᠠᠨ ᠪᠠᠶᠢᠨ ᠲᠠᠬᠢᠨ ᠲᠠᠮᠳᠡᠷᠬᠢᠯᠠᠵᠦ᠂ ᠮᠠᠯ ᠲᠡᠮᠡᠭᠡᠨ ᠳᠡᠭᠡᠨ ᠶᠠᠪᠤᠬᠤ ᠪᠣᠯᠭᠠᠨ ᠪᠠᠭ᠎ᠠ ᠰᠠᠭ᠎ᠠ ᠪᠠᠷ ᠲᠠᠮᠰᠢᠶᠡᠯᠡᠨ ᠢᠳᠡᠳᠡᠭ ᠪᠠᠶᠢᠯ᠎ᠠ᠃ ᠢᠩᠬᠢᠭᠡᠳ ᠤᠷᠳᠦ ᠶᠢᠨ ᠲᠠᠭᠤᠤ ᠬᠡᠳᠡᠭ ᠴᠢᠨᠢ ᠤᠯᠠᠭᠠᠨ ᠴᠢᠪᠠᠭ᠎ᠠ ᠶᠢᠨ ᠠᠮᠳᠠ ᠲᠠᠢ ᠬᠡᠮᠡᠨ ᠲᠡᠷᠡ ᠦᠷᠬᠦᠯᠵᠢ ᠪᠣᠲᠣᠬᠤ ᠪᠣᠯᠵᠦ᠂ ᠭᠡᠶᠢᠴᠢᠨ ᠵᠤᠴᠢᠨ ᠢᠷᠡᠬᠦ ᠪᠤᠯᠭᠠᠨ ︽ᠨᠠᠮ᠎ᠠ ᠶᠢ ᠲᠠᠭᠤᠯᠠ︾ ᠬᠡᠵᠦ ᠬᠡᠯᠡᠳᠡᠭ ᠪᠤᠯ ᠤᠤ︖ ᠤᠯᠠᠭᠠᠨ ᠴᠢᠪᠠᠭ᠎ᠠ ᠤᠯᠳᠠᠭ ᠪᠤᠯ ᠦᠦ︖ ᠬᠡᠵᠦ ᠬᠠᠷᠡᠳᠠᠭ ᠪᠠᠶᠢᠯ᠎ᠠ᠃ ︽ᠤᠳᠦ ᠪᠤᠳᠤᠭᠠᠤᠨ ᠦᠵᠡᠬᠦ ᠳᠤ ᠤᠯᠠᠭᠠᠨ ᠴᠢᠪᠠᠭ᠎ᠠ ᠳᠤ ᠲᠤᠷᠡᠯᠠᠬᠰᠡᠨ ᠨᠢ ᠦᠨᠡᠨ ᠪᠤᠯᠪᠠᠴᠦ ᠨᠢᠯᠬ᠎ᠠ ᠤᠶᠤᠨ ᠳᠠᠭᠠᠨ ᠲᠤᠬᠳᠠᠭᠠᠬᠰᠡᠨ ᠠᠯᠠᠱᠠ ᠠᠷᠡᠳ ᠤᠨ ᠤᠷᠳᠦ ᠶᠢᠨ ᠲᠠᠭᠤᠤ ᠪᠠᠨ ᠬᠦᠮᠦᠨ ᠤᠯᠠᠨ ᠤ ᠴᠢᠬᠢᠨ ᠤ ᠬᠢᠨᠢ ᠴᠢᠮᠡᠭ ᠪᠤᠯᠭᠠᠨ ᠰᠤᠨᠤᠰᠬᠠᠶ᠎ᠠ ᠬᠡᠮᠡᠭᠰᠡᠨ ᠴᠠᠭᠠᠪᠤᠷᠢ ᠪᠤᠳᠤᠯ ᠪᠠᠶᠢᠵᠠᠢ︾ ᠭᠡᠵᠤ ᠪᠠᠳᠮ᠎ᠠ ᠭᠤᠸᠡᠢ ᠢᠨᠢᠶᠡᠨ ᠬᠡᠯᠡᠨ᠎ᠠ᠃      ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠣᠨᠠᠭᠠᠨ ᠠᠴᠠ ᠪᠠᠨ︾ ᠭᠡᠳᠡᠭᠴᠢᠯᠡᠨ ᠤᠷᠳᠦ ᠶᠢᠨ ᠲᠠᠭᠤᠤ ᠨᠢ ᠣᠷᠠᠯᠢᠬᠴᠢᠨ ᠪᠠᠳᠮ᠎ᠠ ᠶᠢᠨ ᠤᠶᠤᠨ ᠤᠬᠠᠭᠠᠨ ᠤ ᠲᠠᠯᠠᠯᠭ᠎ᠠ ᠪᠤᠯᠵᠦ ᠪᠠᠶᠢᠬᠰᠡᠨ ᠶᠤᠮ᠃ ᠨᠡᠯᠦᠭᠡᠷ ᠶᠡᠭᠡ ᠡᠯᠡᠰᠤᠨ ᠴᠦᠯ ᠤᠨ ᠬᠦᠨ ᠳᠤ ᠲᠡᠮᠡᠭᠡ ᠪᠠᠨ ᠬᠠᠷᠢᠭᠤᠯᠵᠦ ᠶᠠᠪᠤᠬᠤ ᠳᠠᠭᠠᠨ ᠤᠶᠤᠨ ᠮᠡᠳᠡᠷᠡᠯ ᠳᠤᠨᠢ ᠦᠪᠡᠷ ᠤᠨ ᠡᠷᠭᠡ ᠦᠭᠡᠢ ᠤᠷᠤᠵᠦ ᠢᠷᠡᠬᠦ ᠤᠷᠳᠦ ᠶᠢᠨ ᠲᠠᠭᠤᠤ ᠶᠢᠨ ᠠᠶ᠎ᠠ ᠪᠠᠨ ᠪᠢᠴᠢᠵᠦ ᠲᠡᠮᠳᠡᠭᠯᠡᠶ᠎ᠠ ᠬᠡᠬᠦ ᠳᠤ ᠨᠤᠲ ᠬᠦᠭᠵᠢᠮ ᠮᠡᠳᠡᠬᠦ ᠦᠭᠡᠢ ᠪᠤᠯᠬᠤᠷ ᠢᠰᠬᠡᠷᠴᠦ ᠶᠠᠪᠤᠪᠠᠴᠦ ᠰᠠᠳᠬᠢᠯ ᠬᠠᠨᠭ᠍ᠬᠤᠯᠤᠭᠤᠨ ᠦᠶᠦᠭ ᠲᠡᠪᠡᠳᠠᠢ       ᠬᠡᠨ ᠠᠴᠠ ᠴᠦ ᠵᠢᠷᠭᠠᠯᠲᠠᠢ ᠶᠤᠮᠰᠢᠭ ᠰᠠᠨᠠᠬᠲᠠᠵᠦ ᠪᠠᠶᠢᠯ᠎ᠠ᠃ ᠲᠤᠯᠤᠳᠤᠭᠠᠷ ᠲᠡᠭᠦᠤ ᠲᠤᠯᠮᠠᠵᠠᠪ ᠢᠶᠠᠨ ᠵᠢᠷᠭᠤᠭᠠᠨ ᠨᠠᠰᠤᠳᠠᠢ ᠪᠠᠶᠢᠬᠤ ᠳᠤ ᠨᠤᠮᠤᠬᠠᠨ ᠲᠡᠮᠡᠭᠡ ᠤᠨᠤᠭᠤᠯᠵᠦ ᠦᠨᠳᠤᠷ ᠲᠤᠯᠤᠭᠠᠢ ᠶᠢᠨ ᠨᠦᠮᠦᠷᠢ ᠳᠤ ᠲᠡᠮᠡᠭᠡ ᠬᠠᠷᠢᠭᠤᠯᠵᠦ ᠶᠠᠪᠣᠬᠰᠠᠨ ᠪᠠᠳᠮ᠎ᠠ᠄ ︽ᠬᠦᠭᠡ ᠢᠡᠭᠭᠡ ᠲᠠᠢ ᠲᠡᠮᠡᠭᠡ ᠨᠢ / ᠬᠦᠬᠦᠯ ᠤᠨ ᠠᠭᠤᠯᠠ ᠳᠤ ᠴᠤᠪᠤᠭᠠᠳ ᠪᠠᠶᠢᠨ᠎ᠠ / ᠬᠦᠬᠡᠷᠦᠬᠦᠨ ᠲᠦᠷᠦᠭᠰᠡᠨ ᠲᠤᠯᠮᠠᠵᠠᠪ / ᠬᠦᠷᠡᠩ ᠢᠡᠭᠭᠡ ᠪᠠᠷ ᠢᠶᠠᠨ ᠲᠦᠰᠢᠬᠦᠯᠤᠭᠡᠳ ᠪᠠᠶᠢᠨ᠎ᠠ︾ ᠬᠡᠵᠦ ᠲᠠᠭᠤᠤ ᠵᠤᠬᠢᠶᠡᠨ ᠲᠠᠭᠤᠯᠡᠵᠦ ᠪᠠᠶᠢᠬᠰᠠᠨ ᠬᠡᠳᠡᠭ᠃ ᠡᠨᠡ ᠮᠡᠳᠦ ᠪᠠᠷ ᠪᠡᠳᠮ᠎ᠠ ᠭᠤᠸᠡᠢ ᠠᠯᠠᠱᠠ ᠠᠷᠡᠳ ᠤᠨ ᠤᠷᠳᠦ ᠶᠢᠨ ᠲᠠᠭᠤᠤ ᠪᠠᠨ ᠬᠡᠳᠤᠢ ᠪᠡᠳᠠᠭ ᠰᠤᠷᠴᠦ᠂ ᠬᠡᠴᠢᠨᠡᠨ ᠤᠳᠠᠭ᠎ᠠ ᠲᠠᠭᠤᠯᠠᠬᠰᠡᠨ ᠢᠶᠠᠨ ᠣᠲᠣ ᠮᠡᠷᠳᠡᠵᠦ ᠤᠷᠬᠢᠵᠠᠢ᠃ ᠬᠤᠵᠢᠮ ᠨᠢ ᠠᠵᠢᠯ ᠤᠨ ᠴᠢᠯᠤᠭᠡᠨ ᠤ ᠤᠷᠠᠨ ᠰᠠᠶᠢᠬᠠᠨ ᠤ ᠪᠦᠯᠬᠦᠮ ᠳᠤ ᠡᠯᠰᠡᠭᠲᠡᠵᠦ᠂ ᠠᠯᠪᠠᠨ ᠶᠤᠰᠤᠨ ᠤ ᠪᠠᠭᠰᠢ ᠦᠭᠡᠢ ᠪᠤᠯᠪᠠᠴᠦ ᠲᠦᠷᠦᠯᠬᠢ ᠶᠢᠨ ᠤᠷ᠎ᠠ ᠠᠪᠢᠶᠠᠰ᠂ ᠰᠡᠴᠡᠨ ᠰᠡᠷᠬᠦᠯᠡᠩ ᠲᠡᠷᠢᠬᠢ ᠲᠤᠯᠤᠭᠠᠢ ᠳᠠᠭᠠᠨ ᠲᠦᠰᠢᠭᠯᠡᠨ ᠲᠠᠭᠤᠯᠠᠵᠦ ᠪᠦᠵᠢᠭᠯᠡᠬᠦ ᠶᠢᠨ ᠠᠯᠢᠨ ᠳᠤᠨᠢ ᠴᠦ ᠤᠰᠤᠯᠳᠠᠯ ᠦᠭᠡᠢ ᠶᠠᠪᠤᠵᠦ ᠪᠠᠶᠢᠳᠠᠯ᠎ᠠ 1959 ᠤᠨ ᠳᠤ ᠡᠵᠡᠨ᠎ᠠ ᠬᠤᠰᠢᠭᠤ ᠶᠢᠨ ᠰᠠᠶᠢᠬᠠᠨᠲᠤᠤᠷᠠᠢ ᠳᠤ ᠬᠤᠰᠢᠭᠤ ᠶᠡᠭᠡ ᠨᠡᠭᠠᠳᠤᠮ ᠪᠤᠯᠵᠦ᠂ ᠠᠵᠢᠯ ᠤᠨ ᠴᠢᠯᠦᠭᠡᠨ ᠤ ᠤᠷᠠᠨ ᠰᠠᠶᠢᠬᠠᠨ ᠤ ᠦᠵᠡᠬᠦᠯᠦᠯᠭᠡ ᠶᠢᠨ ᠲᠤᠬᠯᠠᠯᠳᠠ ᠡᠷᠬᠢᠯᠡᠬᠦ ᠳᠤ ᠪᠡᠳᠮ᠎ᠠ᠂ ᠵᠠᠮᠪᠠᠯ᠂ ᠲᠤᠯᠮᠠᠵᠡᠪ ᠲᠦᠷᠦᠭᠰᠡᠨ ᠡᠭᠡᠴᠢ ᠲᠡᠭᠦᠤ ᠭᠤᠷᠪᠠᠭᠤᠯᠨ ᠶᠢᠨ ᠤᠶᠠᠩᠭ᠎ᠠ ᠲᠠᠭᠤᠤ ᠨᠠᠭᠠᠳᠤᠮᠴᠢᠨ ᠲᠦᠮᠡᠨ ᠢ ᠭᠠᠶᠢᠬᠠᠭᠤᠯᠤᠬᠰᠡᠨ ᠪᠠᠶᠢᠵᠠᠢ᠃ ᠡᠶᠢᠨᠬᠦ ᠠᠩᠬ᠎ᠠ ᠪᠠᠶᠢᠭᠤᠯᠤᠬᠳᠠᠬᠤ ᠬᠡᠵᠦ ᠪᠠᠶᠢᠭ᠎ᠠ ᠡᠵᠡᠨ᠎ᠠ ᠬᠤᠰᠢᠭᠤᠨ ᠤ ᠤᠯᠠᠭᠠᠨᠮᠦ᠋ᠴᠢᠷ ᠤᠨ ᠬᠢᠨ ᠠᠴᠠ ︽ᠲᠠᠩᠭᠤᠳ ᠭᠡᠭᠡᠨ ᠤ ᠪᠡᠳᠮ᠎ᠠ ᠵᠠᠮᠪᠠᠯ ᠬᠤᠶᠠᠭᠤᠯᠠ ᠶᠢ ᠵᠠᠪᠠᠯ ᠠᠪᠤᠨ᠎ᠠ︾ ᠬᠡᠰᠡᠨ ᠲᠠᠰᠤᠷᠬᠠᠢ ᠵᠢᠭᠠᠪᠤᠷᠢ ᠢᠷᠡᠭᠰᠡᠨ ᠪᠠᠶᠢᠨ᠎ᠠ᠃ ᠰᠠᠨᠠᠭᠠᠨ ᠳᠠᠭᠠᠨ ᠲᠠᠭᠠᠷᠠᠬᠰᠠᠨ ᠠᠵᠢᠯ ᠣᠯᠣᠬᠰᠠᠨ ᠳᠠᠭᠠᠨ ᠠᠯᠠᠰᠬᠢᠨ ᠪᠠᠶᠠᠷᠯᠠᠪᠠᠴᠦ᠂ ᠰᠠᠨᠠᠭ᠎ᠠ ᠰᠠᠳᠬᠢᠯ ᠲᠤᠬᠳᠠᠪᠦᠷᠢ ᠦᠭᠡᠢ ᠲᠣᠯᠠ ᠭᠤᠷᠪᠡᠨ ᠰᠠᠷ᠎ᠠ ᠤᠨ ᠴᠢᠯᠦᠭᠡ ᠭᠤᠶᠤᠵᠦ ᠭᠡᠷ ᠲᠡᠭᠡᠨ ᠢᠷᠡᠪᠡ᠃ ᠠᠷᠦ ᠭᠡᠷ ᠤᠨ ᠢᠶᠠᠨ ᠬᠦᠳᠡᠯᠮᠦᠷᠢ ᠬᠦᠴᠦ ᠬᠦᠷᠤᠯᠴᠡᠬᠦ ᠦᠭᠡᠢ ᠪᠦᠭᠡᠳ ᠬᠡᠳᠤᠨ ᠲᠡᠬᠦᠤ ᠨᠠᠷ ᠤᠨ ᠢᠶᠠᠨ ᠨᠢᠯᠬ᠎ᠠ ᠪᠠᠯᠴᠢᠷ ᠪᠠᠶᠢᠭ᠎ᠠ ᠶᠢ ᠦᠵᠡᠭᠡᠳ ᠴᠢᠯᠦᠭᠡᠨ ᠤ ᠬᠤᠭᠤᠴᠠᠭ᠎ᠠ ᠲᠦᠬᠦᠭᠰᠡᠨ ᠴᠤ ᠲᠡᠮᠡᠭᠡ ᠪᠠᠨ ᠤᠨᠤᠭᠠᠳ ᠵᠤᠰᠠᠯᠠᠩ ᠬᠠᠶᠢᠷᠬᠠᠨ ᠤ ᠠᠷᠤ ᠦᠪᠤᠷ ᠢᠶᠠᠷ ᠲᠠᠯᠳᠡᠯᠡᠨ ᠬᠤᠰᠢᠭᠤᠨ ᠠᠴᠠ ᠢᠷᠡᠭᠰᠡᠨ ᠨᠤᠭᠤᠪᠳᠤᠷ ᠦᠡᠭᠭᠡ ᠲᠠᠢ 212 ᠮᠠᠰᠢᠨ ᠠᠴᠠ ᠵᠠᠶᠢᠯᠠᠨ ᠭᠠᠷᠴᠠᠢ᠃ ᠲᠡᠭᠦᠨ ᠠᠴᠠ ᠬᠤᠶᠢᠰᠢ ᠪᠠᠳᠮ᠎ᠠ ᠲᠡᠮᠡᠭᠡ ᠪᠠᠨ ᠬᠠᠷᠢᠭᠤᠯᠵᠦ᠂ ᠠᠵᠢᠯ ᠬᠦᠳᠡᠯᠮᠦᠷᠢ ᠳᠤ ᠤᠷᠤᠵᠦ᠂ ᠡᠵᠢ ᠲᠠᠢ ᠪᠠᠨ ᠬᠠᠮᠳᠦ ᠬᠡᠳᠤᠨ ᠲᠡᠬᠦᠤ ᠪᠠᠨ ᠦᠰᠭᠡᠵᠦ ᠶᠠᠪᠤᠬᠤ ᠳᠠᠭᠠᠨ ᠮᠠᠯᠴᠢᠳ ᠤᠨ ᠨᠠᠶᠢᠷ ᠨᠠᠭᠠᠳᠤᠮ ᠳᠤ ᠬᠤᠴᠤᠷᠤᠯ ᠦᠭᠡᠢ ᠤᠷᠤᠯᠴᠡᠵᠦ᠂ ᠲᠠᠭᠤᠯᠠᠬᠤ ᠪᠤᠯᠭᠠᠨ ᠱᠠᠩᠨᠠᠯ ᠲᠠᠢ ᠲᠤᠭᠤᠢ ᠰᠠᠭᠤᠳᠡᠯ ᠦᠭᠡᠢ ᠵᠠᠯᠠᠭᠤ ᠲᠠᠭᠤᠴᠢᠨ ᠪᠤᠯᠣᠯ᠎ᠠ᠃       ᠵᠢᠷᠭᠠᠯ ᠢᠷᠡᠪᠡᠯ ᠰᠠᠷᠠᠮᠵᠢᠯᠠᠵᠦ᠂ ᠵᠤᠪᠠᠯᠠᠩ ᠢᠷᠡᠪᠡᠯ ᠬᠠᠳᠠᠭᠤᠵᠢᠨ᠎ᠠ ᠬᠡᠳᠡᠭ᠃ ᠭᠤᠪᠢ ᠶᠢᠨ ᠵᠡᠷᠭᠡᠯᠭᠡᠨ ᠳᠤ ᠵᠦᠭᠡᠯᠡᠨ ᠬᠦᠶᠤᠳᠡᠯ ᠲᠠᠢ ᠲᠡᠮᠡᠭᠡ ᠪᠠᠨ ᠤᠨᠤᠵᠦ ︽ᠭᠠᠨᠭ᠍ᠭᠠᠡᠭ ᠤᠯᠠᠭᠠᠨ ᠲᠡᠮᠡᠭᠡ ᠪᠠᠷ / ᠭᠠᠯᠪᠠ ᠶᠢᠨ ᠭᠤᠪᠢ ᠶᠢ ᠲᠤᠭᠤᠯᠣᠯ᠎ᠠ ᠰᠢᠤ / ᠭᠠᠯ ᠰᠢᠬ ᠬᠠᠯᠠᠭᠤᠨ ᠨᠠᠷᠡᠨ ᠳᠤᠨᠢ / ᠭᠠᠨᠭ᠍ᠳᠡᠵᠦ ᠶᠠᠪᠤᠭ᠎ᠠ ᠪᠢ ᠴᠢᠨᠢ ᠳᠠ ᠁︾ ᠬᠡᠵᠦ ︽ᠭᠠᠨᠭ᠍ᠭᠠᠡᠭ ᠤᠯᠠᠭᠠᠨ ᠲᠡᠮᠡᠭᠡ︾ ᠬᠡᠬᠦ ᠠᠷᠡᠳ ᠤᠨ ᠲᠠᠭᠤᠤ ᠪᠠᠷ ᠢᠶᠠᠨ ᠦᠪᠡᠷ ᠤᠨ ᠪᠤᠳᠤᠯ ᠰᠠᠳᠬᠢᠯ ᠢᠶᠠᠨ ᠢᠯᠡᠳᠭᠡᠵᠦ ᠴᠡᠭᠡᠵᠢ ᠪᠠᠨ ᠠᠭᠤᠵᠢᠷᠠᠳᠠᠯ᠎ᠠ ᠲᠠᠭᠤᠯᠠᠵᠦ ᠪᠠᠶᠢᠯ᠎ᠠ᠃ ᠬᠡᠳᠡᠯ᠎ᠠ ᠲᠠᠷᠠ ᠪᠠᠷ ᠭᠠᠯ ᠵᠠᠯᠠᠭᠤ ᠬᠤᠷᠢᠨ ᠨᠡᠢᠮᠡᠳᠠᠢ ᠳᠠᠭᠠᠨ ︽ᠲᠡᠤᠭᠡ ᠶᠢᠨ ᠲᠡᠮᠤᠷ ᠵᠤᠳ ᠲᠤ ᠲᠠᠭᠠᠷᠢᠬᠳᠠᠨ︾ ︽ᠴᠢᠳᠭᠦᠷ︾ ᠪᠤᠯᠵᠦ ︽ᠮᠠᠯ ᠤᠨ ᠡᠵᠡᠡ ᠤ ᠦᠷ᠎ᠠ ᠰᠡᠳᠦᠨ︾᠂ ︽ᠱᠠᠰᠢᠨ ᠤ ᠲᠡᠭᠡᠳᠤ ᠲᠡᠪᠬᠤᠷᠭᠠᠳᠡᠨ ᠤ ᠦᠷ᠎ᠠ ᠰᠠᠳᠦᠨ︾᠎ ᠪᠠᠷ ᠲᠡᠮᠡᠴᠡᠭᠳᠡᠵᠦ ︽ᠤᠷᠤᠬᠤ ᠭᠡᠷ ᠤᠭᠤᠴᠢᠬᠤ ᠠᠶᠠᠭ᠎ᠠ ᠦᠭᠡᠢ︾ ᠪᠣᠯᠪᠠ᠃ ᠡᠵᠡᠬᠦᠢ ᠭᠤᠪᠢ ᠶᠢᠨ ᠶᠡᠭᠡ ᠬᠦᠨ ᠳᠤ ᠨᠡᠶᠢᠳᠠ ᠶᠢᠨ ᠲᠡᠮᠡᠭᠡ ᠶᠢ ᠬᠠᠷᠢᠭᠤᠯᠬᠤ ᠬᠤᠪᠢ ᠵᠠᠶᠠᠭ᠎ᠠ ᠲᠠᠢ ᠬᠤᠴᠣᠷᠣᠬᠰᠠᠨ ᠲᠡᠷᠡ ᠦᠰᠭᠡᠵᠦ ᠬᠦᠮᠦᠵᠢᠬᠦᠯᠦᠭᠰᠡᠨ ᠠᠪᠤ ᠡᠵᠢ ᠪᠠᠨ ᠠᠯᠳᠡᠵᠦ ᠦᠨᠦᠴᠢᠨ ᠬᠡᠳᠤᠨ ᠲᠡᠭᠦᠤ ᠨᠡᠷ ᠢᠶᠠᠨ ᠬᠠᠷᠠᠭᠠᠤᠨ ᠰᠠᠳᠬᠢᠯ ᠢᠶᠠᠷ ᠢᠶᠠᠨ ᠤᠨᠠᠪᠠᠴᠦ ᠦᠷᠦᠪᠲᠡᠬᠦ ᠬᠦᠮᠦᠨ ᠨᠢᠭᠡ ᠴᠦ ᠪᠠᠶᠢᠬᠰᠠᠨ ᠦᠭᠡᠢ᠃ ᠵᠦᠪᠭᠡᠨ ᠲᠤᠭ᠎ᠠ ᠲᠠᠢ ᠬᠡᠳᠤᠨ ᠲᠡᠮᠡᠭᠡ ᠪᠣᠯᠣᠨ ᠲᠣᠬᠯᠠᠨ ᠨᠢᠰᠬᠦ ᠭᠡᠭᠡᠷ᠎ᠡ ᠶᠢᠨ ᠪᠤᠯᠵᠤᠮᠤᠷ ᠰᠢᠪᠠᠭᠤ ᠠᠴᠠ ᠦᠭᠡᠷ᠎ᠠ ᠲᠡᠬᠦᠨ ᠤ ᠲᠠᠭᠤᠤ ᠶᠢ ᠰᠤᠨᠤᠰᠬᠤ ᠬᠦᠮᠦᠨ ᠠᠮᠢᠳᠡᠨ ᠬᠡᠵᠦ ᠪᠠᠶᠢᠬᠰᠠᠨ ᠦᠭᠡᠢ ᠠᠵᠢ᠃ ᠡᠶᠢᠨᠬᠦ ︽ᠰᠠᠬᠦᠯ ᠠᠴᠠ ᠪᠠᠨ ᠦᠭᠡᠷ᠎ᠠ ᠨᠦᠬᠦᠷ ᠦᠭᠡᠢ᠂ ᠰᠡᠭᠦᠳᠡᠷ ᠠᠴᠠ ᠪᠠᠨ ᠦᠭᠡᠷ᠎ᠠ ᠬᠠᠨᠢ ᠦᠭᠡᠢ︾ ᠦᠶ᠎ᠠ ᠳᠤ ᠠᠳᠡᠨ ᠲᠡᠮᠡᠭᠡ᠂ ᠬᠦᠷᠡᠩ ᠢᠡᠭᠭᠡ᠂ ᠠᠯᠠᠱᠠ ᠤᠷᠳᠦ ᠶᠢᠨ ᠲᠠᠭᠤᠤ ᠪᠠᠷ ᠢᠶᠠᠨ ᠰᠡᠳᠬᠢᠯ ᠢᠶᠠᠨ ᠠᠷᠭᠠᠲᠠᠵᠦ᠂ ᠡᠩᠭᠡᠷ ᠢᠶᠠᠨ ᠲᠡᠪᠳᠤᠳᠡᠯ᠎ᠠ ᠬᠡᠴᠢᠨᠡᠨ ᠤᠳᠠᠭ᠎ᠠ ᠤᠬᠢᠯᠡᠬᠰᠠᠨ ᠢ ᠬᠡᠨ ᠴᠦ ᠮᠡᠲᠡᠬᠦ ᠦᠭᠡᠢ ᠪᠣᠯᠵᠠᠢ᠃ 
     ᠨᠤᠳᠤᠬ ᠤᠨ ᠢᠶᠠᠨ ᠠᠷᠠᠳ ᠤᠨ ᠲᠠᠭᠠᠤᠴᠢᠳ ᠲᠠᠢ ᠬᠠᠮᠳᠤ ᠪᠠᠶᠢᠭ᠎ᠠ ᠨᠢ ︵ᠡᠮᠦᠨ᠎ᠡ ᠮᠦᠷ ᠤᠨ ᠵᠡᠭᠦᠨ ᠠᠴᠠ ᠭᠤᠷᠪᠠᠳᠤᠭᠠᠷ︶      ᠠᠷᠡᠳ ᠤᠨ ᠲᠠᠭᠤᠤ ᠶᠢᠨ ᠡᠳᠦᠷᠯᠢᠭ ᠠᠴᠠ ︽ᠠᠯᠠᠱᠠ ᠲᠠᠭᠤᠴᠢᠨ ᠪᠡᠳᠮ᠎ᠠ︾ ᠠᠯᠳᠡᠷᠰᠢᠨ ᠠᠯᠠᠱᠠ ᠣᠷᠲᠣ ᠶᠢᠨ ᠲᠠᠭᠤᠣ ᠶᠢ ᠰᠢᠰᠲ᠋ᠧᠮ ᠲᠠᠢ ᠡᠮᠬᠢᠳᠭᠡᠯ᠎ᠡ      ︽ᠲᠠᠷᠠ ᠵᠢᠯ ᠯᠾᠡᠵᠠᠪ 55᠎ ᠲᠠᠢ᠂ ᠫᠧᠯᠵᠢ 53᠎ ᠲᠠᠢ᠂ ᠮᠧᠳᠡᠭ 47᠎ ᠲᠠᠢ᠂ ᠪᠤᠶᠠᠨᠳᠡᠯᠭᠡᠷ 46᠎ ᠲᠠᠢ᠂ ᠪᠢ 39᠎ ᠲᠠᠢ︾ ᠬᠡᠵᠦ ᠪᠡᠳᠮ᠎ᠠ ᠭᠤᠸᠡᠢ 34 ᠵᠢᠯ ᠤᠨ ᠡᠮᠦᠨᠡᠬᠢ ᠵᠤᠭᠤᠭ ᠢᠶᠠᠨ ᠲᠡᠯᠭᠡᠨ᠎ᠠ᠃       1979 ᠤᠨ ᠪᠤᠯ ᠦᠬᠡᠷᠡᠴᠢᠯᠡᠯᠳᠠ ᠨᠡᠭᠡᠭᠡᠯᠳᠠ ᠶᠢᠨ ᠤᠷᠢᠬᠠᠨ ᠬᠠᠪᠤᠷ ᠢ ᠤᠬᠳᠤᠨ ᠠᠪᠤᠬᠰᠡᠨ ᠠᠩᠬᠠᠨ ᠤ ᠵᠢᠯ ᠪᠣᠯᠬᠤ ᠪᠦᠭᠡᠳ ᠮᠦᠨᠴᠦ ᠤᠨᠠᠵᠦ ᠪᠦᠳᠦᠷᠢᠵᠦ ᠶᠠᠪᠤᠬᠰᠡᠨ ᠪᠠᠳᠮ᠎ᠠ ᠶᠢ ᠪᠠᠭᠳᠠᠭᠠᠬᠰᠡᠨ ᠤᠯᠠᠨ ᠬᠦᠮᠦᠨ ᠤ ︽ᠨᠠᠷᠡ ᠨᠢ ᠭᠠᠷᠤᠬᠰᠡᠨ︾ ᠡᠬᠢᠨ ᠤ ᠤᠨ ᠪᠣᠯᠬᠤ ᠶᠣᠮ᠃ ᠲᠡᠷᠡ ᠵᠢᠯ ᠤᠨ ᠬᠠᠪᠤᠷ ᠤᠨ ᠭᠤᠷᠪᠡᠨ ᠰᠠᠷ᠎ᠠ ᠶᠢᠨ ᠠᠷᠪᠠᠳ ᠢᠶᠠᠷ ᠪᠠᠳᠮ᠎ᠠ ᠰᠤᠮᠤᠨ ᠲᠦᠪ ᠬᠦᠷᠬᠦ ᠳᠤ ᠰᠤᠮᠤᠨ ᠤ ᠺᠠᠳ᠋ᠷ᠄ ︽ᠬᠦᠶᠢ ᠪᠡᠳᠮ᠎ᠠ᠂ ᠭᠠᠨᠰᠦ ᠮᠤᠵᠢ ᠪᠠᠨ ᠲᠦᠯᠦᠭᠡᠯᠡᠵᠦ ᠦᠪᠤᠷ ᠮᠤᠩᠭᠤᠯ ᠳᠤ ᠬᠦᠷᠴᠦ ᠠᠷᠡᠳ ᠤᠨ ᠲᠠᠭᠤᠤ ᠶᠢᠨ ᠡᠳᠦᠷᠯᠢᠭ ᠲᠤ ᠤᠷᠤᠯᠴᠠᠭᠠᠷᠠᠢ︾ ᠬᠡᠵᠦ ᠬᠡᠯᠡᠭᠰᠡᠨ ᠢ ᠲᠠᠷᠠ ᠢᠳᠡᠭᠡᠵᠦ ᠶᠠᠲᠠᠵᠠᠢ᠃ ᠬᠡᠪᠡᠴᠦ ︽ᠠᠷᠡᠳ ᠤᠨ ᠲᠠᠭᠤᠤ︾ ᠬᠡᠰᠡᠨ ᠦᠭᠡᠨ ᠳᠤᠨᠢ ᠦᠨᠡᠮᠰᠢᠵᠦ ᠠᠬᠢᠭᠠᠳ ᠯᠠᠪᠳᠠᠭᠤᠯᠵᠦ ᠠᠰᠠᠭᠤᠬᠤ ᠳᠤᠨᠢ ᠤᠴᠢᠷ ᠶᠠᠪᠤᠳᠠᠯ ᠦᠨᠠᠨ ᠪᠤᠯᠬᠤᠷ ︽ᠤᠴᠢᠪᠠᠯ ᠤᠴᠢᠶ᠎ᠠ ᠰᠢᠲᠠ︕︾ ᠬᠡᠵᠦ ᠵᠤᠷᠢᠭ ᠰᠢᠭᠤᠲᠣᠬᠰᠠᠨ ᠪᠠᠶᠢᠨ᠎ᠠ᠃ ᠦᠡᠭᠭᠡ ᠲᠠᠢ ᠡᠪ ᠲᠠᠢ ᠬᠤᠪᠴᠡᠰᠦ ᠦᠭᠡᠢ᠂ ᠡᠷᠡᠬᠦᠯ ᠪᠦᠳᠤᠨ ᠮᠠᠯᠠᠭᠠᠢ ᠭᠤᠳᠤᠯ ᠴᠦ ᠦᠭᠡᠢ ᠪᠤᠯᠪᠡᠴᠦ ᠠᠶᠤᠤᠯᠢᠬᠠᠢ ᠴᠡᠭᠡᠵᠢᠨ ᠳᠡᠭᠡᠨ ᠲᠤᠬᠳᠠᠭᠠᠬᠰᠡᠨ ᠤᠷᠳᠦ ᠶᠢᠨ ᠲᠠᠭᠤᠤ ᠳᠠᠭᠠᠨ ᠪᠠᠭ᠋ᠠᠷᠬᠠᠵᠦ᠂ ᠲᠤᠤᠷᠡᠢ ᠶᠢᠨ ᠣᠢ ᠶᠢ ᠤᠶᠠᠷᠡᠭᠤᠯᠳᠡᠯ᠎ᠠ ᠲᠠᠭᠤᠯᠠᠵᠦ ᠶᠠᠪᠤᠬᠰᠡᠨ ᠦᠪᠡᠷ ᠤᠨ ᠪᠠᠶ᠎ᠠ ᠳᠡᠭᠡᠨ ᠢᠳᠡᠭᠡᠯᠲᠠᠢ ᠪᠠᠷ ᠬᠦᠬᠡᠬᠤᠳᠠ ᠶᠢ ᠵᠤᠷᠢᠯ᠎ᠠ᠃ ᠠᠷᠪᠠᠨ ᠬᠡᠳᠤᠨ ᠵᠢᠯ ᠭᠤᠪᠢ ᠶᠢᠨ ᠬᠦᠨ ᠠᠴᠠ ᠭᠠᠷᠤᠬᠰᠡᠨ ᠦᠭᠡᠢ ᠲᠠᠷᠠ ᠪᠠᠷ ᠨᠠᠷ᠎ᠠ ᠴᠤᠤᠲᠠᠢ 100 ᠭᠠᠷᠤᠢ ᠠᠷᠡᠳ ᠤᠨ ᠤᠷᠠᠯᠢᠬᠴᠢᠨ ᠲᠠᠢ ᠬᠠᠮᠳᠦ ᠨᠢᠭᠡᠨ ᠲᠠᠩᠬᠢᠮ ᠳᠤ ᠴᠤᠬᠯᠠᠷᠡᠨ ᠦᠪᠡᠷ ᠦᠪᠡᠷ ᠤᠨ ᠦᠡᠭᠭᠡ ᠪᠠᠷ ᠢᠶᠠᠨ ᠡᠭᠡᠰᠢᠭᠯᠡᠨ ᠵᠢᠷᠬᠢᠬᠦ ᠶᠢ ᠲᠦᠮᠨᠨ ᠵᠡᠬᠦᠳᠤᠨ ᠳᠡᠭᠡᠨ ᠰᠠᠨᠠᠵᠦ ᠤᠯᠤᠬᠰᠡᠨ ᠦᠭᠡᠢ᠃       ᠰᠦᠨ ᠯᠢᠶᠠᠩ ᠠᠪᠤ ᠶᠢᠨ ︽ᠡᠨᠡ ᠳ᠋ᠦᠩᠪᠸᠢ ᠪᠡᠷᠢ ᠶᠢᠨ ᠰᠠᠶᠢᠬᠠᠨ ᠲᠠᠭᠤᠯᠠᠬᠤ ᠬᠡᠵᠦ ᠡ︾ ᠬᠡᠵᠦ ᠬᠡᠯᠡᠭᠰᠡᠨ ᠢ ᠪᠡᠳᠮ᠎ᠠ ᠨᠠᠰᠤᠳᠡᠨ ᠡᠷᠬᠢᠴᠡᠬᠦᠯᠵᠦ ᠶᠠᠷᠢᠨ᠎ᠠ᠃ ᠡᠨᠡ ᠦᠶᠡᠰ ᠪᠡᠳᠮ᠎ᠠ ᠬᠦᠷᠢᠶ᠎ᠠ ᠨᠤᠳᠤᠭ ᠲᠠᠢ ᠢᠰᠢᠨᠤᠷᠪᠦ ᠬᠡᠳᠡᠭ ᠠᠷᠡᠳ ᠤᠨ ᠪᠠᠭᠰᠢ ᠲᠠᠢ ᠠᠶᠢᠯ ᠬᠡᠷ ᠪᠤᠯᠤᠯᠴᠡᠵᠦ ᠬᠤᠶᠡᠷ ᠬᠦᠤ ᠨᠢᠭᠡ ᠦᠬᠢᠨ ᠲᠠᠢ ᠪᠤᠯᠤᠬᠰᠡᠨ ᠪᠠᠶᠢᠯ᠎ᠠ᠃ ᠠᠷᠪᠠᠨ ᠵᠢᠯ ᠤᠨ ᠰᠠᠮᠠᠭᠤᠷᠠᠯ ᠤᠨ ᠲᠠᠷᠠᠭ᠎ᠠ ᠠᠯᠠᠱᠠ ᠠᠷᠠᠳ ᠤᠨ ᠲᠠᠭᠤᠣ ᠶᠢ ᠠᠩᠬ᠎ᠠ ᠣᠲᠠᠭ᠎ᠠ ᠷᠠᠳᠢᠣ᠋ ᠶᠢᠨ ᠰᠣᠷᠢᠨᠵᠢᠨ ᠪᠢᠴᠢᠯᠭᠡ ᠪᠣᠯᠭᠠᠨ ᠰᠢᠩᠭᠡᠭᠡᠵᠦ ᠪᠠᠶᠢᠭ᠎ᠠ ︽ᠬᠤᠶᠡᠷ ᠰᠠᠯᠠᠭ᠎ᠠ ᠤᠷᠳᠦ ᠬᠡᠵᠢᠬᠡ ᠤᠶᠠᠬᠰᠡᠨ᠂ ᠪᠤᠨᠳᠤᠭᠤᠷ ᠤᠯᠠᠭᠠᠨ ᠴᠢᠷᠠᠢ ᠲᠠᠢ ᠪᠡᠳᠮ᠎ᠠ︾ ᠨᠢᠭᠡᠯᠡ ᠠᠮᠢᠰᠬᠤᠭ᠎ᠠ ᠪᠠᠷ 20 ᠭᠠᠷᠤᠢ ᠤᠷᠳᠦ ᠶᠢᠨ ᠲᠠᠭᠤᠤ ᠰᠢᠩᠭᠡᠭᠡᠵᠦ᠂ ︽ᠦᠡᠭ ᠦᠷᠭᠡᠨ ᠠᠯᠠᠱᠠ︾ ︽ᠪᠡᠭᠡᠵᠢᠩ ᠯᠠᠮᠠ︾ ︽ᠬᠤᠨᠢᠨ ᠵᠢᠷᠤᠭ᠎ᠠ ᠮᠣᠷᠢ︾ ᠵᠡᠷᠭᠡ ᠠᠯᠠᠱᠠ ᠠᠷᠠᠳ ᠤᠨ ᠲᠠᠭᠤᠣ ᠷᠡᠳᠢᠣ᠋ ᠶᠢᠨ ᠴᠠᠩᠬᠡᠷ ᠲᠤᠯᠬᠢᠶᠡᠨ ᠢᠶᠠᠷ ᠬᠠᠨᠭ᠍ᠬᠢᠨᠠᠨ ︽ᠠᠯᠠᠱᠠ ᠲᠠᠭᠤᠴᠢᠨ ᠪᠡᠳᠮ᠎ᠠ︾ ᠴᠤ ᠲᠦᠷᠦ ᠲᠦᠮᠡᠨ ᠳᠡᠭᠡᠨ ᠲᠠᠨᠢᠬᠳᠠᠯ᠎ᠠ᠃       ᠲᠠᠷᠠ ᠴᠠᠭ ᠠᠴᠠ ᠡᠬᠢᠯᠡᠨ ᠴᠦᠭᠡᠪᠤᠷ ᠬᠡᠳᠤᠨ ᠲᠡᠮᠡᠭᠡ ᠪᠠᠨ ᠮᠠᠯᠯᠠᠵᠦ ᠶᠠᠪᠣᠬᠰᠠᠨ ᠠᠷᠡᠳ ᠤᠨ ᠲᠠᠭᠤᠴᠢᠨ ᠪᠡᠳᠮ᠎ᠠ ᠶᠢᠨ ᠲᠠᠭᠤᠤ ᠴᠡᠴᠡᠭ ᠠᠴᠠ ᠴᠡᠴᠡᠭ ᠤᠯᠪᠠᠭᠠᠯᠠᠨ᠂ ᠰᠠᠯᠬᠢᠨ ᠠᠴᠠ ᠰᠠᠯᠬᠢ ᠬᠠᠭᠠᠯᠤᠨ ᠶᠡᠭᠡ ᠪᠠᠭ᠎ᠠ ᠨᠠᠶᠢᠷ ᠨᠠᠭᠠᠳᠤᠮ ᠳᠤ ᠴᠢᠮᠡᠭ ᠪᠤᠯᠤᠨ ᠤᠶᠠᠩᠭᠠᠷᠠᠵᠦ᠂ ᠨᠣᠲᠤᠬ ᠣᠰᠣᠨ ᠤ ᠬᠢᠨᠢ ᠬᠦᠮᠦᠰ ︽ᠪᠠᠳᠮ᠎ᠠ ᠲᠠᠢ ᠪᠢᠲᠡᠭᠡᠢ ᠲᠠᠭᠤᠣ ᠪᠣᠯᠢᠶᠠᠯᠴᠠ︾ ᠭᠡᠵᠦ ᠬᠡᠯᠡᠯᠴᠡᠬᠦ ᠪᠣᠯᠵᠠᠢ᠃ ᠡᠶᠢᠨᠬᠦ ᠪᠡᠳᠮ᠎ᠠ ᠭᠤᠸᠡᠢ ︽ᠠᠯᠠᠱᠠ ᠤᠷᠳᠦ ᠶᠢᠨ ᠲᠠᠭᠤᠤ ᠶᠢᠨ ᠨᠡᠶᠢᠬᠡᠮᠯᠢᠭ︾᠎ ᠢ ᠰᠡᠷᠬᠦᠭᠡᠨ ᠪᠠᠶᠢᠭᠤᠯᠬᠤ ᠶᠢᠨ ᠬᠠᠮᠲᠣ ᠬᠦᠲᠡᠭᠡ ᠳᠡᠭᠡᠨ ᠱᠠᠪᠢ ᠡᠯᠰᠡᠬᠦ᠂ ᠠᠯᠠᠱᠠ ᠠᠷᠠᠳ ᠤᠨ ᠤᠷᠳᠦ ᠶᠢᠨ ᠲᠠᠭᠤᠤ ᠶᠢᠨ ᠪᠤᠯᠪᠠᠰᠤᠷᠠᠯ ᠤᠨ ᠠᠩᠬᠢ ᠡᠷᠬᠢᠯᠡᠬᠦ ᠵᠢᠴᠢ ᠠᠯᠠᠱᠠ ᠠᠶᠢᠮᠠᠬ ᠤᠨ ᠡᠯ᠎ᠠ ᠮᠤᠩᠭᠤᠯ ᠲᠤᠮᠳᠡᠳᠦ ᠪᠠᠭ᠎ᠠ ᠰᠤᠷᠭᠠᠭᠤᠯᠢ ᠨᠤᠭᠤᠳ ᠲᠤ ᠤᠷᠳᠦ ᠶᠢᠨ ᠲᠠᠭᠤᠤ ᠶᠢᠨ ᠣᠨᠴᠠᠯᠢᠬᠲᠣ ᠠᠩᠬᠢ ᠡᠷᠬᠢᠯᠡᠬᠦ ᠵᠡᠷᠭᠡ ᠦᠰᠦᠨ ᠠᠴᠠ ᠣᠯᠠᠨ ᠠᠵᠢᠯ ᠳᠤ ᠪᠣᠷᠪᠢ ᠪᠣᠬᠢᠰᠬᠢᠯ ᠦᠭᠡᠢ ᠵᠢᠳᠬᠦᠵᠦ ᠶᠠᠪᠣᠯ᠎ᠠ᠃ ᠲᠡᠷᠡᠴᠢᠯᠡᠨ ᠠᠯᠠᠱᠠ ᠶᠢᠨ ᠨᠤᠳᠤᠭ ᠤᠨ ᠡᠷᠳᠡᠮᠳᠡᠨ ᠪᠤᠯᠤᠨ ᠠᠷᠠᠳ ᠤᠨ ᠲᠠᠭᠤᠴᠢᠳ ᠢ ᠵᠤᠬᠢᠶᠠᠨ ᠪᠠᠶᠢᠭᠤᠯᠵᠦ᠂ ᠠᠯᠠᠱᠠ ᠶᠢᠨ ᠲᠡᠤᠭᠡᠨ ᠲᠡᠭᠡᠷᠡᠬᠢ ᠤᠷᠢᠳ ᠡᠮᠦᠨ᠎ᠠ ᠪᠠᠶᠢᠭ᠎ᠠ ᠦᠭᠡᠢ ᠦᠷᠭᠡᠨ ᠬᠡᠪᠴᠢᠶ᠎ᠠ ᠪᠦᠬᠦᠢ ᠠᠯᠠᠱᠠ ᠬᠤᠱᠤᠳ᠂ ᠲᠤᠷᠭᠤᠳ᠂ ᠬᠠᠯᠬ᠎ᠠ ᠤᠷᠳᠦ ᠶᠢᠨ ᠲᠠᠭᠤᠤ ᠶᠢ ᠪᠠᠶᠢᠴᠠᠭᠠᠬᠤ᠂ ᠲᠠᠮᠳᠡᠭᠯᠡᠬᠦ ᠵᠢᠴᠢ ᠴᠤᠬᠯᠠᠭᠤᠯᠤᠨ ᠡᠮᠬᠢᠳᠭᠡᠬᠦ ᠠᠵᠢᠯ ᠢ ᠭᠠᠷᠲᠠᠨ ᠬᠢᠵᠠᠢ᠃ ᠢᠩᠬᠢᠭᠡᠳ ︽ᠭᠤᠷᠪᠡᠨ ᠪᠤᠬᠴᠤᠨ ᠤ ᠤᠭᠤᠰᠤᠷ ᠢᠶᠠᠨ ᠲᠡᠰᠤᠷᠠᠳᠠᠯ᠎ᠠ ᠬᠦᠶᠤᠵᠦ᠂ ᠰᠠᠶᠢᠨ ᠤᠳᠤᠷᠢᠳᠤᠯᠭ᠎ᠠ᠂ ᠰᠠᠶᠢᠬᠠᠨ ᠰᠠᠳᠬᠢᠯᠳᠦ ᠬᠦᠮᠤᠰ ᠤᠨ ᠬᠠᠯᠠᠭᠤᠨ ᠲᠠᠮᠵᠢᠯᠭᠡ︾᠎ ᠪᠠᠷ ᠣᠷᠢᠳ ᠬᠤᠵᠢᠳ 1225 ᠪᠠᠳᠠᠭ ᠠᠯᠠᠱᠠ ᠬᠤᠱᠤᠳ᠂ ᠲᠤᠷᠭᠤᠳ᠂ ᠬᠠᠯᠬ᠎ᠠ ᠤᠷᠳᠦ ᠶᠢᠨ ᠲᠠᠭᠤᠤ᠂ ᠪᠤᠭᠤᠨᠢ ᠲᠠᠭᠤᠤ ᠪᠤᠯᠤᠨ 24 ᠪᠠᠳᠠᠭ ᠬᠤᠪᠤᠷ ᠴᠤᠬᠠᠭ ᠮᠤᠷᠢᠨ ᠬᠤᠭᠤᠷ ᠤᠨ ᠨᠤᠲ ᠬᠦᠭᠵᠢᠮ ᠵᠢᠴᠢ 335 ᠠᠯᠠᠱᠠ ᠶᠢᠨ ᠲᠡᠤᠭᠡᠳᠦ ᠬᠦᠮᠦᠨ ᠪᠤᠯᠤᠨ ᠤᠳᠦ ᠦᠶ᠎ᠠ ᠶᠢᠨ ᠴᠤᠤᠳᠦ ᠲᠠᠭᠤᠴᠢᠳ ᠢ ᠪᠠᠭᠳᠠᠭᠠᠬᠰᠡᠨ ︽ᠠᠯᠠᠱᠠ ᠠᠷᠡᠳ ᠤᠨ ᠲᠠᠭᠤᠤ ᠶᠢᠨ ᠴᠢᠭᠤᠯᠭᠠᠨ︾᠎ ᠢ ᠨᠠᠢᠷᠠᠭᠤᠯᠤᠨ ᠬᠡᠪᠯᠡᠬᠦᠯᠵᠠᠢ᠃ ᠨᠡᠶᠢᠲᠡ 7 ᠪᠤᠳᠢ 9 ᠲᠡᠪᠳᠡᠷ ᠪᠦᠬᠦᠢ ᠲᠤᠰ ᠴᠢᠭᠤᠯᠭᠠᠨ ᠨᠢ ᠮᠤᠩᠭᠤᠯ ᠦᠨᠳᠤᠰᠤᠳᠡᠨ ᠤ ᠤᠯᠠᠮᠵᠢᠯᠠᠯᠳᠦ ᠲᠠᠭᠤᠤ ᠬᠦᠭᠵᠢᠮ ᠤᠨ ᠨᠠᠨᠳᠢᠨ ᠦᠪ ᠢ ᠡᠮᠬᠢᠳᠭᠡᠨ ᠴᠤᠬᠯᠠᠭᠤᠯᠬᠤ ᠵᠢᠴᠢ ᠠᠪᠤᠷᠠᠨ ᠬᠠᠮᠠᠭᠠᠯᠠᠬᠤ᠂ ᠤᠨᠤᠯ ᠰᠤᠳᠤᠯᠭᠠᠨ ᠳᠤ ᠬᠦᠰᠢᠶ᠎ᠠ ᠲᠤᠷᠡᠰᠬᠠᠯ ᠪᠤᠯᠬᠤᠢᠢᠴᠠ ᠠᠴᠢ ᠬᠤᠯᠪᠤᠬᠳᠠᠯ ᠲᠠᠢ ᠬᠡᠵᠦ ᠡᠷᠳᠡᠮᠳᠡᠳ ᠦᠵᠡᠳᠡᠭ᠃ ᠡᠶᠢᠨᠬᠦ ᠪᠡᠳᠮ᠎ᠠ ᠭᠤᠸᠡᠢ ᠠᠯᠠᠱᠠ ᠤᠷᠳᠦ ᠶᠢᠨ ᠲᠠᠭᠤᠤ ᠶᠢ ᠰᠢᠰᠲ᠋ᠧᠮ ᠲᠠᠢ ᠡᠮᠬᠢᠳᠭᠡᠨ ᠴᠤᠬᠯᠠᠭᠤᠯᠬᠤ᠂ ᠬᠠᠮᠠᠭᠠᠯᠠᠬᠤ᠂ ᠦᠪᠯᠡᠬᠦᠯᠬᠦ᠂ ᠤᠯᠠᠮᠵᠢᠯᠠᠬᠤ ᠪᠠ ᠬᠦᠭᠵᠢᠬᠦᠯᠬᠦ ᠲᠤᠮᠤᠬᠠᠨ ᠠᠵᠢᠯ ᠳᠤ ︽ᠠᠳᠤᠭᠤ ᠰᠢᠬ ᠤᠷᠤᠢ ᠤᠨᠳᠠᠨ᠂ ᠰᠢᠪᠠᠭᠤ ᠰᠢᠬ ᠡᠷᠳᠡ ᠪᠤᠰᠤᠨ︾ ᠤᠳᠦ ᠪᠤᠯᠳᠠᠯ᠎ᠠ ᠦᠳᠡᠯᠦᠭᠡ ᠪᠠᠶ᠎ᠠ ᠪᠠᠨ ᠵᠦᠳᠡᠭᠡᠨ ᠠᠵᠢᠯᠯᠠᠵᠦ ᠪᠠᠶᠢᠨ᠎ᠠ᠃ ︽ᠪᠢ ᠴᠢᠨᠢ ᠪᠢᠴᠢᠭ ᠤᠨ ᠪᠠᠯᠠᠢ ᠬᠦᠮᠦᠨ᠂ ᠮᠢᠨᠦ ᠠᠮᠢᠳᠤᠷᠠᠯ ᠤᠢᠢᠯᠡᠰ ᠤᠨ ᠪᠦᠬᠦ ᠠᠵᠢᠯ ᠳᠤ ᠬᠦᠬᠡᠷᠦᠬᠦᠢ ᠦᠬᠢᠨ ᠮᠢᠨᠢ ᠪᠠᠷᠠᠭᠤᠨ ᠭᠠᠷ ᠪᠤᠯᠵᠦ ᠶᠠᠪᠤᠬᠰᠡᠨ ᠶᠤᠮ᠃ ᠬᠠᠷᠠᠮᠰᠠᠯᠳᠠᠢ ᠨᠢ ᠨᠢᠳᠤᠨᠤᠨ ᠵᠢᠯ ᠪᠢ ᠦᠬᠢᠨ ᠢᠶᠠᠨ ᠠᠯᠳᠠᠴᠢᠬᠠᠯ᠎ᠠ︾ ᠭᠡᠵᠦ ᠬᠡᠯᠡᠭᠰᠡᠨ ᠨᠠᠰᠤᠳᠡᠨ ᠭᠤᠸᠡᠢ ᠨᠢᠯᠪᠤᠰᠦ ᠪᠠᠨ ᠬᠤᠷᠢᠵᠦ ᠲᠡᠶᠢᠯᠦᠭᠰᠡᠨ ᠦᠭᠡᠢ᠃      ᠬᠠᠷ᠎ᠠ ᠪᠠᠭ᠎ᠠ ᠠᠴᠠ ᠪᠠᠨ ᠠᠴᠢᠳᠦ ᠡᠵᠢ᠂ ᠠᠷᠡᠳ ᠲᠦᠮᠡᠨ ᠠᠴᠠ ᠪᠠᠨ ᠠᠷᠠᠳ ᠤᠨ ᠲᠠᠭᠤᠣ ᠶᠢᠨ ᠣᠬᠠᠭᠠᠨ ᠦᠪᠯᠡᠵᠦ᠂ ᠵᠤᠯᠠ ᠶᠢᠨ ᠭᠤᠤᠯ ᠰᠢᠬ ᠭᠤᠨᠭ᠍ᠬᠠᠵᠦ ᠦᠰᠬᠦ ᠳᠡᠭᠡᠨ ᠲᠠᠭᠤᠤ ᠪᠠᠷ ᠢᠶᠠᠨ ᠲᠦᠮᠡᠨ ᠣᠯᠠᠨ ᠢ ᠤᠶᠠᠷᠠᠭᠤᠯᠵᠦ᠂ ᠠᠷᠡᠳ ᠤᠨ ᠲᠠᠭᠤᠤ ᠤᠷᠠᠯᠢᠭ ᠢ ᠤᠯᠠᠮᠵᠢᠯᠠᠬᠰᠡᠨ ᠤ ᠬᠢᠨᠢ ᠠᠴᠢ ᠬᠠᠷᠢᠭᠤ ᠳᠤ ᠠᠷᠡᠳ ᠲᠦᠮᠡᠨ ᠪᠣᠯᠣᠨ ᠵᠠᠰᠠᠭ ᠲᠦᠷᠦ ᠶᠢᠨ ᠢᠷᠠᠭᠤ ᠠᠯᠳᠠᠷ ᠢ ᠲᠠᠭᠠᠭᠠᠵᠦ ᠶᠠᠳᠠᠳᠠᠯ᠎ᠠ ᠬᠦᠷᠳᠡᠵᠦ᠂ ᠲᠦᠷᠦ ᠶᠢᠨ ᠡᠷᠬᠦᠮᠵᠢᠯᠠᠯᠳᠦ ᠲᠠᠷᠬᠠᠨ ᠲᠠᠭᠤᠴᠢᠨ᠂ ᠤᠯᠤᠰ ᠤᠨ ᠲᠠᠰ ᠤᠨ ᠪᠤᠳᠡᠰ ᠤᠨ ᠪᠤᠰᠦ ᠰᠤᠶᠤᠯ ᠤᠨ ᠦᠪ ᠤᠨ ᠦᠪᠯᠡᠨ ᠤᠯᠠᠮᠵᠢᠯᠠᠬᠴᠢ ᠵᠡᠷᠭᠡ ᠶᠢᠨ ᠢᠷᠠᠭᠤ ᠠᠯᠲᠠᠷ ᠢ ᠤᠳᠠᠭ᠎ᠠ ᠲᠠᠷᠠᠭᠠᠯᠠᠨ ᠬᠦᠷᠳᠡᠵᠡᠢ᠃ ︽ᠪᠢ ᠰᠤᠩᠭᠤᠳᠠᠬ ᠤᠷᠠᠯᠢᠭ ᠤᠨ ᠲᠠᠭᠤᠴᠢᠨ ᠪᠤᠯᠤᠬᠰᠡᠨ ᠪᠤᠯ ᠶᠠᠭᠠᠬᠢᠳᠠᠭ ᠪᠤᠯ︾ ᠬᠡᠵᠦ ᠨᠠᠰᠤᠳᠡᠨ ᠭᠤᠸᠡᠢ ᠦᠷᠬᠦᠯᠵᠢ ᠪᠤᠳᠤᠳᠠᠭ ᠪᠤᠯᠪᠠᠴᠦ ︽ᠨᠠᠰᠤᠨ ᠲᠤᠷᠰᠢᠳᠠ ᠠᠷᠡᠳ ᠤᠨ ᠤᠷᠠᠯᠢᠬᠴᠢᠨ ᠶᠠᠪᠤᠬᠰᠡᠨ ᠳᠠᠭᠠᠨ ᠭᠤᠮᠤᠳᠠᠬᠤ ᠤᠴᠢᠷ ᠦᠭᠡᠢ︾ ᠬᠡᠵᠦ ᠬᠡᠯᠡᠵᠦ ᠪᠠᠶᠢᠯ᠎ᠠ᠃
     ᠤᠶᠤᠳᠠᠨ ᠳᠤ ᠮᠤᠳᠤᠨ ᠴᠤᠭᠤᠷ ᠤᠨ ᠮᠡᠷᠭᠡᠵᠢᠯ ᠤᠯᠠᠮᠵᠢᠯᠠᠨ ᠵᠢᠭᠠᠨ᠎ᠠ      ᠲᠡᠮᠡᠭᠡᠴᠢᠨ ᠪᠦᠰᠡᠬᠦᠢ ᠠᠯᠠᠱᠠ ᠣᠷᠲᠣ ᠶᠢᠨ ᠲᠠᠭᠤᠣ ᠶᠢ ᠶᠡᠭᠡ ᠰᠣᠷᠭᠠᠭᠤᠯᠢ ᠶᠢᠨ ᠬᠢᠴᠢᠶᠡᠯ ᠤᠨ ᠲᠠᠶᠢᠰᠠᠨ ᠳᠤ ᠭᠠᠷᠭᠠᠯ᠎ᠠ       ᠰᠤᠷᠪᠤᠯᠵᠢᠯᠠᠬᠴᠢ ᠤᠢᠢᠷ᠎ᠠ ᠤᠨ ᠡᠳᠤᠷ᠂ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠲᠡᠭᠡᠳᠦ ᠰᠤᠷᠭᠠᠭᠤᠯᠢ ᠳᠤ ᠲᠡᠬᠢᠨᠳᠠ ᠤᠴᠢᠬᠤ ᠳᠤ᠂ ︽360 ᠪᠠᠳᠠᠭ ᠠᠯᠠᠱᠠ ᠠᠷᠡᠳ ᠤᠨ ᠤᠷᠳᠦ ᠶᠢᠨ ᠲᠠᠭᠤᠤ ᠶᠢᠨ ᠲᠤᠳᠤᠷ᠎ᠠ ᠠᠴᠠ ︿ᠦᠡᠭ ᠦᠷᠭᠡᠨ ᠠᠯᠠᠱᠠ﹀ ᠭᠡᠬᠦ ᠲᠠᠭᠤᠤ ᠪᠤᠯ ᠬᠠᠮᠤᠭ ᠤᠨ ᠲᠦᠪ ᠶᠡᠭᠡᠮᠰᠦᠭ ᠲᠦᠷᠦ ᠶᠤᠰᠤᠨ ᠤ ᠲᠠᠭᠤᠤ ᠪᠤᠯᠬᠤ ᠶᠤᠮ᠃ ᠲᠤᠰ ᠲᠠᠭᠤᠤ ᠶᠢᠨ ᠲᠤᠬᠠᠢ ᠡᠶᠢᠮᠦ ᠨᠢᠭᠡᠨ ᠲᠤᠮᠤᠭ ᠪᠤᠢ ᠁︾ ᠬᠡᠵᠦ ᠦᠷᠴᠢᠯᠡᠭᠡᠰᠦ ᠪᠠᠭᠤᠬᠰᠡᠨ ᠦᠷᠭᠡᠨ ᠮᠠᠩᠨᠠᠢ ᠳᠠᠭᠠᠨ ᠬᠢᠵᠠᠭᠠᠯᠠᠰᠢ ᠦᠭᠡᠢ ᠪᠠᠶᠠᠷ ᠵᠢᠷᠭᠠᠯ ᠤᠨ ᠮᠦᠰᠢᠶᠡᠳᠦ ᠲᠤᠳᠤᠷᠠᠭᠤᠯᠤᠬᠰᠡᠨ ᠨᠢᠭᠡᠨ ᠪᠤᠭᠤᠷᠤᠯ ᠬᠢᠴᠢᠶᠡᠯ ᠤᠨ ᠲᠠᠶᠢᠰᠠᠨ ᠳᠤ ᠨᠢᠷᠤᠭᠤ ᠬᠡᠳᠡᠶᠢᠨ ᠵᠤᠬᠰᠤᠵᠦ ᠠᠯᠠᠱᠠ ᠠᠷᠡᠳ ᠤᠨ ᠤᠷᠳᠦ ᠶᠢᠨ ᠲᠠᠭᠤᠤ ᠶᠢ ᠤᠷᠮ᠎ᠠ ᠲᠠᠢ ᠬᠢᠴᠢᠶᠡᠯᠯᠡᠵᠦ ᠪᠠᠶᠢᠯ᠎ᠠ᠃ ᠡᠨᠡ ᠪᠤᠯ ᠬᠠᠷᠠᠭ᠎ᠠ ᠠᠯᠳᠠᠮ᠎ᠠ ᠭᠤᠪᠢ ᠨᠤᠳᠤᠭ ᠤᠨ ᠬᠠᠶᠠᠭ᠎ᠠ ᠬᠢᠵᠠᠭᠠᠷ ᠦᠭᠡᠢ ᠦᠶ᠎ᠠ ᠲᠠᠮᠵᠢᠨ ᠲᠠᠭᠤᠯᠠᠬᠳᠡᠵᠦ ᠢᠷᠡᠭᠰᠡᠨ ᠠᠯᠠᠱᠠ ᠠᠷᠡᠳ ᠤᠨ ᠤᠷᠳᠦ ᠶᠢᠨ ᠲᠠᠭᠤᠤ ᠶᠢ ᠶᠡᠭᠡ ᠰᠤᠷᠭᠠᠭᠤᠯᠢ ᠶᠢᠨ ᠬᠢᠴᠢᠶᠡᠯ ᠤᠨ ᠲᠠᠶᠢᠰᠡᠨ ᠳᠤ ᠭᠠᠷᠭᠠᠬᠰᠡᠨ ᠪᠡᠳᠮ᠎ᠠ ᠪᠠᠭᠰᠢᠳᠡᠨ ᠪᠠᠶᠢᠯ᠎ᠠ᠃       — ᠪᠢ 2009 ᠤᠨ ᠤ 10 ᠰᠠᠷ᠎ᠠ ᠳᠤ ᠲᠤᠰ ᠰᠤᠷᠭᠠᠭᠤᠯᠢ ᠳᠤ ᠵᠤᠴᠢᠮᠠᠳ ᠫᠷᠤᠹᠧᠰᠰᠤᠷ ᠢᠶᠠᠷ ᠤᠷᠢᠬᠳᠠᠵᠦ ᠢᠷᠡᠭᠰᠡᠨ ᠶᠤᠮ᠃ ᠣᠲᠣ ᠪᠤᠳᠤᠭᠠᠤᠨ ᠦᠵᠡᠬᠦ ᠳᠤ ᠪᠦᠬᠦᠯᠢ ᠲᠦᠷᠪᠡᠨ ᠵᠢᠯ ᠪᠤᠯᠴᠢᠬᠠᠯ᠎ᠠ᠃ ᠤᠳᠦ ᠪᠢ ᠦᠪᠤᠷ ᠮᠤᠩᠭᠤᠯ ᠤᠨ ᠪᠠᠭᠠᠴᠤᠳ ᠤᠨ ᠨᠠᠶᠢᠷᠠᠯ ᠲᠠᠭᠤᠤ ᠶᠢᠨ ᠰᠠᠭᠤᠷᠢ ᠠᠩᠬᠢ ᠶᠢᠨ 100 ᠭᠠᠷᠤᠢ ᠰᠤᠷᠤᠬᠴᠢ᠂ ᠦᠨᠳᠤᠰᠤᠨ ᠠᠩᠬᠢ ᠶᠢᠨ 30 ᠤᠶᠤᠳᠡᠨ᠂ ᠠᠯᠠᠱᠠ ᠠᠷᠡᠳ ᠤᠨ ᠲᠠᠭᠤᠤ ᠶᠢᠨ ᠠᠩᠬᠢ ᠶᠢᠨ 6 ᠤᠶᠤᠳᠡᠨ ᠳᠠᠭᠠᠨ ᠤᠷᠳᠦ ᠶᠢᠨ ᠲᠠᠭᠤᠤ ᠶᠢᠨ ᠬᠢᠴᠢᠶᠡᠯ ᠵᠢᠭᠠᠵᠦ ᠪᠠᠶᠢᠨ᠎ᠠ᠃ ᠭᠡᠷᠪᠡ ᠲᠠᠯᠡᠠ ᠲᠤᠯᠤᠭ᠎ᠠ ᠬᠦᠷᠳᠡᠯ᠎ᠠ ᠠᠮᠢᠳᠦ ᠪᠠᠶᠢᠳᠠᠭ ᠲᠤ ᠯᠡ ᠬᠦᠷᠪᠡᠯ ᠤᠶᠤᠳᠡᠳ ᠢᠶᠠᠨ ᠲᠡᠭᠦᠰᠭᠡᠴᠢᠬᠡᠨ᠎ᠠ ᠭᠡᠵᠤ ᠭᠤᠸᠠᠢ ᠭᠡᠯᠡᠨ᠎ᠠ᠃       ᠯᠠᠮᠠ ᠭᠡᠭᠡᠨ ᠢ ᠪᠢᠰᠢᠷᠡᠬᠦ ᠦᠭᠡᠢ᠂ ᠠᠵᠢᠯ ᠬᠢᠬᠦ ᠦᠭᠡᠢ ᠬᠦᠮᠦᠨ ᠢ ᠲᠤᠭᠤᠬᠤ ᠦᠭᠡᠢ ︽ᠶᠤᠰᠤᠳᠠᠢ ᠵᠦᠷᠢᠬᠦᠤ︾ ᠬᠦᠮᠦᠨ ᠤ ᠨᠢᠭᠡ ᠪᠣᠯ ᠪᠠᠳᠮ᠎ᠠ ᠭᠤᠸᠡᠢ ᠪᠠᠶᠢᠯ᠎ᠠ᠃ ᠨᠢᠭᠡ ᠡᠳᠤᠷ ᠴᠦ ᠰᠤᠷᠭᠠᠭᠤᠯᠢ ᠳᠤ ᠰᠠᠭᠤᠬᠰᠠᠨ ᠦᠭᠡᠢ ᠬᠦᠮᠦᠨ ᠶᠡᠭᠡ ᠰᠤᠷᠭᠠᠭᠤᠯᠢ ᠳᠤ ᠬᠢᠴᠢᠶᠡᠯ ᠤᠷᠤᠵᠦ ᠴᠢᠳᠠᠬᠤ ᠪᠣᠯᠪᠠᠣ ᠭᠡᠵᠦ ᠡᠬᠢᠨ ᠳᠡᠭᠡᠨ ᠡᠷᠡᠭᠡᠯᠵᠡᠭᠡ ᠲᠠᠢ ᠰᠠᠨᠠᠵᠦ ᠪᠠᠶᠢᠬᠰᠠᠨ᠃ ︽ᠰᠤᠷᠤᠬᠴᠢ ᠬᠡᠳᠡᠭ ᠴᠢᠨᠢ ᠶᠡᠭᠡ ᠰᠠᠶᠢᠬᠠᠨ ᠠᠮᠢᠳᠡᠨ︾ ᠬᠡᠰᠡᠨ ᠢ ᠮᠡᠳᠡᠭᠰᠡᠨ ᠤ ᠬᠤᠶᠢᠨ᠎ᠠ ︽ᠪᠠᠭᠰᠢ ᠨᠢ ᠬᠦᠳᠡᠭᠡ ᠶᠢᠨ ᠴᠢᠪᠠᠭᠠᠨᠴᠨ ᠰᠢᠤ᠂ ᠬᠡᠵᠢᠶ᠎ᠠ ᠮᠠᠭᠠᠳ ᠪᠤᠬᠴᠦ ᠪᠠᠨ ᠡᠬᠦᠷᠤᠭᠡᠳ ᠶᠠᠪᠤᠴᠢᠬᠠᠨ᠎ᠠ ᠰᠢᠤ︾ ᠬᠡᠵᠦ ᠰᠤᠷᠤᠬᠴᠢᠳ ᠢᠶᠠᠨ ᠠᠶᠤᠯᠭᠠᠬᠤ ᠠᠷᠭᠠᠲᠠᠬᠤ ᠶᠢᠨ ᠬᠤᠭᠤᠷᠤᠨᠳᠦ ᠱᠤᠭ ᠶᠠᠷᠢᠭᠠᠳ ᠤᠷᠳᠦ ᠶᠢᠨ ᠲᠠᠭᠤᠤ ᠶᠢᠨ ᠦᠯᠢᠭᠡᠷ ᠲᠤᠮᠤᠭ᠂ ᠬᠦᠭᠵᠢᠯ ᠤᠯᠠᠮᠵᠢᠯᠠᠯ᠂ ᠲᠠᠭᠤᠯᠠᠬᠤ ᠠᠷᠭ᠎ᠠ ᠬᠡᠯᠪᠡᠷᠢ᠂ ᠬᠡᠪ ᠨᠠᠮᠪᠠ ᠁ ᠭᠡᠳ ᠨᠢᠭᠡᠳ ᠨᠢᠭᠡ ᠪᠠᠷ ᠨᠢᠮᠪᠠᠢ ᠲᠠᠶᠢᠯᠪᠦᠷᠢᠯᠡᠳᠠᠬ ᠪᠠᠶᠢᠯ᠎ᠠ᠃       ᠨᠠᠰᠦ ᠪᠠᠷ ᠢᠶᠠᠨ ᠤᠷᠳᠦ ᠶᠢᠨ ᠲᠠᠭᠤᠤ ᠪᠠᠨ ᠰᠢᠳᠦᠨ ᠲᠡᠭᠡᠳᠤᠯᠠᠵᠦ ︽ᠲᠠᠷᠬᠠᠨ ᠲᠠᠭᠤᠴᠢᠨ︾ ᠴᠤᠯᠠ ᠬᠦᠷᠳᠡᠭᠰᠡᠨ ᠪᠡᠳᠮ᠎ᠠ ᠭᠤᠸᠡᠢ ᠦᠪᠡᠷ ᠢ ᠪᠠᠨ ᠭᠡᠵᠢᠶᠡᠲᠡ ︽ᠵᠢᠩᠬᠢᠨᠢ ᠮᠠᠯᠴᠢᠨ ᠬᠦᠮᠦᠨ︾ ᠬᠡᠵᠦ ᠬᠡᠯᠡᠳᠡᠭ ᠪᠦᠭᠡᠳ ︽ᠠᠷᠡᠳ ᠲᠦᠮᠡᠨ ᠪᠤᠯ ᠠᠴᠢᠳᠦ ᠪᠠᠭᠰᠢ ᠮᠢᠨᠢ ᠪᠢᠯᠠ᠃ ᠰᠠᠶᠢᠨ ᠲᠠᠭᠤᠴᠢᠨ᠂ ᠭᠤᠤᠯᠴᠢ ᠰᠢᠬᠦᠭᠴᠢ ᠠᠷᠡᠳ ᠲᠦᠮᠡᠨ ᠤ ᠲᠤᠮᠳᠠ ᠪᠤᠢ᠃ ᠭᠠᠭᠴᠠᠬᠦ ᠠᠷᠡᠳ ᠲᠦᠮᠡᠨ ᠳᠡᠭᠡᠨ ᠬᠦᠷᠢᠶᠡᠯᠡᠭᠳᠡᠭᠰᠡᠨ ᠲᠠᠭᠤᠴᠢᠨ ᠪᠤᠯ ᠰᠠᠶᠢ ᠵᠢᠩᠬᠢᠨᠢ ᠰᠠᠶᠢᠨ ᠲᠠᠭᠤᠴᠢᠨ᠃ ᠪᠢ ᠤᠳᠦ ᠠᠴᠠ ᠪᠠᠨ ᠡᠬᠢᠯᠡᠵᠦ ᠬᠡᠷᠢᠶᠡᠰ ᠢᠶᠠᠨ ᠪᠢᠴᠢᠬᠦ ᠪᠠᠷ ᠪᠠᠯᠠᠳᠭᠡᠵᠦ ᠪᠠᠶᠢᠨ᠎ᠠ︾ ᠬᠡᠵᠦ ᠰᠠᠳᠬᠢᠯ ᠤᠨ ᠦᠭᠡ ᠪᠠᠨ ᠶᠠᠷᠢᠬᠤ ᠶᠤᠮ᠃ ᠤᠷᠠᠯᠢᠭ ᠤᠨ ᠲᠡᠭᠡᠳᠤ ᠰᠤᠷᠭᠠᠭᠤᠯᠢ ᠳᠠᠬᠢ ᠪᠡᠳᠮ᠎ᠠ ᠭᠤᠸᠡᠢ ᠶᠢᠨ ᠠᠵᠢᠯ ᠠᠮᠢᠳᠤᠷᠠᠯ ᠢ ᠲᠤᠰᠬᠠᠢ ᠬᠠᠷᠠᠭᠠᠯᠵᠠᠵᠦ ᠪᠠᠶᠢᠭ᠎ᠠ ᠤᠶᠤᠨ᠎ᠠ ᠪᠠᠭᠰᠢ᠄ ︽ᠪᠠᠳᠮ᠎ᠠ ᠪᠠᠭᠰᠢ ᠠᠵᠢᠯ ᠠᠮᠢᠳᠤᠷᠠᠯ ᠳᠠᠭᠠᠨ ᠨᠠᠷᠢᠨ ᠬᠢᠨᠠᠮᠠᠭᠠᠢ ᠲᠦᠰᠤᠪ ᠲᠦᠯᠦᠪᠯᠡᠭᠡ ᠲᠠᠢ ᠪᠦᠭᠡᠳ ᠬᠤᠯᠠ ᠶᠢᠨ ᠬᠠᠷᠡᠴᠠ ᠲᠠᠢ ᠬᠦᠮᠦᠨ ᠪᠢᠯᠠ︾ ᠬᠡᠵᠦ ᠲᠦᠷᠪᠡᠨ ᠵᠢᠯ ᠬᠠᠮᠵᠢᠨ ᠠᠵᠢᠯᠯᠠᠬᠰᠡᠨ ᠲᠠᠷᠠ ᠪᠠᠷ ᠬᠤᠪᠢ ᠶᠢᠨ ᠤᠢᠢᠯᠠᠭᠠᠯᠳᠠ ᠪᠠᠨ ᠶᠠᠷᠢᠨ᠎ᠠ᠃       ᠰᠤᠶᠤᠯ ᠤᠷᠠᠯᠢᠭ ᠢ ᠪᠠᠭᠳᠠᠭᠠᠬᠰᠡᠨ ᠮᠤᠩᠭᠤᠯᠴᠤᠳ ᠤᠨ ᠤᠷᠳᠦ ᠤᠳᠠᠭᠠᠨ ᠲᠡᠤᠭᠡᠨ ᠵᠠᠮᠨᠠᠯ ᠳᠤ ᠶᠡᠷᠦ ᠠᠴᠠ ᠪᠠᠨ ᠴᠦᠭᠡᠨ ᠲᠤᠭᠠᠨ ᠤ ᠰᠢᠯᠢᠳᠡᠭ ᠡᠮᠡᠭᠳᠡᠶᠢᠴᠤᠳ ᠤᠬᠠᠭᠠᠨ ᠵᠤᠷᠢᠭ᠂ ᠤᠶᠡᠷᠡᠯ ᠬᠠᠶᠢᠷ᠎ᠠ ᠪᠠᠷ ᠢᠶᠠᠨ ᠦᠷ᠎ᠠ ᠬᠤᠶᠢᠴᠢᠰ ᠲᠠᠭᠠᠨ ᠤᠷᠤᠬᠰᠢ ᠲᠠᠪᠰᠢᠬᠤ ᠵᠠᠮ ᠨᠡᠭᠡᠭᠡᠨ ᠦᠭᠳᠡᠭ ᠤᠴᠢᠷᠳᠠᠢ ᠪᠢᠯᠠ᠃ ᠲᠠᠯᠡᠠ ᠨᠠᠰᠤᠨ ᠤ ᠲᠦᠷᠤᠭᠡ ᠢᠰᠬᠦᠯᠦᠭᠰᠡᠨ ᠪᠡᠳᠮ᠎ᠠ ᠭᠤᠸᠡᠢ ᠠᠯᠠᠱᠠ ᠳᠠᠭᠠᠨ ᠤᠷᠳᠦ ᠶᠢᠨ ᠲᠠᠭᠤᠤ ᠶᠢᠨ ᠪᠤᠯᠪᠠᠰᠤᠷᠠᠯ ᠤᠨ ᠰᠠᠭᠤᠷᠢᠨ ᠪᠠᠶᠢᠭᠤᠯᠬᠤ ᠲᠦᠯᠦᠪᠯᠡᠭᠡ ᠲᠠᠢ ᠪᠠᠷ ᠦᠷᠯᠦᠭᠡ ᠦᠳᠡᠰᠢ ᠶᠢᠨ ᠬᠤᠪᠢᠨ ᠳᠤ ᠴᠠᠭ ᠮᠦᠴᠠ ᠲᠠᠢ ᠤᠷᠤᠯᠳᠤᠨ       ︽ᠠᠷᠡᠳ ᠤᠨ ᠲᠠᠭᠤᠤ ᠪᠤᠯ ᠠᠮᠢ ᠨᠠᠰᠤᠨ ᠤ ᠮᠠᠨᠢ ᠦᠷᠬᠦᠯᠵᠢᠯᠡᠯ ᠮᠦᠨ︾ ᠬᠡᠵᠦ ᠠᠵᠢᠯᠯᠠᠬᠰᠠᠭᠠᠷ ᠯᠡ᠃ ︵ᠦᠪᠦᠷ ᠮᠤᠩᠭᠤᠯ ᠤᠨ ᠡᠳᠦᠷ ᠤᠨ ᠰᠤᠨᠢᠨ ᠤ ᠰᠤᠷᠪᠤᠯᠵᠢᠯᠠᠬᠴᠢ ᠮᠦᠷᠡᠨ︶
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号