ᠡᠵᠡᠨ᠎ᠡ ᠲᠤᠷᠭᠤᠳ ᠨᠢ ᠦᠪ ᠰᠤᠶᠤᠯ ᠢᠶᠠᠨ ᠦᠪᠡᠷ ᠤᠨ ᠦᠪᠡᠷᠮᠢᠴᠡ ᠠᠷᠭ᠎ᠠ ᠬᠡᠯᠪᠡᠷᠢ ᠪᠠᠷ ᠤᠯᠠᠮᠵᠢᠯᠠᠨ | ᠵᠠᠯᠭᠠᠮᠵᠢᠯᠠᠭᠰᠠᠭᠠᠷ ᠢᠷᠡᠪᠡ᠃ | ᠲᠤᠰ ᠬᠤᠰᠢᠭᠤᠨ ᠤ ᠬᠦᠮᠦᠨ ᠠᠮᠠ ᠴᠦᠬᠡᠨ ᠪᠠᠶᠢᠭᠰᠠᠨ ᠴᠤ ᠤᠷᠳᠤ ᠶᠢᠨ ᠲᠠᠭᠤᠤ ᠪᠠᠨ ᠲᠠᠭᠤᠯᠠᠵᠤ | ᠴᠢᠳᠠᠬᠤ ᠬᠦᠮᠦᠨ ᠬᠠᠷᠢᠨ ᠤᠯᠠᠨ ᠪᠠᠶᠢᠵᠠᠢ᠃ ᠯᠾᠠᠸᠠᠩᠵᠠᠪ ᠨᠤᠶᠠᠨ ᠤ ᠦᠶ᠎ᠡ ᠶᠢᠨ ᠨᠡᠷᠡᠳᠡᠢ ᠲᠠᠭᠤᠴᠢᠨ ᠪᠤᠤᠪᠤ | ᠭᠠᠭᠴᠠ ᠪᠠᠷ ᠢᠶᠠᠨ ᠭᠤᠷᠪᠠᠨ ᠵᠠᠭᠤᠨ ᠤᠷᠳᠤ ᠲᠠᠭᠤᠤ ᠲᠠᠭᠤᠯᠠᠳᠠᠭ ᠪᠠᠶᠢᠭᠰᠠᠨ ᠭᠡᠳᠡᠭ ᠪᠦᠭᠡᠳ ᠲᠡᠷᠡ ᠦᠶ᠎ᠡ ᠳᠤ | ᠵᠦᠪᠬᠡᠨ ᠤᠯᠠᠨ ᠢᠶᠠᠷ ᠢᠶᠠᠨ ᠲᠠᠭᠤᠯᠠᠵᠤ ᠴᠢᠳᠠᠬᠤ ᠤᠷᠳᠤ ᠶᠢᠨ ᠲᠠᠭᠤᠤ ᠲᠦᠷᠪᠡᠨ ᠵᠠᠭᠤ ᠭᠠᠷᠤᠢ ᠪᠠᠶᠢᠭᠰᠠᠨ ᠭᠡᠮᠡᠨ | ᠨᠠᠰᠤᠳᠠᠶᠢᠴᠤᠳ ᠬᠠᠭᠤᠴᠢᠯᠠᠳᠠᠭ ᠪᠢᠯᠡ᠃ ᠤᠯᠤᠰ ᠲᠦᠷᠦ᠂ ᠴᠡᠷᠢᠭ ᠲᠠᠶᠢᠨ᠂ ᠬᠦᠮᠦᠨ ᠠᠮᠠ ᠴᠦᠬᠡᠨ ᠵᠡᠷᠭᠡ | ᠤᠯᠠᠨ ᠲᠠᠯ᠎ᠠ ᠶᠢᠨ ᠰᠢᠯᠳᠠᠭᠠᠨ ᠠᠴᠠ ᠪᠤᠯᠵᠤ ᠮᠠᠰᠢ ᠤᠯᠠᠨ ᠰᠠᠶᠢᠬᠠᠨ ᠲᠠᠭᠤᠤ ᠮᠠᠷᠳᠠᠭᠳᠠᠨ ᠭᠡᠭᠡᠭᠳᠡᠵᠦ ᠮᠠᠨ ᠤ | ᠦᠶ᠎ᠡ ᠳᠤ ᠤᠯᠠᠮᠵᠢᠯᠠᠭᠳᠠᠵᠤ ᠴᠢᠳᠠᠭ᠎ᠠ ᠦᠭᠡᠢ ᠨᠢ ᠲᠤᠩ ᠬᠠᠷᠠᠮᠰᠠᠯᠳᠠᠢ᠃ | ᠡᠵᠡᠨ᠎ᠡ ᠠᠷᠠᠳ ᠤᠨ ᠲᠠᠭᠤᠤ ᠶᠢ ᠴᠤᠭᠯᠠᠭᠤᠯᠤᠨ ᠡᠮᠬᠢᠳᠭᠡᠬᠦ ᠠᠵᠢᠯ ᠨᠢ ᠲᠡᠭᠡᠳᠦ ᠵᠠᠭᠤᠨ ᠤ ᠵᠢᠷᠠᠭᠠᠳ | ᠤᠨ ᠠᠴᠠ ᠶᠡᠷᠡᠭᠡᠳ ᠤᠨ ᠤ ᠡᠬᠢ ᠪᠤᠯᠳᠠᠯ᠎ᠠ ᠤᠷᠢᠳ ᠬᠤᠵᠢᠳ ᠲᠦᠷᠪᠡᠨ ᠤᠳᠠᠭ᠎ᠠ ᠶᠠᠪᠤᠭᠳᠠᠵᠤ᠂ ᠲᠤᠰᠤᠨ | ᠲᠠᠷᠤᠮᠠᠯᠯᠠᠯ ᠪᠤᠯᠭᠠᠨ ᠬᠠᠳᠠᠭᠠᠯᠠᠭᠰᠠᠨ ᠪᠦᠭᠡᠳ ᠨᠠᠶᠠ ᠶᠡᠷᠡᠭᠡᠳ ᠤᠨ ᠳᠤ ᠡᠮᠬᠢᠳᠭᠡᠭᠰᠡᠨ ᠲᠠᠭᠤᠤ ᠳᠤ ᠪᠠᠰᠠ | ᠰᠢᠩᠭᠡᠭᠡᠯᠳᠡ ᠬᠢᠵᠡᠢ᠃ 1998 ᠤᠨ ᠳᠤ ᠡᠵᠡᠨ᠎ᠡ ᠲᠤᠷᠭᠤᠳ ᠤᠨ ᠡᠬᠡ ᠨᠤᠳᠤᠭ ᠲᠠᠭᠠᠨ ᠪᠤᠴᠠᠵᠤ ᠢᠷᠡᠭᠰᠡᠨ | ᠭᠤᠷᠪᠠᠨ ᠵᠠᠭᠤᠨ ᠵᠢᠯ ᠤᠨ ᠤᠢ ᠳᠤ ᠪᠡᠯᠡᠭ ᠪᠤᠯᠭᠠᠨ ᠡᠷᠭᠦᠬᠦ ᠵᠤᠷᠢᠯᠭ᠎ᠠ ᠪᠠᠷ ︽ᠡᠵᠡᠨ᠎ᠡ ᠠᠷᠠᠳ ᠤᠨ ᠲᠠᠭᠤᠤ︾ | ︵ᠲᠡᠭᠡᠳᠦ︶ ᠬᠡᠬᠦ ᠲᠤᠰᠬᠠᠢ ᠲᠠᠭᠤᠨ ᠤ ᠲᠡᠪᠳᠡᠷ ᠬᠡᠪᠯᠡᠭᠦᠯᠵᠦ᠂ ᠤᠩᠰᠢᠭᠴᠢ ᠤᠯᠠᠨ ᠲᠠᠢ ᠨᠢᠭᠤᠷ | ᠵᠤᠯᠭᠠᠭᠤᠯᠤᠭᠰᠠᠨ ᠶᠤᠮ᠃ ᠲᠤᠰ ᠤᠳᠠᠭᠠᠨ ᠤ ᠴᠤᠭᠯᠠᠭᠤᠯᠭ᠎ᠠ ᠳᠤ ᠨᠡᠶᠢᠳᠡ 418 ᠲᠠᠭᠤᠤ ︵ᠡᠭᠦᠨ ᠳᠤ | ᠤᠷᠳᠤ ᠶᠢᠨ ᠲᠠᠭᠤᠤ 248᠂ ᠠᠬᠠᠷ ᠲᠠᠭᠤᠤ 170︶ ᠶᠢ ᠴᠤᠭᠯᠠᠭᠤᠯᠤᠨ ᠡᠮᠬᠢᠳᠭᠡᠵᠦ᠂ ᠲᠡᠳᠡᠭᠡᠷ ᠠᠴᠠ 300 | ᠲᠠᠭᠤᠤ ︵ᠡᠭᠦᠨ ᠤ ᠲᠤᠳᠤᠷ᠎ᠠ ᠤᠷᠳᠤ ᠶᠢᠨ ᠲᠠᠭᠤᠤ 183᠂ ᠠᠬᠠᠷ ᠲᠠᠭᠤᠤ 117︶ ᠶᠢ ᠰᠢᠯᠢᠨ ᠰᠤᠩᠭᠤᠵᠤ | ᠲᠤᠰ ᠲᠡᠪᠳᠡᠷ ᠲᠤ ᠤᠷᠤᠭᠤᠯᠪᠠ᠃ ᠰᠢᠨ᠎ᠡ ᠵᠠᠭᠤᠨ ᠳᠤ ᠠᠯᠬᠤᠨ ᠤᠷᠤᠭᠰᠠᠨ ᠤ ᠲᠠᠷᠠᠭ᠎ᠠ ᠤᠯᠤᠰ ᠪᠠ | ᠤᠷᠤᠨ ᠠᠴᠠ ᠰᠤᠶᠤᠯ ᠤᠨ ᠠᠵᠢᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠭᠡᠭᠡᠭᠳᠡᠨ ᠮᠠᠷᠳᠠᠭᠳᠠᠵᠤ | ᠪᠠᠶᠢᠭ᠎ᠠ ᠤᠯᠠᠮᠵᠢᠯᠠᠯᠳᠤ ᠰᠤᠶᠤᠯ ᠳᠤ ᠠᠪᠤᠷᠠᠯᠳᠠ ᠬᠢᠬᠦ᠂ ᠦᠪᠯᠡᠨ ᠵᠠᠯᠭᠠᠮᠵᠢᠯᠠᠬᠤ ᠠᠵᠢᠯ ᠢ ᠪᠦᠬᠦ ᠲᠠᠯ᠎ᠠ ᠪᠠᠷ | ᠦᠷᠨᠢᠭᠦᠯᠵᠦ ᠡᠬᠢᠯᠡᠭᠰᠡᠨ᠃ ᠡᠨᠡᠬᠦ ᠵᠤᠯ ᠲᠠᠢ ᠰᠠᠶᠢᠬᠠᠨ ᠴᠠᠭ ᠦᠶ᠎ᠡ ᠳᠤ ᠠᠯᠠᠱᠠ ᠠᠶᠢᠮᠠᠭ ᠴᠤ ᠠᠷᠠᠳ ᠤᠨ | ᠲᠠᠭᠤᠴᠢᠳ ᠤᠨ ᠨᠡᠶᠢᠭᠡᠮᠯᠢᠭ ᠢ ᠲᠤᠰᠬᠠᠶᠢᠯᠠᠨ ᠪᠠᠶᠢᠭᠤᠯᠵᠤ᠂ ᠡᠯ᠎ᠡ ᠬᠤᠰᠢᠭᠤᠨ ᠳᠤ ᠠᠷᠠᠳ ᠤᠨ ᠲᠠᠭᠤᠴᠢᠳ ᠤᠨ | ᠬᠤᠪᠢᠶᠠᠷᠢ ᠨᠡᠶᠢᠭᠡᠮᠯᠢᠭ ᠪᠠᠶᠢᠭᠤᠯᠤᠨ᠂ ᠠᠷᠠᠳ ᠤᠨ ᠲᠠᠭᠤᠤ ᠶᠢ ᠴᠤᠭᠯᠠᠭᠤᠯᠤᠨ ᠡᠮᠬᠢᠳᠬᠡᠬᠦ᠂ ᠰᠢᠩᠭᠡᠭᠡᠨ ᠠᠪᠬᠤ᠂ | ᠬᠡᠪᠯᠡᠭᠦᠯᠦᠨ ᠲᠠᠷᠬᠠᠭᠠᠬᠤ ᠵᠡᠷᠭᠡ ᠠᠵᠢᠯ ᠢ ᠡᠷᠴᠢᠮᠳᠡᠢ ᠬᠢᠵᠦ᠂ ᠤᠬᠤᠷᠬᠠᠨ ᠬᠤᠭᠤᠴᠠᠭᠠᠨ ᠤ ᠲᠤᠳᠤᠷ᠎ᠠ ︽ᠠᠯᠠᠱᠠ | ᠠᠷᠠᠳ ᠤᠨ ᠲᠠᠭᠤᠤ ᠶᠢᠨ ᠴᠢᠭᠤᠯᠭᠠᠨ︾ ᠭᠡᠮᠡᠬᠦ ᠴᠤᠪᠤᠷᠠᠯ ᠪᠢᠴᠢᠭ ᠢ ᠨᠡᠶᠢᠳᠡ ᠶᠢᠰᠦᠨ ᠲᠡᠪᠳᠡᠷ ᠭᠠᠷᠭᠠᠵᠤ᠂ | ᠠᠷᠠᠳ ᠤᠨ ᠲᠠᠭᠤᠤ ᠶᠢᠨ ᠰᠤᠳᠤᠯᠭᠠᠨ ᠤ ᠬᠤᠷᠠᠯ ᠢ ᠴᠤ ᠬᠢᠵᠦ᠂ ᠠᠷᠠᠳ ᠤᠨ ᠲᠠᠭᠤᠤ ᠶᠢ ᠡᠮᠬᠢᠳᠬᠡᠬᠦ᠂ | ᠬᠡᠪᠯᠡᠭᠦᠯᠬᠦ᠂ ᠰᠤᠳᠤᠯᠬᠤ ᠲᠠᠯ᠎ᠠ ᠪᠠᠷ ᠪᠦᠬᠦ ᠤᠷᠤᠨ ᠳᠠᠭᠠᠨ ᠤᠷᠤᠶᠢᠯᠠᠵᠤ᠂ ᠠᠷᠠᠳ ᠤᠨ ᠲᠠᠭᠤᠤ ᠪᠠᠨ ᠦᠪᠯᠡᠨ | ᠵᠠᠯᠭᠠᠮᠵᠢᠯᠠᠬᠤ ᠳᠤ ᠴᠢᠬᠤᠯᠠ ᠰᠠᠭᠤᠷᠢ ᠲᠠᠯᠪᠢᠪᠠ᠃ 2007~2008 ᠤᠨ ᠤ ᠬᠤᠭᠤᠷᠤᠨᠳᠤ ᠠᠯᠠᠱᠠ | ᠠᠶᠢᠮᠠᠭ ᠤᠨ ᠠᠷᠠᠳ ᠤᠨ ᠲᠠᠭᠤᠴᠢᠳ ᠤᠨ ᠨᠡᠶᠢᠭᠡᠮᠯᠢᠭ ᠤᠨ ᠨᠠᠶᠢᠷᠠᠭᠤᠯᠤᠨ ᠬᠡᠪᠯᠡᠭᠦᠯᠦᠭᠰᠡᠨ ᠴᠤᠪᠤᠷᠠᠯ ᠪᠢᠴᠢᠭ ᠲᠤ | ᠮᠠᠨ ᠤ ᠡᠵᠡᠨ᠎ᠡ ᠶᠢᠨ ᠤᠷᠳᠤ ᠶᠢᠨ ᠲᠠᠭᠤᠤ 221᠂ ᠠᠬᠠᠷ ᠲᠠᠭᠤᠤ 221᠂ ᠨᠡᠶᠢᠳᠡ 442 ᠲᠠᠭᠤᠤ ᠶᠢ | ᠰᠤᠩᠭᠤᠨ ᠤᠷᠤᠭᠤᠯᠵᠤ᠂ ᠡᠭᠦᠨ ᠤ ᠲᠤᠳᠤᠷ᠎ᠠ ︽ᠡᠵᠡᠨ᠎ᠡ ᠲᠤᠷᠭᠤᠳ ᠤᠷᠳᠤ ᠶᠢᠨ ᠲᠠᠭᠤᠤ︾ ︵ᠨᠡᠶᠢᠳᠡ 148 | ᠲᠠᠭᠤᠤ︶ ᠶᠢ ᠲᠤᠰᠬᠠᠢ ᠨᠢᠭᠡ ᠲᠡᠪᠳᠡᠷ ᠪᠤᠯᠭᠠᠨ ᠬᠡᠪᠯᠡᠭᠦᠯᠦᠭᠰᠡᠨ ᠶᠤᠮ᠃ | ᠡᠵᠡᠨ᠎ᠡ ᠬᠤᠰᠢᠭᠤᠨ ᠤ ᠠᠷᠠᠳ ᠤᠨ ᠲᠠᠭᠤᠴᠢᠳ ᠤᠨ ᠬᠤᠪᠢᠶᠠᠷᠢ ᠨᠡᠶᠢᠭᠡᠮᠯᠢᠭ ᠤᠨ ᠬᠢᠨ ᠬᠡᠳᠦᠨ ᠵᠢᠯ ᠤᠨ | ᠲᠤᠷᠰᠢ ᠠᠷᠠᠳ ᠤᠨ ᠲᠠᠭᠤᠤ ᠪᠠᠨ ᠦᠷᠭᠦᠯᠵᠢᠯᠡᠨ ᠴᠤᠭᠯᠠᠭᠤᠯᠤᠨ ᠡᠮᠬᠢᠳᠬᠡᠬᠦ᠂ ᠰᠢᠩᠭᠡᠭᠡᠨ ᠬᠠᠳᠠᠭᠠᠯᠠᠬᠤ᠂ ᠦᠪᠯᠡᠨ | ᠵᠠᠯᠭᠠᠮᠵᠢᠯᠠᠬᠤ ᠵᠡᠷᠭᠡ ᠲᠠᠯ᠎ᠠ ᠪᠠᠷ ᠤᠨᠴᠠᠭᠠᠶᠢᠯᠠᠨ ᠵᠠᠯᠠᠭᠤ ᠪᠠᠭᠠᠴᠤᠳ ᠲᠤ ᠤᠷᠳᠤ ᠶᠢᠨ ᠲᠠᠭᠤᠤ ᠵᠢᠭᠠᠨ ᠰᠤᠷᠭᠠᠬᠤ | ᠲᠠᠯ᠎ᠠ ᠪᠠᠷ ᠶᠡᠬᠡᠬᠡᠨ ᠠᠵᠢᠯ ᠬᠢᠵᠦ᠂ ᠨᠡᠯᠢᠶᠡᠳ ᠠᠮᠵᠢᠯᠳᠠ ᠤᠯᠪᠠ᠃ ᠬᠤᠶᠢᠰᠢᠳᠠ ᠬᠤᠰᠢᠭᠤᠨ ᠤ ᠨᠠᠮ ᠵᠠᠰᠠᠭ ᠠᠴᠠ | ᠲᠤᠰ ᠬᠤᠪᠢᠶᠠᠷᠢ ᠨᠡᠶᠢᠭᠡᠮᠯᠢᠭ ᠤᠨ ᠠᠵᠢᠯ ᠢ ᠨᠡᠩ ᠬᠦᠨᠳᠦᠳᠬᠡᠨ ᠦᠵᠡᠵᠦ᠂ ᠵᠤᠭᠤᠰ ᠮᠦᠩᠭᠦᠨ ᠤ ᠲᠠᠯ᠎ᠠ ᠪᠠᠷ | ᠢᠯᠡᠭᠦᠬᠡᠨ ᠲᠡᠮ ᠲᠤᠰᠠ ᠦᠵᠡᠭᠦᠯᠬᠦ ᠴᠢᠬᠤᠯᠠ ᠲᠠᠢ ᠪᠠᠶᠢᠭ᠎ᠠ ᠪᠦᠭᠡᠳ ᠨᠡᠶᠢᠭᠡᠮᠯᠢᠭ ᠤᠨ ᠲᠤᠰ ᠪᠡᠶ᠎ᠡ ᠴᠤ | ᠬᠠᠮᠢᠶᠠᠷᠤᠯᠳᠠ ᠪᠠᠨ ᠤᠯᠠᠮ ᠴᠢᠩᠭᠠᠳᠬᠠᠵᠤ᠂ ᠠᠬᠠᠮᠠᠳ ᠲᠠᠭᠤᠤ ᠶᠢᠨ ᠪᠠᠭᠰᠢ ᠨᠠᠷ ᠤᠨ ᠦᠢᠯᠡᠳᠦᠯ ᠢ ᠬᠦᠢᠴᠡᠳ | ᠪᠠᠳᠠᠷᠠᠭᠤᠯᠤᠨ᠂ ᠬᠤᠶᠢᠴᠢ ᠦᠶ᠎ᠡ ᠶᠢᠨ ᠬᠢᠨ ᠳᠤ ᠤᠯᠠᠮᠵᠢᠯᠠᠬᠤ ᠠᠵᠢᠯ ᠢ ᠡᠷᠴᠢᠮᠳᠡᠢ ᠬᠢᠬᠦ ᠶᠢᠨ ᠬᠠᠮᠳᠤ ᠤᠷᠳᠤ ᠶᠢᠨ | ᠲᠠᠭᠤᠤ ᠶᠢᠨ ᠤᠷᠤᠯᠳᠤᠭᠠᠨ ᠢ ᠴᠢᠨᠠᠷᠯᠢᠭ ᠰᠠᠶᠢᠨ ᠡᠷᠬᠢᠯᠡᠨ᠂ ᠨᠡᠩ ᠤᠯᠠᠨ ᠤᠷᠳᠤ ᠶᠢᠨ ᠲᠠᠭᠤᠴᠢᠨ ᠢ | ᠬᠦᠮᠦᠵᠢᠭᠦᠯᠦᠨ᠂ ᠠᠷᠠᠳ ᠤᠨ ᠲᠠᠭᠤᠤ ᠪᠠᠨ ᠦᠪᠯᠡᠨ ᠵᠠᠯᠭᠠᠮᠵᠢᠯᠠᠬᠤ ᠴᠢᠬᠤᠯᠠ ᠲᠠᠢ ᠪᠠᠶᠢᠨ᠎ᠠ᠃ | ᠤᠯᠠᠮᠵᠢᠯᠠᠳᠤ ᠪᠦᠵᠢᠭ ᠲᠤᠳᠤᠷ᠎ᠠ ᠠᠴᠠ ᠰᠠᠪᠠᠷᠳᠠᠩ ᠪᠠ ᠴᠠᠮ ᠤᠨ ᠪᠦᠵᠢᠭ ᠢ ᠦᠰᠦᠷᠳᠡᠭ ᠪᠠᠶᠢᠭᠰᠠᠨ | ᠪᠦᠭᠡᠳ ᠪᠦᠵᠢᠭᠯᠡᠵᠦ ᠴᠢᠳᠠᠳᠠᠭ ᠠᠬᠠᠮᠠᠳ ᠬᠦᠮᠦᠰ ᠤᠨ ᠨᠠᠰᠤ ᠪᠠᠷᠠᠬᠤ ᠶᠢ ᠲᠠᠭᠠᠯᠳᠤᠨ ᠲᠡᠭᠡᠳᠦ ᠵᠠᠭᠤᠨ ᠤ ᠲᠠᠯ᠎ᠠ | ᠨᠠᠶᠠᠭᠠᠳ ᠤᠨ ᠪᠤᠯᠬᠤ ᠳᠤ ᠪᠢᠢᠯᠡᠵᠦ ︵ᠪᠦᠵᠢᠭᠯᠡᠵᠦ︶ ᠴᠢᠳᠠᠬᠤ ᠬᠦᠮᠦᠨ ᠲᠤᠩ ᠴᠦᠬᠡᠷᠡᠵᠦ ᠢᠷᠡᠵᠡᠢ᠃ ᠴᠠᠮ | ᠪᠦᠵᠢᠭ ᠢ ᠬᠤᠷᠢᠳᠤᠭᠠᠷ ᠵᠠᠭᠤᠨ ᠤ ᠬᠤᠷᠢ ᠭᠤᠴᠢᠭᠠᠳ ᠤᠨ ᠠᠴᠠ ᠡᠬᠢᠯᠡᠨ ᠰᠤᠶᠤᠯ ᠤᠨ ᠬᠤᠪᠢᠰᠬᠠᠯ ᠪᠤᠯᠳᠠᠯ᠎ᠠ | ᠬᠤᠰᠢᠭᠤᠨ ᠤ ᠲᠠᠰᠢᠴᠤᠶᠢᠯᠢᠩ ᠪᠠ ᠵᠠᠩᠴᠢᠪᠨᠠᠮᠳᠠᠯᠢᠩ ᠰᠦᠮ᠎ᠡ ᠳᠤ ᠰᠦᠮ᠎ᠡ ᠶᠢᠨ ᠯᠠᠮᠠ ᠨᠠᠷ ᠦᠰᠦᠷᠴᠦ ᠴᠠᠮᠨᠠᠳᠠᠭ | ᠪᠠᠶᠢᠵᠠᠢ᠂ ᠲᠡᠭᠡᠬᠦ ᠳᠡᠭᠡᠨ ᠰᠦᠮ᠎ᠡ ᠬᠡᠶᠢᠳ ᠤᠨ ᠬᠠᠭᠤᠴᠢᠨ ᠲᠤᠭᠠᠨ ᠤ ᠴᠠᠭᠠᠨ ᠰᠠᠷ᠎ᠠ ᠶᠢᠨ 15 ᠤ ᠮᠠᠶᠢᠳᠠᠷ᠂ 4 | ᠰᠠᠷ᠎ᠠ ᠶᠢᠨ 15 ᠤ ᠮᠠᠶᠢᠳᠠᠷ᠂ 8 ᠰᠠᠷ᠎ᠠ ᠶᠢᠨ 1 ᠤ ᠵᠦᠩᠵᠢᠷ ᠵᠡᠷᠭᠡ ᠲᠤᠮᠤᠬᠠᠨ ᠱᠠᠰᠢᠨ ᠤ ᠠᠵᠢᠯᠯᠠᠭ᠎ᠠ ᠳᠤ | ᠲᠤᠬᠢᠶᠠᠯᠳᠤᠭᠤᠯᠤᠨ ᠴᠠᠮᠨᠠᠵᠤ᠂ ᠦᠷᠭᠡᠨ ᠤᠯᠠᠨ ᠮᠥᠷᠬᠦᠯᠴᠢᠳ ᠢ ᠪᠠᠶᠠᠰᠬᠠᠳᠠᠭ ᠪᠠᠶᠢᠵᠠᠢ᠃ ᠴᠠᠮ ᠴᠠᠮᠨᠠᠭᠴᠢᠳ | ᠴᠠᠮ ᠤᠨ ᠬᠤᠪᠴᠠᠰᠤ ᠪᠠᠨ ᠡᠮᠦᠰᠦᠨ ᠡᠯᠳᠡᠪ ᠪᠠᠭ ᠵᠡᠭᠦᠨ ᠴᠠᠭᠠᠨ ᠡᠪᠦᠭᠡᠨ᠂ ᠬᠠᠰᠢᠩ ᠬᠠᠭᠠᠨ᠂ ᠴᠤᠶᠢᠵᠢᠶᠠ᠂ | ᠵᠠᠮᠰᠦ᠋ᠷᠦᠩ᠂ ᠨᠠᠮᠰᠠᠷᠠᠢ᠂ ᠭᠤᠮᠪᠤ᠂ ᠯᠾᠠᠮᠤ᠂ ᠪᠠᠽᠠᠷ᠂ ᠳ᠋ᠥᠳᠤᠮᠤ ᠂ ᠪᠤᠭᠤ᠂ ᠰᠢᠨᠠᠭ᠎ᠠ᠂ ᠬᠤᠬᠢᠮᠠᠢ᠂ ᠡᠷᠪᠡᠬᠡᠢ | ᠵᠡᠷᠭᠡ ᠠᠷᠪᠠᠨ ᠭᠤᠷᠪᠠᠨ ᠪᠤᠷᠬᠠᠨ ᠰᠢᠳᠦᠭᠡᠨ ᠢ ᠲᠦᠯᠦᠭᠡᠯᠡᠨ ᠨᠡᠶᠢᠳᠡ ᠭᠤᠴᠢᠭᠠᠳ ᠯᠠᠮᠠ ᠴᠠᠩ ᠪᠢᠰᠭᠢᠭᠦᠷ ᠵᠡᠷᠭᠡ | ᠬᠦᠭᠵᠢᠮ ᠤᠨ ᠠᠶ᠎ᠠ ᠪᠠᠷ ᠴᠠᠮᠨᠠᠵᠤ ᠪᠦᠵᠢᠭᠯᠡᠳᠡᠭ ᠪᠠᠶᠢᠵᠠᠢ᠃ ᠦᠭᠡᠷᠡᠴᠢᠯᠡᠯᠳᠡ ᠨᠡᠭᠡᠭᠡᠯᠳᠡ ᠬᠢᠭᠰᠡᠨ ᠠᠴᠠ ᠬᠤᠶᠢᠰᠢ | ᠢᠯᠠᠩᠭᠤᠶ᠎ᠠ ᠤᠯᠤᠰ ᠤᠷᠤᠨ ᠠᠴᠠ ᠰᠤᠶᠤᠯ ᠢᠶᠠᠨ ᠮᠠᠨᠳᠤᠭᠤᠯᠬᠤ ᠤᠷᠢᠶᠠᠯᠠᠭ᠎ᠠ ᠭᠠᠷᠭᠠᠨ ᠤᠯᠠᠨ ᠲᠠᠯ᠎ᠠ ᠪᠠᠷ ᠦᠪᠯᠡᠨ | ᠬᠦᠭᠵᠢᠭᠦᠯᠬᠦ ᠠᠷᠭ᠎ᠠ ᠬᠡᠮᠵᠢᠶ᠎ᠡ ᠠᠪᠤᠭᠰᠠᠨ ᠠᠴᠠ ᠮᠠᠨ ᠤ ᠬᠤᠰᠢᠭᠤ ᠴᠤ ᠲᠡᠭᠦᠨ ᠤ ᠠᠰᠢᠭ ᠢ ᠬᠦᠷᠳᠡᠵᠦ᠂ | ᠤᠯᠠᠭᠠᠨᠮᠥ᠋ᠴᠢᠷ ᠲᠤᠯᠤᠭᠠᠶᠢᠯᠠᠨ ᠰᠠᠪᠠᠷᠳᠠᠩ ᠪᠠ ᠴᠠᠮ ᠪᠦᠵᠢᠭ ᠢ ᠲᠠᠶᠢᠰᠠᠨ ᠤ ᠤᠷᠠᠯᠢᠭ ᠪᠤᠯᠭᠠᠨ ᠠᠮᠢᠯᠠᠭᠤᠯᠤᠨ | ᠪᠦᠵᠢᠭᠯᠡᠵᠦ᠂ ᠤᠳᠤ ᠪᠤᠯᠬᠤ ᠳᠤ ᠤᠯᠠᠭᠠᠨᠮᠥ᠋ᠴᠢᠷ ᠲᠤ ᠤᠷᠢᠶᠠᠯᠳᠤᠨ ᠰᠠᠪᠠᠷᠳᠠᠩ᠂ ᠬᠡᠦᠬᠡᠨ ᠰᠠᠪᠠᠷᠳᠠᠩ᠂ ᠪᠦᠰᠡᠭᠦᠢ | ᠰᠠᠪᠠᠷᠳᠠᠩ᠂ ᠢᠳᠡᠷ ᠰᠠᠪᠠᠷᠳᠠᠩ᠂ ᠲᠤᠷᠳᠤᠮ ᠰᠠᠪᠠᠷᠳᠠᠩ᠂ ᠶᠤᠰᠤᠯᠠᠯ ᠤᠨ ᠰᠠᠪᠠᠷᠳᠠᠩ᠂ ᠲᠤᠭᠤᠯᠠᠩ ᠰᠠᠪᠠᠷᠳᠠᠩ᠂ | ᠬᠠᠨᠴᠤᠨ ᠰᠠᠪᠠᠷᠳᠠᠩ ᠲᠤᠯᠢᠯᠠᠨ ᠰᠠᠪᠠᠷᠳᠠᠩ ᠵᠡᠷᠭᠡ ᠨᠡᠶᠢᠳᠡ ᠶᠢᠰᠦᠨ ᠲᠦᠷᠦᠯ ᠤᠨ ᠰᠠᠪᠠᠷᠳᠠᠩ ᠪᠦᠵᠢᠭ ᠲᠤᠭᠯᠠᠵᠤ᠂ | ᠠᠷᠠᠳ ᠨᠡᠶᠢᠳᠡ ᠶᠢᠨ ᠲᠤᠮᠳᠠ ᠴᠤ ᠬᠠᠨᠴᠤᠨ ᠰᠠᠪᠠᠷᠳᠠᠩ᠂ ᠤᠷᠢᠶᠠᠯᠳᠤᠨ ᠰᠠᠪᠠᠷᠳᠠᠩ᠂ ᠲᠤᠷᠳᠤᠮ ᠰᠠᠪᠠᠷᠳᠠᠩ ᠢ | ᠡᠵᠡᠮᠰᠢᠭᠦᠯᠵᠦ᠂ ᠤᠯᠠᠮᠵᠢᠯᠠᠨ ᠲᠡᠯᠭᠡᠷᠡᠭᠦᠯᠬᠦ ᠠᠵᠢᠯ ᠢ ᠴᠢᠩᠭᠠᠳᠬᠠᠭᠰᠠᠭᠠᠷ ᠪᠠᠶᠢᠭ᠎ᠠ᠃ ᠨᠡᠩ ᠪᠠᠶᠠᠷᠯᠠᠭᠤᠰᠢᠳᠠᠢ ᠨᠢ | 2012 ᠤᠨ ᠤ 3 ᠰᠠᠷ᠎ᠠ ᠳᠤ ᠰᠠᠪᠠᠷᠳᠠᠩ ᠪᠠ ᠲᠤᠪᠰᠢᠭᠤᠷ ᠤᠨ ᠨᠡᠶᠢᠭᠡᠮᠯᠢᠭ ᠵᠢᠩᠬᠢᠨᠢ ᠪᠠᠷ ᠪᠠᠶᠢᠭᠤᠯᠤᠭᠳᠠᠭᠰᠠᠨ᠂ | ᠡᠨᠡ ᠨᠢ ᠪᠢᠢᠯᠡᠭᠡ ᠪᠠ ᠲᠤᠪᠰᠢᠭᠤᠷ ᠬᠦᠭᠵᠢᠮ ᠢ ᠨᠡᠩ ᠦᠨᠳᠦᠷ ᠲᠦᠪᠰᠢᠨ᠂ ᠬᠦᠷᠢᠶ᠎ᠡ ᠴᠠᠷ᠎ᠠ ᠳᠤ ᠬᠦᠷᠭᠡᠬᠦ ᠳᠤ | ᠴᠢᠬᠤᠯᠠ ᠦᠢᠯᠡᠳᠦᠯ ᠦᠵᠡᠭᠦᠯᠬᠦ ᠨᠢ ᠯᠠᠪᠳᠠᠢ ᠶᠤᠮ᠃ | ᠬᠦᠭᠵᠢᠮ ᠤᠨ ᠲᠦᠷᠦᠯ ᠠᠴᠠ ᠮᠤᠷᠢᠨ ᠬᠤᠭᠤᠷ ᠪᠠ ᠬᠤᠯᠤᠰᠤᠨ ᠬᠤᠭᠤᠷ ᠢ ᠨᠡᠶᠢᠳᠡᠮ ᠬᠡᠷᠡᠭᠯᠡᠵᠦ ᠪᠠᠶᠢᠭᠰᠠᠨ | ᠪᠦᠭᠡᠳ ᠴᠢᠯᠦᠭᠡᠯᠡᠬᠦ ᠠᠴᠠ ᠡᠮᠦᠨ᠎ᠡ ᠪᠦᠷ ᠦᠪᠡᠷᠰᠡᠳ ᠢᠶᠠᠨ ᠬᠢᠵᠡᠭᠡᠵᠦ᠂ ᠲᠡᠭᠡᠳᠦ ᠵᠠᠭᠤᠨ ᠤ ᠲᠠᠯ᠎ᠠ ᠨᠠᠶᠠᠭᠠᠳ | ᠤᠨ ᠳᠤ ᠵᠠᠷᠢᠮ ᠨᠢ ᠪᠠᠰᠠ ᠮᠤᠷᠢᠨ ᠬᠤᠭᠤᠷ ᠰᠡᠷᠭᠦᠭᠡᠨ ᠬᠢᠵᠦ᠂ ᠬᠤᠭᠤᠷ ᠲᠤ ᠲᠤᠷ᠎ᠠ ᠪᠠᠭ᠋ᠠᠳᠠᠢ ᠬᠦᠮᠦᠰ | ᠬᠤᠳᠠᠯᠳᠤᠨ ᠠᠪᠴᠤ ᠬᠠᠳᠠᠭᠠᠯᠠᠵᠤ ᠪᠠᠶᠢᠭᠰᠠᠨ ᠴᠢᠮᠡᠭᠡ ᠪᠠᠶᠢᠳᠠᠭ᠃ ᠮᠤᠷᠢᠨ ᠬᠤᠭᠤᠷ ᠤᠨ ᠴᠠᠷ ᠤᠨ ᠤᠯᠠᠩᠬᠢ ᠨᠢ | ᠤᠷᠳᠤ ᠲᠦᠷᠪᠡᠯᠵᠢᠨ ᠬᠡᠯᠪᠡᠷᠢ ᠲᠠᠢ᠂ ᠲᠤᠭᠤᠢ ᠴᠠᠷ ᠲᠠᠢ ᠨᠢ ᠲᠤᠩ ᠴᠦᠬᠡᠨ ᠪᠠᠶᠢᠭᠰᠠᠨ ᠃ ᠲᠦᠷᠪᠡᠯᠵᠢᠨ | ᠴᠠᠷ ᠤᠨ ᠲᠡᠭᠡᠳᠦ ᠲᠠᠯ᠎ᠠ ᠨᠢ ᠲᠤᠤᠷᠠᠳᠤ ᠲᠠᠯ᠎ᠠ ᠠᠴᠠ ᠪᠠᠨ ᠦᠯᠦ ᠮᠡᠳᠡᠭ ᠨᠠᠷᠢᠨ ᠪᠠᠶᠢᠵᠤ ︵ᠤᠳᠤᠬᠢ ᠮᠤᠷᠢᠨ | ᠬᠤᠭᠤᠷ ᠤᠨ ᠴᠠᠷ ᠲᠠᠢ ᠲᠦᠰᠳᠡᠢ︶᠂ ᠴᠠᠷ ᠤᠨ ᠨᠢᠭᠤᠷ ᠲᠠᠯ᠎ᠠ ᠪᠠ ᠠᠷᠤ ᠲᠠᠯ᠎ᠠ ᠶᠢ ᠤᠯᠠᠩᠬᠢ ᠨᠢ ᠢᠮᠠᠭᠠᠨ ᠤ | ᠢᠯᠬᠢ ᠪᠠᠷ ᠪᠦᠷᠢᠵᠦ᠂ ᠪᠤᠰᠤᠳ ᠢ ᠨᠢ ᠨᠢᠮᠭᠡᠨ ᠪᠠᠩᠵᠠ ᠪᠠᠷ ᠬᠢᠳᠡᠭ ᠪᠠᠶᠢᠭᠰᠠᠨ ᠪᠦᠭᠡᠳ ᠴᠠᠷ ᠤᠨ ᠨᠢᠭᠤᠷ | ᠲᠠᠯ᠎ᠠ ᠶᠢ ᠨᠤᠭᠤᠭᠠᠨ ᠦᠩᠭᠡ ᠪᠠᠷ ᠪᠤᠳᠤᠵᠤ᠂ ᠲᠦᠷᠪᠡᠨ ᠦᠨᠴᠦᠭ ᠲᠤᠨᠢ ᠭᠡ ᠤᠭᠠᠯᠵᠠ ᠭᠠᠷᠭᠠᠵᠤ᠂ ᠴᠠᠷ ᠤᠨ | ᠠᠷᠤ ᠲᠠᠯ᠎ᠠ ᠶᠢᠨ ᠭᠤᠤᠯ ᠲᠤᠮᠳᠠ ᠨᠢ ᠤᠯᠠᠩᠬᠢ ᠨᠢ ᠲᠦᠷᠪᠡᠯᠵᠢᠨ ᠪᠤᠶᠤ ᠲᠤᠭᠤᠢ ᠨᠦᠬᠡᠯᠡᠵᠦ᠂ ᠵᠠᠷᠢᠮ ᠨᠢ | ᠴᠠᠷ ᠤᠨ ᠬᠤᠶᠠᠷ ᠬᠠᠵᠠᠭᠤ ᠲᠠᠯ᠎ᠠ ᠶᠢ ᠴᠤᠭᠤᠯᠵᠤ ᠦᠭᠳᠡᠭ ᠪᠠᠶᠢᠭᠰᠠᠨ ᠭᠡᠵᠦ ᠪᠤᠢ᠃ ᠪᠠᠰᠠ ᠵᠠᠷᠢᠮ ᠨᠢ ᠴᠠᠷ ᠤᠨ | ᠭᠡᠰᠡᠭ ᠢ ᠪᠦᠭᠦᠳᠡ ᠶᠢ ᠨᠢᠮᠭᠡᠨ ᠲᠡᠮᠦᠷ ᠬᠠᠪᠳᠠᠰᠤ ᠪᠠᠷ ᠬᠢᠳᠡᠭ ᠪᠠᠶᠢᠭᠰᠠᠨ ᠭᠡᠮᠡᠨ ᠬᠦᠦᠨᠢᠳᠡᠵᠦ ᠪᠤᠢ᠂ ᠲᠡᠮᠦᠷ ᠢᠶᠠᠷ | ᠬᠢᠭᠰᠡᠨ ᠬᠤᠭᠤᠷ ᠴᠠᠷᠭᠢᠶ᠎ᠠ ᠲᠠᠭᠤ ᠲᠠᠢ ᠪᠤᠯᠳᠠᠭ ᠭᠡᠮᠡᠨ ᠪᠠᠷᠤᠭᠳᠠᠢ ᠳᠤ ᠲᠡᠮᠦᠷ ᠬᠠᠪᠳᠠᠰᠤ ᠪᠠᠷ ᠬᠢᠳᠡᠭ ᠦᠭᠡᠢ | ᠪᠠᠶᠢᠵᠠᠢ᠃ ᠮᠤᠷᠢᠨ ᠬᠤᠭᠤᠷ ᠤᠨ ᠲᠤᠯᠤᠭᠠᠢ ᠶᠢᠨ ᠬᠡᠰᠡᠭ ᠲᠤ ᠤᠳᠤᠬᠢ ᠮᠤᠷᠢᠨ ᠬᠤᠭᠤᠷ ᠲᠠᠢ ᠠᠳᠠᠯᠢ ᠪᠠᠷ ᠪᠦᠷ | ᠮᠤᠷᠢᠨ ᠤ ᠲᠤᠯᠤᠭᠠᠢ ᠰᠡᠶᠢᠯᠳᠡᠭ ᠪᠠᠶᠢᠭᠰᠠᠨ᠃ ᠬᠤᠭᠤᠷ ᠤᠨ ᠴᠢᠪᠬᠠᠳᠠᠰᠤ ︵ᠲᠠᠷᠤᠢ ᠭᠢᠯᠭᠠᠰᠤ︶᠂ ᠨᠤᠮᠤ ᠶᠢᠨ | ᠬᠢᠯᠭᠠᠰᠤ ᠶᠢ ᠪᠠᠷᠤᠭ ᠪᠦᠷ ᠬᠠᠳᠠᠷᠢᠶ᠎ᠠ ᠮᠤᠷᠢᠨ ᠤ ᠰᠡᠭᠦᠯ ᠢᠶᠠᠷ ᠬᠢᠳᠡᠭ ᠪᠠᠶᠢᠭᠰᠠᠨ ᠭᠡᠵᠦ ᠪᠠᠶᠢᠭ᠎ᠠ ᠪᠦᠭᠡᠳ ᠭᠠᠭᠴᠠ | ᠮᠤᠷᠢᠨ ᠤ ᠰᠡᠭᠦᠯ ᠤᠨ ᠬᠢᠯᠭᠠᠰᠤ ᠪᠠᠷ ᠬᠢᠪᠡᠯ ᠨᠡᠩ ᠭᠤᠶᠤ ᠲᠠᠭᠤ ᠲᠠᠢ ᠪᠤᠯᠳᠠᠭ ᠭᠡᠬᠦ ᠶᠤᠮ᠃ ᠮᠤᠷᠢᠨ ᠤ | ᠬᠢᠯᠭᠠᠰᠤ ᠶᠢ ᠭᠡᠳᠦ ᠭᠡᠳᠦ ᠪᠠᠷ ᠲᠤᠭᠳᠤᠷᠴᠤ ᠬᠦᠷᠦᠯᠴᠡᠭᠦᠶᠢᠴᠡ ᠠᠪᠤᠭᠠᠳ ᠴᠡᠪᠡᠷ ᠤᠰᠤᠨ ᠳᠤ ︵ᠦᠭᠡᠬᠦ | ᠲᠤᠰᠤᠨ ᠤ ᠵᠦᠢᠯ ᠲᠠᠢ ᠶᠠᠭᠤᠮᠠᠨ ᠳᠤ ᠤᠷᠤᠭᠤᠯᠬᠤ ᠪᠤᠶᠤ ᠲᠦᠷᠬᠢᠬᠦ ᠶᠢ ᠤᠨᠴᠠ ᠬᠢᠴᠢᠶᠡᠨ᠎ᠡ︶ ᠤᠳᠠᠭᠠᠨ | ᠪᠤᠴᠠᠯᠭᠠᠵᠤ ᠵᠤᠩᠭᠠᠭ ᠪᠤᠬᠢᠷ ᠢ ᠨᠢ ᠠᠷᠢᠯᠭᠠᠵᠤ ᠰᠠᠶᠢᠳᠤᠷ ᠰᠤᠩᠭᠠᠭᠠᠨ ᠬᠠᠳᠠᠭᠠᠭᠠᠳ ᠮᠤᠷᠢᠨ ᠬᠤᠭᠤᠷ ᠲᠠᠭᠠᠨ | ᠲᠠᠭᠠᠷᠠᠭᠤᠯᠤᠨ ᠬᠢᠯᠭᠠᠰᠤᠨ ᠤ ᠬᠤᠶᠠᠷ ᠦᠵᠦᠭᠦᠷ ᠢ ᠬᠤᠭᠤᠷ ᠤᠨ ᠴᠢᠬᠢ ᠪᠠ ᠴᠠᠷ ᠤᠨ ᠲᠤᠤᠷᠠᠳᠤ ᠲᠠᠯ᠎ᠠ ᠳᠤ | ᠵᠠᠩᠭᠢᠳᠤᠨ ᠲᠤᠭᠳᠠᠭᠠᠨ᠎ᠠ᠃ ᠲᠡᠭᠡᠬᠦ ᠳᠡᠭᠡᠨ ᠵᠡᠭᠦᠨ ᠭᠠᠷ ᠲᠠᠯ᠎ᠠ ᠶᠢᠨ ᠤᠳᠠᠰᠤ ᠶᠢ ᠤᠯᠠᠨ ᠰᠢᠭ᠋ ᠭᠢᠯᠭᠠᠰᠤ ︵ᠲᠠᠷᠤᠢ | ᠪᠦᠳᠦᠭᠦᠨ︶ ᠪᠠᠷ᠂ ᠪᠠᠷᠠᠭᠤᠨ ᠭᠠᠷ ᠲᠠᠯ᠎ᠠ ᠶᠢᠨ ᠤᠳᠠᠰᠤ ᠶᠢ ᠴᠦᠬᠡᠨ ᠰᠢᠭ ᠭᠢᠯᠭᠠᠰᠤ ︵ᠨᠠᠷᠢᠨ︶ ᠪᠠᠷ ᠬᠢᠳᠡᠭ | ᠪᠠᠶᠢᠭᠰᠠᠨ ᠪᠦᠭᠡᠳ ᠰᠤᠯᠤᠭᠠᠢ ᠬᠤᠭᠤᠷᠴᠢ ᠶᠢᠨ ᠬᠤᠭᠤᠷ ᠤᠨ ᠤᠳᠠᠰᠤ ᠶᠢ ᠶᠠᠭ ᠲᠡᠭᠡᠷᠡᠬᠢ ᠲᠠᠢ ᠡᠰᠡᠷᠭᠦ ᠪᠠᠢ | ᠬᠢᠳᠡᠭ ᠪᠠᠶᠢᠵᠠᠢ᠃ ᠨᠤᠮᠤ ᠶᠢᠨ ᠤᠳᠠᠰᠤ ᠶᠢ ᠴᠤ ᠮᠦᠨ ᠮᠤᠷᠢᠨ ᠤ ᠰᠡᠭᠦᠯ ᠤᠨ ᠬᠢᠯᠭᠠᠰᠤ ᠪᠠᠷ ᠬᠢᠬᠦ ᠨᠢ ᠤᠯᠠᠨ᠃ | ᠶᠡᠷᠦ ᠨᠢ ᠬᠤᠭᠤᠷ ᠪᠠ ᠨᠤᠮᠤ ᠶᠢᠨ ᠬᠢᠯᠭᠠᠰᠤ ᠳᠤ ᠲᠤᠭᠳᠠᠭᠰᠠᠨ ᠲᠤᠭ᠎ᠠ ᠦᠭᠡᠢ᠂ ᠬᠤᠭᠤᠷ ᠤᠨ ᠶᠡᠭᠡ ᠪᠠᠭ᠎ᠠ᠂ | ᠤᠷᠳᠤ ᠤᠬᠤᠷ ᠢ ᠦᠵᠡᠵᠦ ᠪᠠᠶᠢᠭᠠᠳ ᠦᠪᠡᠷᠰᠡᠳ ᠢᠶᠠᠨ ᠲᠤᠬᠢᠷᠠᠭᠤᠯᠵᠤ ᠬᠢᠳᠡᠭ ᠪᠠᠶᠢᠵᠠᠢ᠃ ᠤᠨᠴᠠ ᠵᠠᠷᠢᠮ | ᠰᠤᠷᠪᠤᠯᠵᠢᠯᠠᠭ᠎ᠠ ᠬᠦᠯᠢᠶᠡᠭᠴᠢ ᠬᠤᠭᠤᠷ ᠤᠨ ᠬᠢᠯᠭᠠᠰᠤ ᠶᠢ ᠢᠮᠠᠭᠠᠨ ᠤ ᠦᠯᠦᠨ ᠭᠡᠳᠡᠰᠦ ᠪᠠᠷ ᠪᠠᠰᠠ ᠬᠢᠳᠡᠭ | ᠪᠠᠶᠢᠭᠰᠠᠨ ᠭᠡᠮᠡᠨ ᠮᠡᠳᠡᠭᠡᠯᠡᠵᠦ ᠪᠤᠢ᠃ ᠬᠤᠭᠤᠷ᠂ ᠨᠤᠮᠤ ᠶᠢᠨ ᠬᠢᠯᠭᠠᠰᠤ ᠶᠢ ᠬᠠᠷᠭᠠᠢ ᠮᠤᠳᠤᠨ ᠤ ᠲᠠᠪᠠᠷᠬᠠᠢ ᠪᠤᠶᠤ | ᠰᠢᠷ᠎ᠠ ᠬᠦᠬᠦᠯ ᠢᠶᠠᠷ ᠲᠠᠪᠠᠷᠬᠠᠶᠢᠳᠠᠭᠠᠳ ᠬᠦᠭᠵᠢᠮᠳᠡᠨ᠎ᠡ ᠃ ᠮᠤᠷᠢᠨ ᠬᠤᠭᠤᠷ ᠢ ᠶᠡᠷᠦ ᠳᠡᠭᠡᠨ ᠮᠤᠩᠭᠤᠯ ᠭᠡᠷ ᠤᠨ | ᠪᠠᠷᠠᠭᠤᠨ ᠬᠤᠶᠢᠮᠤᠷ ᠪᠤᠶᠤ ᠵᠡᠭᠦᠨ ᠬᠤᠶᠢᠮᠤᠷ ᠲᠤ ᠬᠠᠨᠠᠨ ᠠᠴᠠ ᠡᠯᠭᠦᠨ ᠬᠠᠳᠠᠭᠠᠯᠠᠵᠤ᠂ ᠠᠶᠢᠯ ᠳᠤ ᠤᠴᠢᠭᠰᠠᠨ | ᠬᠡᠶᠢᠴᠢᠳ ᠲᠠᠳᠠᠵᠤ ᠴᠢᠳᠠᠬᠤ᠂ ᠡᠰᠡ ᠴᠢᠳᠠᠭᠰᠠᠨ ᠴᠤ ᠠᠶᠢᠯ ᠤᠨ ᠬᠤᠭᠤᠷ ᠲᠤ ᠵᠠᠪᠠᠯ ᠭᠠᠷ ᠬᠦᠷᠴᠦ᠂ | ᠬᠤᠭᠤᠷᠳᠠᠬᠤ ᠶᠤᠰᠤ ᠲᠠᠢ ᠪᠠᠶᠢᠵᠠᠢ᠃ ᠡᠨᠡᠬᠦ ᠵᠠᠩᠰᠢᠯ ᠨᠢ ᠮᠤᠩᠭᠤᠯ ᠬᠦᠮᠦᠨ ᠤ ᠠᠭᠳᠠ ᠮᠤᠷᠢ ᠪᠠᠨ ᠲᠡᠭᠡᠳᠦᠯᠡᠵᠦ᠂ | ᠲᠡᠭᠦᠨ ᠢ ᠬᠡᠶᠢᠮᠦᠷᠢ ᠬᠡᠶᠢᠰᠭᠡᠨ ᠬᠡᠰᠢᠭ ᠪᠤᠶᠠᠨ ᠠᠪᠴᠢᠷᠠᠬᠤ ᠠᠵᠠ ᠵᠤᠯᠪᠤᠭ᠎ᠠ ᠲᠠᠢ ᠠᠮᠢᠳᠠᠨ ᠭᠡᠮᠡᠨ ᠪᠡᠯᠭᠡᠰᠢᠶᠡᠨ | ᠦᠵᠡᠳᠡᠭ ᠲᠠᠢ ᠬᠤᠯᠪᠤᠭ᠎ᠠ ᠲᠠᠢ ᠪᠠᠶᠢᠯᠳᠠᠢ᠃ | ᠬᠤᠯᠤᠰᠤᠨ ᠬᠤᠭᠤᠷ ᠭᠡᠵᠦ ᠠᠮᠠᠨ ᠬᠤᠭᠤᠷ ᠤᠨ ᠨᠢᠭᠡ ᠲᠦᠷᠦᠯ᠃ ᠲᠦᠭᠡ ᠬᠢᠷᠢᠳᠡᠢ ᠨᠢᠮᠭᠡᠨ | ᠬᠤᠯᠤᠰᠤᠨ ᠳᠤ ᠬᠡᠯᠡ ᠭᠠᠷᠭᠠᠨ᠂ ᠬᠤᠶᠠᠷ ᠦᠵᠦᠭᠦᠷ ᠲᠤᠨᠢ ᠨᠠᠷᠢᠨ ᠤᠭᠤᠰᠤᠷ ᠬᠢᠵᠦ᠂ ᠠᠮᠠ ᠳᠤ ᠲᠤᠯᠭᠠᠨ | ᠪᠠᠷᠢᠵᠤ ᠬᠡᠯᠡ ᠶᠢ ᠲᠤᠷᠭᠢᠭᠤᠯᠤᠨ ᠠᠮᠠ ᠪᠠᠷ ᠴᠤᠤᠷᠢᠶᠠᠳᠤᠭᠤᠯᠤᠨ ᠡᠭᠡᠰᠢᠭ ᠡᠭᠦᠰᠭᠡᠬᠦ ᠨᠢᠭᠡ ᠵᠦᠢᠯ ᠤᠨ | ᠬᠦᠭᠵᠢᠮ ᠤᠨ ᠵᠢᠮᠰᠡᠭ᠃ ᠰᠡᠪᠡᠭ ᠤᠨ ᠨᠠᠷᠢᠨ ᠬᠤᠯᠤᠰᠤ ᠪᠠᠷ ᠬᠢᠳᠡᠭ ᠤᠴᠢᠷ ᠬᠤᠯᠤᠰᠤᠨ ᠬᠤᠭᠤᠷ ᠭᠡᠮᠡᠨ | ᠨᠡᠷᠡᠯᠡᠵᠡᠢ᠃ ᠨᠡᠯᠢᠶᠡᠳ ᠡᠷᠳᠡᠨ ᠳᠡᠭᠡᠨ ᠲᠤᠪᠰᠢᠭᠤᠷ ᠭᠡᠳᠡᠭ ᠬᠦᠭᠵᠢᠮ ᠢ ᠪᠠᠰᠠ ᠬᠡᠷᠡᠭᠯᠡᠳᠡᠭ ᠪᠠᠶᠢᠭᠰᠠᠨ ᠭᠡᠮᠡᠨ | ᠨᠠᠰᠤᠳᠠᠢ ᠪᠤᠭᠤᠷᠤᠯᠴᠤᠳ ᠬᠠᠭᠤᠴᠢᠯᠠᠵᠤ ᠪᠤᠢ᠃ ᠡᠳᠡᠭᠡᠷ ᠠᠴᠠ ᠭᠠᠳᠠᠨ᠎ᠠ ᠵᠠᠷᠢᠮ ᠠᠶᠢᠯ ᠳᠤ ᠪᠠᠰᠠ ᠬᠤᠯᠤᠰᠤᠨ | ᠯᠢᠮᠪᠤ᠂ ᠲᠤᠩ ᠪᠦᠷᠢᠶ᠎ᠡ ᠲᠠᠢ ᠪᠠᠶᠢᠭᠰᠠᠨ᠂ ᠲᠤᠩ ᠢᠶᠠᠨ ᠪᠤᠯ ᠦᠷᠯᠦᠭᠡ ᠪᠤᠯᠭᠠᠨ ᠭᠡᠷ ᠢᠶᠠᠨ ᠲᠤᠭᠤᠷᠢᠨ ᠦᠯᠢᠶᠡᠵᠦ᠂ | ᠭᠠᠵᠠᠭ᠎ᠠ ᠭᠡᠷ ᠲᠤ ᠦᠭᠡᠢ ᠰᠠᠩ ᠲᠠᠯᠪᠢᠨ᠂ ᠡᠴᠢᠭᠡ ᠲᠡᠭᠷᠢ᠂ ᠡᠭᠡ ᠭᠠᠵᠠᠷ ᠲᠠᠭᠠᠨ ᠰᠠᠴᠤᠯᠢ ᠲᠡᠭᠡᠵᠢ ᠡᠷᠭᠦᠳᠡᠭ | ᠪᠠᠶᠢᠵᠠᠢ᠃ ᠡᠳᠦᠭᠡ ᠪᠤᠯᠬᠤ ᠳᠤ ᠪᠦᠬᠦ ᠬᠤᠰᠢᠭᠤᠨ ᠤ ᠰᠤᠶᠤᠯ ᠤᠬᠠᠭᠤᠯᠭ᠎ᠠ ᠶᠢᠨ ᠴᠤᠩᠬᠤᠪᠴᠢ ᠪᠤᠯᠬᠤ | ᠤᠯᠠᠭᠠᠨᠮᠥ᠋ᠴᠢᠷ ᠲᠤ ᠲᠤᠪᠰᠢᠭᠤᠷ᠂ ᠮᠤᠳᠤᠨ ᠴᠤᠭᠤᠷ᠂ ᠮᠤᠷᠢᠨ ᠬᠤᠭᠤᠷ᠂ ᠬᠤᠶᠠᠷ ᠤᠳᠠᠰᠤᠳᠤ ᠬᠤᠭᠤᠷ᠂ | ᠲᠦᠷᠪᠡᠨ ᠤᠳᠠᠰᠤᠳᠤ ᠬᠤᠭᠤᠷ᠂ ᠯᠢᠮᠪᠤ᠂ ᠶᠠᠳᠤᠭ᠎ᠠ ᠵᠡᠷᠭᠡ ᠦᠨᠳᠦᠰᠦᠳᠡᠨ ᠤ ᠤᠯᠠᠮᠵᠢᠯᠠᠯᠳᠤ ᠬᠦᠭᠵᠢᠮ ᠢ ᠭᠤᠤᠯ | ᠪᠤᠯᠭᠠᠨ ᠬᠡᠷᠡᠭᠯᠡᠵᠦ ︵ᠬᠦᠭᠵᠢᠮᠳᠡᠵᠦ︶ ᠪᠠᠶᠢᠬᠤ ᠮᠦᠷᠳᠡᠭᠡᠨ ᠮᠤᠩᠭᠤᠯ ᠰᠤᠷᠭᠠᠭᠤᠯᠢ ᠶᠢᠨ ᠲᠠᠭᠤᠤ ᠬᠦᠭᠵᠢᠮ ᠤᠨ | ᠰᠠᠯᠠᠭᠠᠨ ᠳᠤ ᠴᠤ ᠵᠠᠷᠢᠮ ᠭᠦᠭᠵᠢᠮ ᠢ ᠲᠤᠬᠢᠷᠠᠭᠤᠯᠤᠨ ᠰᠤᠷᠤᠭᠴᠢᠳ ᠲᠤ ᠰᠤᠷᠭᠠᠨ ᠡᠵᠡᠮᠰᠢᠭᠦᠯᠵᠦ ᠪᠠᠶᠢᠨ᠎ᠠ᠃ |