ᠡᠷᠡᠭᠳᠡᠢ ᠶᠢᠨ ᠲᠤᠯᠤᠭᠠᠢ ᠶᠢᠨ ᠵᠠᠰᠠᠯ᠄ ᠴᠢᠯᠦᠭᠡᠯᠡᠬᠦ ᠠᠴᠠ ᠡᠮᠦᠨ᠎ᠡ ᠯᠠᠮᠠ ᠨᠠᠷ ᠦᠰᠦ ᠪᠠᠨ ᠪᠦᠷ | ᠬᠤᠰᠤᠭᠤᠯᠵᠤ᠂ ᠨᠠᠰᠤᠳᠠᠢ ᠬᠦᠮᠦᠰ ᠯᠠᠮᠠ ᠶᠢᠨ ᠰᠠᠬᠢᠯ ᠬᠦᠷᠳᠡᠪᠡᠯ ᠪᠠᠰᠠ ᠦᠰᠦ ᠪᠠᠨ ᠬᠤᠰᠤᠭᠤᠯᠳᠠᠭ᠂ ᠨᠤᠶᠠᠳ | ᠰᠠᠶᠢᠳ᠂ ᠡᠩ ᠤᠨ ᠡᠷᠡᠴᠦᠦᠯ ᠴᠢᠬᠢᠨ ᠠᠴᠠ ᠡᠮᠦᠨᠡᠬᠢ ᠦᠰᠦ ᠪᠠᠨ ᠬᠤᠰᠤᠭᠤᠯᠵᠤ᠂ ᠦᠯᠡᠳᠡᠭᠰᠡᠨ | ᠦᠰᠦ ᠪᠠᠷ ᠢᠶᠠᠨ ᠭᠠᠭᠴᠠ ᠭᠡᠵᠢᠭᠡ ᠭᠦᠷᠦᠵᠦ᠂ ᠨᠤᠶᠠᠨ ᠬᠠᠷ᠎ᠠ ᠭᠡᠮᠡᠬᠦ ᠲᠤᠷᠭᠠᠨ ᠤᠳᠠᠰᠤ ᠪᠠᠷ ᠦᠰᠦᠨ ᠤ ᠪᠠᠨ | ᠦᠵᠦᠭᠦᠷ ᠢ ᠪᠤᠭᠤᠳᠠᠭ᠃ ᠶᠡᠷᠦ ᠨᠢ ᠡᠷᠡᠭᠳᠡᠢ ᠡᠮᠡᠭᠳᠡᠢ ᠬᠦᠭᠰᠢᠨ ᠵᠠᠯᠠᠭᠤ ᠦᠭᠡᠢ ᠪᠦᠷ ᠬᠠᠷ᠎ᠠ ᠶᠠᠭᠤᠮ᠎ᠠ ᠪᠠᠷ | ᠦᠰᠦ ᠪᠠᠨ ᠪᠤᠭᠤᠬᠤ ᠶᠤᠰᠤ ᠲᠠᠢ᠂ ᠤᠯᠠᠭᠠᠨ ᠢᠶᠠᠷ ᠪᠤᠭᠤᠪᠠᠯ ᠦᠰᠦ ᠠᠶᠤᠭᠠᠳ ᠤᠷᠭᠤᠳᠠᠭ ᠦᠭᠡᠢ ᠭᠡᠮᠡᠨ | ᠦᠵᠡᠳᠡᠭ᠃ ᠠᠬ᠎ᠠ ᠬᠦᠮᠦᠨ ᠤ ᠦᠰᠦ ᠶᠢ ᠲᠡᠭᠦᠦ ᠬᠦᠮᠦᠨ ᠬᠤᠰᠤᠬᠤ ᠭᠡᠪᠡᠯ ᠲᠤᠩᠭᠤᠷᠠᠭ ᠢ ᠤᠷᠢᠳ ᠢᠶᠠᠷ ᠠᠬ᠎ᠠ | ᠬᠦᠮᠦᠨ ᠳᠤ ᠦᠭᠴᠦ ᠲᠡᠭᠦᠨ ᠢᠶᠠᠷ ᠦᠰᠦᠨ ᠳᠡᠭᠡᠨ ᠬᠦᠷᠭᠡᠭᠦᠯᠦᠭᠰᠡᠨ ᠤ ᠲᠠᠷᠠᠭ᠎ᠠ ᠰᠠᠶ᠋ᠢ ᠲᠤᠯᠤᠭᠠᠢ ᠳᠤᠨᠢ ᠭᠠᠷ | ᠬᠦᠷᠴᠦ ᠬᠤᠰᠤᠬᠤ ᠶᠤᠰᠤ ᠲᠠᠢ ᠪᠠᠶᠢᠵᠠᠢ᠃ ᠦᠰᠦ ᠠᠪᠴᠤ ᠪᠠᠷᠠᠭᠰᠠᠨ ᠤ ᠲᠠᠷᠠᠭ᠎ᠠ ᠮᠡᠰᠡ ᠪᠠᠷᠢᠵᠤ ᠠᠭᠤᠯᠵᠠᠭᠠᠳ | ᠮᠡᠨᠳᠦ ᠰᠠᠯᠤᠭᠰᠠᠨ ᠤ ᠪᠠᠶᠠᠷ ᠭᠡᠵᠦ ᠬᠠᠷᠢᠯᠴᠠᠨ ᠬᠦᠬᠦᠤᠷ ᠰᠤᠯᠢᠯᠴᠠᠳᠠᠭ᠃ ᠪᠦᠰᠡᠳᠡᠢ ᠬᠡᠦᠬᠡᠰ ︵ᠬᠡᠦᠬᠡᠨ | ᠬᠡᠦᠬᠡᠰ ᠲᠤ ᠴᠤ ᠭᠡᠰᠡᠨ ᠠᠳᠠᠯᠢ︶ ᠲᠤ ᠲᠠᠭᠠᠬᠢ ᠲᠠᠷᠢᠬᠤ ᠠᠴᠠ ᠨᠢ ᠲᠡᠷᠢᠭᠦᠨ ᠦᠰᠦᠨ ᠳᠤᠨᠢ ᠮᠡᠰᠡ ᠬᠦᠷᠭᠡᠳᠡᠭ | ᠦᠭᠡᠢ᠂ ᠲᠠᠭᠠᠬᠢ ᠲᠠᠷᠢᠭᠰᠠᠨ ᠤ ᠲᠠᠷᠠᠭ᠎ᠠ ᠰᠤᠨᠵᠢᠭᠤ ᠲᠠᠯᠪᠢᠵᠤ ᠪᠠᠶᠢᠭᠠᠳ 7~8 ᠨᠠᠰᠤ ᠬᠦᠷᠬᠦ ᠳᠤ ᠲᠡᠪᠡᠭ ᠦᠰᠦ | ᠲᠠᠯᠪᠢᠵᠤ ᠦᠭᠳᠡᠭ᠃ ᠰᠤᠨᠵᠢᠭᠤ ᠲᠠᠯᠪᠢᠨ᠎ᠠ ᠭᠡᠵᠦ ᠲᠤᠯᠤᠭᠠᠢ ᠶᠢᠨ ᠤᠷᠤᠢ ᠳᠠᠬᠢ ᠦᠰᠦ ᠶᠢ ᠨᠢ ᠦᠯᠡᠳᠡᠭᠡᠵᠦ᠂ | ᠪᠤᠰᠤᠳ ᠢ ᠨᠢ ᠪᠦᠷ ᠬᠤᠰᠤᠵᠤ ᠦᠭᠭᠦᠨ᠎ᠡ᠂ ᠲᠠᠷᠠᠭ᠎ᠠ ᠨᠢ ᠦᠨᠦ ᠦᠯᠡᠳᠡᠭᠡᠭᠰᠡᠨ ᠦᠰᠦᠨ ᠤ ᠲᠤᠮᠳᠠᠭᠤᠷ ᠨᠢ ᠪᠠᠰᠠ | ᠪᠠᠷᠤᠭ ᠬᠤᠶᠠᠷ ᠬᠤᠷᠤᠭᠤ ᠬᠢᠷᠢᠳᠡᠢ ᠬᠤᠰᠤᠭᠠᠳ ᠦᠯᠡᠳᠡᠭᠰᠨᠨ ᠦᠰᠦ ᠶᠢ ᠨᠢ ᠬᠤᠶᠠᠷ ᠲᠠᠶᠢᠰᠢ ᠰᠦᠯᠵᠢᠵᠦ | ᠦᠭᠬᠦ ᠶᠢ ᠬᠡᠯᠡᠵᠦ ᠪᠠᠶᠢᠭ᠎ᠠ᠃ ᠰᠤᠨᠵᠢᠭᠤ ᠲᠠᠯᠪᠢᠭᠰᠠᠨ ᠬᠡᠦᠬᠡᠳ ᠢ ᠪᠠᠰᠠ ᠮᠢᠨᠤ ᠡᠪᠡᠷᠳᠦ ᠬᠦᠪᠡᠭᠦᠨ᠂ ᠮᠢᠨᠤ | ᠡᠪᠡᠷᠳᠦ ᠬᠡᠦᠬᠡᠨ ᠭᠡᠮᠡᠨ ᠡᠩᠬᠦᠷᠡᠶᠢᠯᠡᠨ ᠲᠠᠭᠤᠳᠠᠳᠠᠭ ᠪᠠᠶᠢᠵᠠᠢ᠃ ᠲᠡᠪᠡᠭ ᠲᠠᠯᠪᠢᠨ᠎ᠠ ᠭᠡᠵᠦ ᠴᠢᠬᠢᠨ ᠠᠴᠠ ᠡᠮᠦᠨᠡᠬᠢ | ᠦᠰᠦ ᠪᠠ ᠰᠢᠯᠢ ᠶᠢᠨ ᠰᠢᠷ᠎ᠠ ᠦᠰᠦ ᠶᠢ ᠪᠦᠷ ᠬᠤᠰᠤᠵᠤ᠂ ᠦᠯᠡᠳᠡᠭᠰᠡᠨ ᠦᠰᠦ ᠶᠢ ᠨᠢ ᠲᠤᠯᠤᠭᠠᠢ ᠶᠢᠨ ᠤᠷᠤᠢ | ᠲᠡᠭᠡᠷ᠎ᠡ ᠨᠢ ᠲᠤᠭᠤᠶᠢᠯᠠᠨ ᠪᠤᠭᠤᠵᠤ ᠦᠭᠭᠦᠭᠰᠡᠨ ᠢ ᠭᠡᠯᠡᠨ᠎ᠡ᠂ ᠲᠡᠪᠡᠭ ᠢ ᠲᠠᠬᠢᠵᠤ ᠲᠠᠭᠠᠷᠢᠬᠤ ᠦᠭᠡᠢ | ᠤᠷᠭᠤᠭᠤᠯᠤᠭᠠᠳ ᠴᠢᠨᠠᠭᠰᠢ ᠨᠢ ᠭᠠᠭᠴᠠ ᠭᠡᠵᠢᠭᠡ ᠭᠦᠷᠦᠵᠦ ᠦᠭᠭᠦᠨ᠎ᠡ᠂ ᠭᠡᠵᠢᠭᠡ ᠲᠠᠯᠪᠢᠬᠤ ᠶᠢ ᠲᠦᠷᠦ ᠶᠢᠨ | ᠬᠠᠷ᠎ᠠ ᠬᠦᠮᠦᠨ ᠪᠤᠯᠵᠤ ᠪᠠᠶᠢᠬᠤ ᠶᠢᠨ ᠲᠡᠮᠳᠡᠭ ᠭᠡᠨ᠎ᠡ᠃ | ᠡᠮᠡᠭᠳᠡᠢ ᠶᠢᠨ ᠲᠤᠯᠤᠭᠠᠢ ᠶᠢᠨ ᠵᠠᠰᠠᠯ᠄ ᠬᠡᠦᠬᠡᠨ ᠬᠡᠦᠬᠡᠰ ᠲᠤ ᠲᠠᠭᠠᠬᠢ ᠲᠠᠷᠢᠬᠤ ᠠᠴᠠ ᠨᠢ ᠡᠮᠦᠨ᠎ᠡ ᠲᠤᠭᠢᠭ | ᠲᠠᠯᠪᠢᠵᠤ ᠦᠭᠳᠡᠭ᠂ ᠲᠤᠭᠢᠭ ᠲᠠᠯᠪᠢᠨ᠎ᠠ ᠭᠡᠵᠦ ᠵᠤᠯᠠᠢ ᠶᠢᠨ ᠦᠰᠦ ᠶᠢ ᠡᠪᠬᠡᠵᠦ ᠪᠤᠭᠤᠬᠤ ᠪᠤᠶᠤ ᠭᠦᠷᠦᠵᠦ | ᠡᠪᠭᠡᠭᠡᠳ ᠲᠡᠭᠡᠷ᠎ᠡ ᠨᠢ ᠢᠪᠠᠤ᠂ ᠤᠭ᠍ᠶᠤ᠂ ᠱᠢᠷᠦ᠂ ᠮᠦᠩᠭᠦ ᠠᠴᠠ ᠠᠯᠢ ᠨᠢᠭᠡ ᠶᠢ ᠬᠠᠳᠠᠵᠤ ᠦᠭᠬᠦ ᠶᠢ ᠬᠡᠯᠡᠵᠦ | ᠪᠠᠶᠢᠭ᠎ᠠ᠃ ᠲᠠᠭᠠᠬᠢ ᠲᠠᠷᠢᠭᠰᠠᠨ ᠠᠴᠠ ᠬᠤᠶᠢᠰᠢ ᠱᠠᠩᠬᠤ ᠲᠠᠯᠪᠢᠳᠠᠯᠠ ᠨᠢ ᠮᠦᠨ ᠰᠤᠨᠵᠢᠭᠤ ᠲᠠᠯᠪᠢᠨ᠎ᠠ᠂ | ᠬᠡᠦᠬᠡᠨᠴᠦᠳ ᠢ ᠠᠷᠪᠠᠨ ᠭᠤᠷᠪᠠᠳᠠᠢ ᠳᠤᠨᠢ ᠰᠢᠯᠢ ᠶᠢᠨ ᠦᠰᠦ ᠶᠢ ᠨᠢ ᠲᠠᠯᠪᠢᠵᠤ ︵ᠬᠤᠰᠤᠬᠤ ᠦᠭᠡᠢ | ᠤᠷᠭᠤᠭᠤᠯᠬᠤ ᠶᠢ︶᠂ ᠠᠷᠪᠠᠨ ᠲᠠᠪᠤ ᠬᠦᠷᠦᠭᠰᠡᠭᠡᠷ ᠱᠠᠩᠬᠤ ᠲᠠᠯᠪᠢᠵᠤ ᠦᠭᠳᠡᠭ᠂ ᠱᠠᠩᠬᠤ ᠲᠠᠯᠪᠢᠬᠤ ᠳᠤ ᠵᠠᠪᠠᠯ | ᠢᠪᠡᠭᠡᠯ ᠵᠢᠯ ᠲᠠᠢ ᠬᠦᠮᠦᠨ ᠢᠶᠠᠷ ᠭᠠᠷ ᠬᠦᠷᠭᠡᠭᠦᠯᠳᠡᠭ ᠶᠤᠰᠤ ᠲᠠᠢ ᠪᠠᠶᠢᠭᠰᠠᠨ ᠪᠦᠭᠡᠳ ᠱᠠᠩᠬᠤ ᠲᠠᠯᠪᠢᠬᠤ ᠶᠢ ᠪᠠᠰᠠ | ᠰᠡᠪᠡᠭᠡᠷ ᠲᠠᠯᠪᠢᠨ᠎ᠠ ᠭᠡᠳᠡᠭ ᠪᠠᠶᠢᠵᠠᠢ᠂ ᠱᠠᠩᠬᠤ ᠲᠠᠯᠪᠢᠨ᠎ᠠ ᠭᠡᠵᠦ ᠪᠦᠬᠦ ᠦᠰᠦ ᠶᠢ ᠨᠢ ᠴᠢᠬᠢᠨ ᠤ ᠬᠡᠰᠡᠭ ᠢᠶᠠᠷ | ᠬᠤᠶᠠᠷ ᠬᠤᠪᠢᠶᠠᠵᠤ᠂ ᠡᠮᠦᠨ᠎ᠡ ᠲᠠᠯ᠎ᠠ ᠶᠢᠨ ᠦᠰᠦ ᠶᠢ ᠲᠠᠬᠢᠭᠠᠳ ᠲᠤᠮᠳᠠᠭᠤᠷ ᠨᠢ ᠬᠤᠶᠠᠷ ᠬᠤᠪᠢᠶᠠᠭᠠᠳ ᠲᠤᠰ | ᠲᠤᠰ ᠲᠤᠨᠢ ᠬᠡᠳᠦ ᠰᠦᠯᠵᠢᠵᠦ ᠴᠢᠬᠢᠨ ᠤ ᠠᠷᠤ ᠳᠤᠨᠢ ᠬᠦᠷᠭᠡᠭᠡᠳ ᠠᠷᠤ ᠦᠰᠦ ᠲᠠᠢ ᠨᠢ ᠨᠡᠶᠢᠯᠡᠭᠦᠯᠵᠦ ᠭᠠᠭᠴᠠ | ᠭᠡᠵᠢᠭᠡ ᠭᠦᠷᠦᠵᠦ ᠦᠭᠭᠦ ᠶᠢ ᠵᠢᠭᠠᠵᠤ ᠪᠠᠶᠢᠭ᠎ᠠ᠂ ᠲᠡᠭᠡᠬᠦ ᠳᠡᠭᠡᠨ ᠡᠮᠦᠨ᠎ᠡ ᠲᠠᠯ᠎ᠠ ᠶᠢᠨ ᠬᠤᠶᠠᠷ ᠬᠤᠪᠢᠶᠠᠭᠰᠠᠨ | ᠦᠰᠦᠨ ᠳᠤᠨᠢ ᠬᠤᠮᠠ ᠶᠢᠨ ᠲᠤᠰᠤ ᠲᠦᠷᠬᠢᠵᠦ ᠬᠤᠭᠤᠷᠤᠨᠳᠤ ᠨᠢ ᠨᠠᠭᠠᠯᠳᠤᠭᠤᠯᠵᠤ᠂ ᠬᠤᠶᠠᠷ ᠲᠡᠰᠢ ᠪᠠᠨ | ᠲᠤᠭᠤᠶᠢᠯᠠᠨ ᠰᠠᠮᠨᠠᠵᠤ ᠶᠠᠩᠵᠤ ᠤᠷᠤᠭᠤᠯᠵᠤ ᠴᠢᠨᠠᠭᠰᠢ ᠨᠢ ᠰᠦᠯᠵᠢᠵᠦ ᠦᠭᠳᠡᠭ᠂ ᠡᠨᠡ ᠮᠡᠳᠦ ᠪᠠᠷ ᠱᠠᠩᠬᠤ | ᠲᠠᠯᠪᠢᠭᠰᠠᠨ ᠬᠡᠦᠬᠡᠨ ᠢ ᠱᠠᠩᠬᠤᠳᠤ ᠬᠡᠦᠬᠡᠨ ᠭᠡᠳᠡᠭ᠂ ᠠᠷᠠᠳ ᠤᠨ ᠶᠠᠷᠢᠶᠠᠨ ᠳᠤ ︽ᠰᠢᠷᠠᠭᠰᠠᠨ ᠮᠢᠬ᠎ᠠ ᠰᠢᠷ᠎ᠠ | ᠲᠠᠷᠤᠨ᠎ᠠ᠂ ᠱᠠᠩᠬᠤᠳᠤ ᠬᠡᠦᠬᠡᠨ ᠲᠤᠷ᠎ᠠ ᠲᠠᠷᠤᠨ᠎ᠠ︾ ᠭᠡᠰᠡᠨ ᠦᠭᠡ ᠪᠠᠶᠢᠳᠠᠭ᠃ ᠬᠡᠦᠬᠡᠨ ᠬᠦᠮᠦᠨ ᠭᠡᠵᠢᠭᠡᠨ ᠤ ᠭᠡ | ᠬᠡᠷᠡᠭᠯᠡᠳᠡᠭ ᠪᠠᠶᠢᠭᠰᠠᠨ ᠪᠠᠶᠢᠨ᠎ᠠ᠃ ᠭᠡᠵᠢᠭᠡᠨ ᠤ ᠭᠡ ᠭᠡᠵᠦ ᠬᠤᠶᠠᠷ ᠬᠤᠷᠤᠭᠤ ᠦᠷᠭᠡᠨ᠂ ᠪᠠᠷᠤᠭ ᠦᠰᠦᠨ ᠤ | ᠤᠷᠳᠤ ᠶᠢᠨ ᠬᠡᠮᠵᠢᠶ᠎ᠡ ᠲᠠᠢ ᠬᠠᠷ᠎ᠠ ᠪᠦᠰ ᠲᠡᠭᠡᠷ᠎ᠡ ᠢᠪᠠᠤ᠂ ᠲᠤᠩ᠂ ᠤᠭ᠍ᠶᠤ᠂ ᠲᠤᠪᠴᠢ ᠵᠡᠷᠭᠡ ᠶᠢ ᠬᠠᠳᠠᠵᠤ᠂ | ᠭᠠᠭᠴᠠ ᠭᠡᠵᠢᠭᠡ ᠲᠡᠭᠡᠷ᠎ᠡ ᠪᠠᠨ ᠤᠶᠠᠵᠤ ᠦᠭᠬᠦ ᠶᠢ ᠬᠡᠯᠡᠵᠦ ᠪᠠᠶᠢᠭ᠎ᠠ᠂ ᠭᠡᠵᠢᠭᠡᠨ ᠤ ᠬᠡ ᠶᠢᠨ ᠲᠡᠭᠡᠳᠦ ᠲᠠᠯ᠎ᠠ ᠨᠢ | ᠲᠡᠭᠰᠢ᠂ ᠲᠤᠤᠷᠠᠳᠤ ᠲᠠᠯ᠎ᠠ ᠨᠢ ᠭᠤᠷᠪᠠᠯᠵᠢᠨ ᠬᠡᠯᠪᠡᠷᠢ ᠲᠠᠢ᠂ ᠲᠡᠷᠡᠬᠦ ᠭᠤᠷᠪᠠᠯᠵᠢᠨ ᠠᠴᠠ ᠲᠤᠰᠪᠤᠷᠢ ᠨᠢᠭᠡ ᠲᠤᠷᠭᠠᠨ | ᠤᠳᠠᠰᠤᠨ ᠰᠠᠴᠤᠭ ᠤᠨᠵᠢᠭᠤᠯᠵᠤ ᠭᠤᠶᠤᠯᠠᠳᠠᠭ ᠪᠠᠶᠢᠵᠠᠢ᠃ ᠲᠡᠭᠡᠳᠦ ᠵᠠᠭᠤᠨ ᠤ ᠬᠤᠷᠢ ᠭᠤᠴᠢᠭᠠᠳ ᠤᠨ ᠪᠤᠯᠵᠤ | ᠢᠷᠡᠭᠡᠳ ᠪᠠᠶᠠᠨ ᠴᠢᠨᠡᠭᠡᠯᠢᠭ ᠨᠢ ᠱᠠᠩᠬᠤ ᠶᠢᠨ ᠲᠠᠷᠤᠭᠤᠯᠭ᠎ᠠ᠂ ᠭᠡᠵᠢᠭᠡᠨ ᠤ ᠰᠢᠬᠠᠯᠠᠭᠤᠷ ︵ᠦᠰᠦᠨ ᠤ ᠬᠤᠢ︶᠂ | ᠭᠡᠵᠢᠭᠡᠨ ᠤ ᠬᠠᠳᠠᠯᠭ᠎ᠠ᠂ ᠭᠡᠵᠢᠭᠡᠨ ᠤ ᠲᠡᠭᠡᠭ ᠬᠡᠷᠡᠭᠯᠡᠳᠡᠭ ᠪᠤᠯᠵᠠᠢ᠃ ᠱᠠᠩᠬᠤ ᠶᠢᠨ ᠲᠠᠷᠤᠭᠤᠯᠭ᠎ᠠ ᠭᠡᠵᠦ ᠬᠤᠶᠠᠷ | ᠬᠤᠷᠤᠭᠤ ᠦᠷᠭᠡᠨ᠂ ᠤᠷᠳᠤ ᠪᠠᠷ ᠢᠶᠠᠨ ᠲᠤᠯᠤᠭᠠᠢ ᠳᠤ ᠲᠠᠭᠠᠷᠠᠭᠰᠠᠨ ᠶᠠᠭᠤᠮ᠎ᠠ ᠶᠢ ᠪᠦᠰ᠂ ᠲᠤᠷᠭ᠎ᠠ ᠪᠤᠶᠤ | ᠲᠤᠤᠵᠠ ᠪᠠᠷ ᠬᠢᠭᠡᠳ ᠵᠤᠯᠠᠢ ᠠᠴᠠ ᠬᠤᠶᠠᠷ ᠲᠠᠶᠢᠰᠢ ᠪᠠᠨ ᠲᠠᠷᠤᠭᠤᠯᠵᠤ ᠠᠷᠤ ᠰᠢᠯᠢ ᠲᠡᠭᠡᠷ᠎ᠡ ᠪᠠᠨ ᠲᠤᠪᠴᠢᠯᠠᠬᠤ | ᠪᠤᠶᠤ ᠵᠠᠩᠭᠢᠳᠴᠤ ᠦᠭᠬᠦ ᠶᠢ ᠵᠢᠭᠠᠵᠤ ᠪᠠᠶᠢᠭ᠎ᠠ᠃ ᠪᠠᠶᠠᠨ ᠴᠢᠨᠡᠭᠡᠯᠢᠭ ᠨᠢ ᠲᠠᠷᠤᠭᠤᠯᠭ᠎ᠠ ᠲᠡᠭᠡᠷ᠎ᠡ ᠪᠠᠨ ᠱᠢᠷᠦ᠂ | ᠰᠤᠪᠤᠳ᠂ ᠤᠭ᠍ᠶᠤ ᠵᠡᠷᠭᠡ ᠶᠢ ᠬᠠᠳᠠᠵᠤ ᠭᠤᠶᠤᠯᠠᠳᠠᠭ ᠪᠦᠭᠡᠳ ᠲᠠᠷᠤᠭᠤᠯᠭ᠎ᠠ ᠶᠢ ᠴᠠᠭᠠᠨ᠂ ᠤᠯᠠᠭᠠᠨ᠂ ᠰᠢᠷ᠎ᠠ ᠠᠴᠠ | ᠪᠤᠰᠤᠳ ᠦᠩᠭᠡ ᠪᠠᠷ ᠪᠦᠷ ᠬᠢᠵᠦ ᠪᠤᠯᠳᠠᠭ ᠰᠠᠨᠵᠠᠢ᠃ ᠭᠡᠵᠢᠭᠡᠨ ᠤ ᠬᠠᠳᠠᠯᠭ᠎ᠠ ᠶᠢ ᠭᠤᠤᠯᠳᠠᠭᠤ ᠮᠦᠩᠭᠦᠨ | ᠶᠤᠸᠠᠮᠪᠤᠤ᠂ ᠶᠠᠩᠴᠢᠶᠠᠨ ᠢᠶᠠᠷ ᠬᠢᠭᠡᠳ ᠭᠡᠵᠢᠭᠡᠨ ᠤ ᠪᠠᠨ ᠲᠡᠭᠡᠷ᠎ᠡ᠂ ᠲᠤᠮᠳᠠ᠂ ᠲᠤᠤᠷ᠎ᠠ ᠪᠤᠶᠤ ᠵᠦᠪᠬᠡᠨ ᠭᠤᠤᠯ | ᠲᠤᠮᠳᠠ ᠨᠢ ᠵᠡᠭᠦᠵᠦ ᠦᠭᠳᠡᠭ ᠪᠠᠶᠢᠭᠰᠠᠨ ᠪᠠᠶᠢᠨ᠎ᠠ᠃ ᠵᠠᠷᠢᠮ ᠨᠢ ᠮᠦᠩᠭᠦᠨ ᠪᠦᠳᠦᠴᠡ ᠲᠠᠢ᠂ ᠱᠢᠷᠦ ᠰᠤᠪᠤᠳ ᠤᠨ | ᠰᠢᠭᠢᠳᠬᠡᠷᠢ ᠲᠠᠢ ᠦᠰᠦᠨ ᠤ ᠬᠤᠢ ᠶᠢ ᠭᠡᠵᠢᠭᠡᠨ ᠤ ᠪᠠᠨ ᠦᠵᠦᠭᠦᠷ ᠲᠤ ᠬᠡᠷᠡᠭᠯᠡᠵᠦ᠂ ᠵᠠᠷᠢᠮ ᠨᠢ ᠭᠡᠵᠢᠭᠡ ᠪᠠᠨ | ᠨᠠᠭᠠᠰᠢ ᠴᠠᠭᠠᠰᠢ ᠬᠦᠳᠡᠯᠭᠡᠬᠦ ᠦᠭᠡᠢ ᠲᠤᠭᠳᠠᠭᠠᠬᠤ ᠶᠢᠨ ᠲᠦᠯᠦᠭᠡ ᠦᠰᠦᠨ ᠤ ᠪᠠᠨ ᠦᠵᠦᠭᠦᠷ ᠲᠤ ᠮᠦᠩᠭᠦᠨ | ᠲᠡᠬᠡᠭ ᠭᠢᠵᠦ᠂ ᠪᠥᠰᠡᠨ ᠳᠡᠭᠡᠨ ᠤᠷᠤᠭᠤᠯᠤᠨ ᠲᠡᠭᠡᠭᠯᠡᠭᠦᠯᠳᠡᠭ ᠪᠠᠶᠢᠵᠠᠢ᠃ | ᠱᠠᠩᠬᠤᠳᠤ ᠬᠡᠦᠬᠡᠨᠴᠦᠳ ᠠᠷᠪᠠᠨ ᠨᠠᠢᠮᠠ ᠬᠦᠷᠦᠭᠰᠡᠭᠡᠷ ᠠᠶᠢᠯ ᠳᠤ ᠮᠤᠷᠳᠠᠵᠤ ᠠᠪᠠᠭᠠᠢ ᠪᠤᠯᠤᠨ᠎ᠠ᠂ ᠲᠡᠭᠡᠭᠰᠡᠭᠡᠷ ᠠᠮᠢᠨ | ᠦᠰᠦ ᠶᠢ ᠨᠢ ᠬᠤᠶᠠᠷ ᠲᠠᠶᠢᠰᠢ ᠬᠤᠪᠢᠶᠠᠨ᠂ ᠨᠢᠭᠡ ᠲᠠᠯ᠎ᠠ ᠳᠤᠨᠢ ᠲᠤᠰᠪᠦᠷᠢ ᠭᠤᠷᠪᠠᠨ ᠰᠢᠷᠭᠤᠭᠤᠯ ᠦᠰᠦ ᠲᠠᠢ | ᠨᠡᠶᠢᠯᠡᠭᠦᠯᠵᠦ ᠬᠤᠶᠠᠷ ᠭᠡᠵᠢᠭᠡ ᠰᠦᠯᠵᠢᠵᠦ ᠦᠭᠳᠡᠭ᠃ | ᠰᠢᠷᠭᠤᠭᠤᠯ ᠬᠢᠬᠦ ᠶᠠᠪᠤᠴᠠ᠄ ᠰᠢᠷᠭᠤᠭᠤᠯ ᠬᠢᠬᠦ ᠤᠷᠳᠤ ᠦᠰᠦ ᠪᠡᠯᠡᠳᠦᠨ᠎ᠡ᠂ ᠡᠨᠡᠬᠦ ᠦᠰᠦ ᠶᠢ | ᠤᠯᠠᠩᠬᠢ ᠳᠠᠭᠠᠨ ᠦᠪᠡᠷᠰᠡᠳ ᠤᠨ ᠲᠠᠭᠠᠬᠢᠷᠠᠭᠰᠠᠨ ᠦᠰᠦᠨ ᠤ ᠰᠠᠪ ᠢᠶᠠᠷ ᠬᠢᠳᠡᠭ᠃ ᠰᠢᠷᠭᠤᠭᠤᠯ ᠦᠰᠦ ᠶᠢ | ᠬᠤᠭᠤᠷᠤᠨᠳᠤ ᠨᠢ ᠨᠠᠭᠠᠬᠤ ᠨᠠᠭᠠᠯᠳᠤᠭᠤᠷ ᠪᠡᠯᠡᠳᠦᠨ᠎ᠡ᠂ ᠲᠡᠭᠦᠨ ᠢᠶᠠᠨ ᠦᠰᠦᠨ ᠤ ᠲᠦᠷᠬᠢᠴᠡ ᠭᠡᠳᠡᠭ᠂ ᠲᠤᠰ | ᠨᠠᠭᠠᠯᠳᠤᠭᠤᠷ ᠢ ᠬᠤᠮᠠ ᠶᠢ ᠲᠡᠪᠳᠦᠭᠡᠵᠦ ᠪᠦᠳᠦᠭᠦᠯᠢᠭ ᠰᠢᠷᠬᠡᠭ ᠲᠠᠢ ᠪᠦᠰ ᠰᠠᠪᠠ ᠳᠤ ᠬᠢᠭᠡᠳ ᠲᠡᠭᠡᠷ᠎ᠡ ᠠᠴᠠ ᠨᠢ | ᠪᠠᠭ᠎ᠠ ᠤᠰᠤ ᠬᠢᠵᠦ ᠤᠯᠠᠨ ᠲᠠᠬᠢᠨ ᠨᠤᠬᠤᠵᠤ ᠰᠢᠬᠠᠨ᠎ᠠ ︵ᠤᠯᠠᠨ ᠤᠳᠠᠭ᠎ᠠ ᠤᠰᠤ ᠬᠢᠵᠦ ᠰᠢᠬᠠᠳᠠᠭ︶᠂ | ᠲᠡᠭᠡᠭᠰᠡᠭᠡᠷ ᠨᠢᠭᠡ ᠵᠦᠢᠯ ᠤᠨ ᠬᠦᠭᠡᠰᠦᠷᠡᠭᠰᠡᠨ ᠴᠠᠪᠠᠤ ᠰᠢᠭ᠋ ᠶᠠᠭᠤᠮ᠎ᠠ ᠭᠠᠷᠤᠨ᠎ᠠ᠂ ᠲᠡᠭᠦᠨ ᠢᠶᠠᠨ ᠰᠢᠷᠭᠤᠭᠤᠯ | ᠦᠰᠦᠨ ᠳᠤ ᠲᠦᠷᠬᠢᠵᠦ ᠰᠡᠪᠡᠷᠡᠭᠡᠵᠦ ᠬᠠᠳᠠᠭᠠᠨ᠎ᠠ᠂ ᠲᠡᠭᠡᠬᠦ ᠳᠡᠭᠡᠨ ᠭᠡᠳᠦᠷᠡᠳᠡᠯ᠎ᠡ ᠶᠡᠭᠡ ᠬᠠᠳᠠᠭᠠᠵᠤ ᠪᠤᠯᠬᠤ ᠦᠭᠡᠢ᠂ | ᠲᠡᠭᠡᠪᠡᠯ ᠬᠠᠳᠠᠭᠤᠷᠠᠭᠠᠳ ᠦᠰᠦᠨ ᠤ ᠦᠵᠦᠭᠦᠷ ᠤᠨ ᠬᠡᠰᠡᠭ ᠢ ᠠᠮᠢᠨ ᠦᠰᠦ ᠲᠠᠢ ᠨᠡᠶᠢᠯᠡᠭᠦᠯᠵᠦ ᠰᠦᠯᠵᠢᠵᠦ | ᠲᠡᠶᠢᠯᠬᠦ ᠦᠭᠡᠢ ᠪᠤᠯᠤᠨ᠎ᠠ᠃ ᠠᠳᠡ ᠲᠤᠳᠤᠷᠬᠠᠶᠢᠯᠠᠬᠤ ᠴᠢᠬᠤᠯᠠ ᠲᠠᠢ ᠵᠦᠢᠯ ᠭᠡᠪᠡᠯ ᠦᠰᠦᠨ ᠤ ᠰᠡᠪ ᠢ | ᠨᠡᠶᠢᠯᠡᠭᠦᠯᠦᠨ ᠰᠠᠮᠨᠠᠭᠠᠳ ᠬᠦᠷᠦᠵᠦ ᠦᠭᠭᠦ ᠪᠢᠰᠢ᠂ ᠬᠠᠷᠢᠨ ᠵᠠᠳᠠᠭᠠᠢ ᠦᠰᠦᠨ ᠳᠤ ᠨᠠᠭᠠᠯᠳᠤᠭᠤᠷ ᠲᠦᠷᠬᠢᠭᠡᠳ | ᠬᠤᠭᠤᠷᠤᠨᠳᠤ ᠨᠢ ᠨᠠᠭᠠᠯᠳᠤᠭᠤᠯᠵᠤ ᠦᠭᠭᠦᠨ᠎ᠡ᠃ ᠨᠠᠭᠠᠯᠳᠤᠭᠤᠷ ᠢᠶᠠᠨ ᠪᠠᠷᠤᠭ ᠰᠢᠷᠭᠡᠭ ᠦᠰᠦ ᠪᠤᠯᠭᠠᠨ ᠳᠤ | ᠲᠦᠷᠬᠢᠵᠦ ᠦᠭᠬᠦ ᠬᠡᠷᠡᠭᠳᠡᠢ᠂ ᠦᠭᠡᠢ ᠪᠤᠯ ᠬᠠᠳᠠᠭᠰᠠᠨ ᠤ ᠲᠠᠷᠠᠭ᠎ᠠ ᠬᠦᠪᠰᠦᠶᠢᠵᠦ ᠪᠤᠰᠤᠭᠠᠳ ᠦᠰᠦᠨ ᠤ ᠰᠡᠪ | ᠲᠠᠷᠤᠭᠳᠠᠬᠤ ᠦᠭᠡᠢ ᠪᠤᠯᠳᠠᠭ᠃ ᠱᠤᠷᠭᠤᠣᠯ ᠢ ᠨᠢᠭᠡ ᠲᠠᠯ᠎ᠠ ᠳᠤᠨᠢ ᠭᠤᠷᠪᠠ᠂ ᠨᠡᠶᠢᠳᠡ ᠵᠢᠷᠭᠤᠭ᠎ᠠ ᠪᠡᠯᠡᠳᠦᠨ᠎ᠡ᠂ | ᠨᠢᠭᠡ ᠲᠠᠯ᠎ᠠ ᠶᠢᠨ ᠭᠤᠷᠪᠠᠨ ᠰᠢᠷᠭᠤᠭᠤᠯ ᠨᠢ ᠵᠤᠯᠠᠢ ᠶᠢᠨ ᠰᠢᠷᠭᠤᠭᠤᠯ᠂ ᠲᠤᠮᠳᠠ ᠰᠢᠷᠭᠤᠭᠤᠯ᠂ ᠰᠢᠯᠢ ᠶᠢᠨ | ᠰᠢᠷᠭᠤᠭᠤᠯ ᠭᠡᠬᠦ ᠨᠡᠷ᠎ᠡ ᠲᠠᠢ᠂ ᠭᠤᠷᠪᠠᠨ ᠰᠢᠷᠭᠤᠭᠤᠯ ᠤᠨ ᠶᠠᠩᠵᠤ ᠬᠡᠯᠪᠡᠷᠢ ᠨᠢ ᠤᠭ ᠲᠠᠭᠠᠨ ᠭᠤᠯᠳᠤᠶᠢᠭᠰᠠᠨ᠂ | ᠵᠤᠵᠠᠭᠠᠯᠢᠭ᠂ ᠲᠡᠮᠡᠢ ᠲᠤᠭᠤᠢ ᠪᠤᠰᠤ ᠲᠡᠶᠢᠮᠦ ᠶᠠᠩᠵᠤ ᠲᠠᠢ ᠪᠠᠶᠢᠭᠠᠳ ᠲᠡᠭᠡᠳᠦ ᠵᠠᠭᠤᠨ ᠤ ᠭᠤᠴᠢ᠂ ᠲᠦᠴᠢᠭᠡᠳ | ᠤᠨ ᠪᠤᠯᠵᠤ ᠢᠷᠡᠭᠡᠳ ᠲᠤᠮᠳᠠ ᠰᠢᠷᠭᠤᠭᠤᠯ ᠢ ᠦᠷᠭᠡᠨ ᠬᠠᠪᠳᠠᠭᠠᠢ ᠬᠢᠬᠦ ᠪᠤᠯᠤᠭᠰᠠᠨ ᠪᠦᠭᠡᠳ ᠦᠪᠡᠷᠰᠡᠳ ᠤᠨ | ᠲᠤᠷᠠᠰᠢᠯ ᠪᠠ ᠪᠡᠶ᠎ᠡ ᠶᠢᠨ ᠲᠦᠯᠦᠪ ᠲᠡᠭᠡᠨ ᠵᠤᠬᠢᠴᠠᠭᠤᠯᠤᠨ ᠪᠦᠳᠦᠭᠦᠨ ᠪᠠᠭ᠎ᠠ ᠰᠢᠭ᠋ ᠠᠳᠠᠯᠢ ᠪᠤᠰᠤ ᠬᠢᠳᠡᠭ ᠪᠤᠯᠵᠠᠢ᠃ | ᠲᠤᠮᠳᠠ ᠰᠢᠷᠭᠤᠭᠤᠯ ᠢ ᠵᠠᠰᠠᠬᠤ ᠳᠤ ᠵᠤᠬᠢᠬᠤ ᠬᠡᠮᠵᠢᠶᠡᠨ ᠤ ᠮᠡᠷᠭᠡᠵᠢᠯ ᠬᠡᠷᠡᠭᠰᠡᠨ᠎ᠡ᠂ ᠰᠢᠷᠭᠤᠭᠤᠯ ᠪᠤᠯᠭᠠᠨ ᠤ | ᠲᠡᠭᠡᠳᠦ ᠦᠵᠦᠭᠦᠷ ᠲᠤ ᠮᠦᠨ ᠦᠰᠦᠨ ᠤ ᠰᠡᠪ ᠢᠶᠠᠷ ᠪᠠᠷᠤᠭ ᠰᠦᠭᠡᠮ ᠬᠢᠷᠢᠳᠡᠢ ᠨᠠᠷᠢᠨ ᠰᠢᠯᠪᠢ ᠰᠦᠯᠵᠢᠵᠦ | ᠬᠢᠨ᠎ᠡ᠂ ᠲᠤᠰ ᠰᠢᠯᠪᠢ ᠶᠢ ᠬᠠᠮᠤᠭ ᠲᠡᠷᠢᠭᠦᠨ ᠬᠢᠭᠡᠳ ᠴᠢᠨᠠᠭᠰᠢ ᠨᠢ ᠬᠡᠰᠡᠭ ᠬᠡᠰᠡᠭ ᠢᠶᠠᠷ ᠦᠰᠦ ᠨᠡᠮᠡᠵᠦ | ᠤᠳᠠᠰᠤ ᠪᠠᠷ ᠴᠢᠩᠭ᠎ᠠ ᠤᠷᠢᠶᠠᠨ ᠤᠶᠤᠵᠤ ᠰᠢᠷᠭᠤᠭᠤᠯ ᠦᠰᠦ ᠬᠢᠳᠡᠭ᠃ | ᠰᠢᠷᠭᠤᠭᠤᠯ ᠦᠰᠦ ᠬᠦᠷᠦᠬᠦ ᠶᠠᠪᠤᠴᠠ᠄ ᠬᠠᠮᠤᠭ ᠲᠡᠷᠢᠭᠦᠨ ᠳᠤ ᠲᠤᠯᠤᠭᠠᠢ ᠶᠢᠨ ᠦᠰᠦ ᠶᠢ ᠵᠠᠭᠠᠳᠠᠰᠤᠯᠠᠨ | ᠬᠤᠶᠠᠷ ᠲᠠᠶᠢᠰᠢ ᠲᠡᠭᠰᠢ ᠬᠤᠪᠢᠶᠠᠵᠤ᠂ ᠵᠠᠭᠠᠳᠠᠰᠤᠨ ᠤ ᠬᠤᠶᠠᠷ ᠲᠠᠯ᠎ᠠ ᠪᠠᠷ ᠬᠡᠰᠡᠭ ᠦᠰᠦ ᠦᠯᠡᠳᠡᠭᠡᠨ ᠲᠡᠭᠦᠨ ᠢᠶᠠᠨ | ᠭᠤᠷᠪᠠ ᠠᠩᠭᠢᠯᠠᠨ᠂ ᠭᠤᠷᠪᠠᠨ ᠰᠢᠷᠭᠤᠭᠤᠯ ᠦᠰᠦ ᠪᠦᠷᠬᠦᠵᠦ ᠦᠭᠭᠦ ᠬᠠᠯᠢᠪ ᠦᠰᠦ ᠪᠤᠯᠭᠠᠨ᠎ᠠ᠂ ᠲᠠᠷᠠᠭ᠎ᠠ ᠨᠢ | ᠭᠤᠷᠪᠠᠨ ᠰᠢᠷᠭᠤᠭᠤᠯ ᠦᠰᠦ ᠵᠡᠭᠦᠬᠦ ᠲᠤᠰ ᠲᠤᠰ ᠤᠨ ᠴᠡᠭ ᠲᠤᠭᠳᠠᠭᠠᠨ ᠲᠤᠰ ᠲᠤᠰ ᠲᠤᠨᠢ ᠬᠡᠰᠡᠭ ᠠᠮᠢᠨ ᠦᠰᠦ | ᠦᠯᠡᠳᠡᠭᠡᠨ᠎ᠡ᠃ ᠲᠡᠭᠡᠭᠡᠳ ᠰᠢᠯᠢ ᠶᠢᠨ ᠰᠢᠷᠭᠤᠭᠤᠯ ᠤᠨ ᠰᠢᠯᠪᠢ ᠶᠢ ᠦᠨᠦ ᠦᠯᠡᠳᠡᠭᠡᠭᠰᠡᠨ ᠬᠡᠰᠡᠭ ᠠᠮᠢᠨ ᠦᠰᠦ | ᠲᠠᠢ ᠨᠡᠶᠢᠯᠡᠭᠦᠯᠦᠨ ᠰᠦᠯᠵᠢᠵᠦ ᠲᠤᠰ ᠰᠢᠷᠭᠤᠭᠤᠯ ᠢ ᠵᠡᠭᠦᠵᠦ ᠲᠤᠭᠳᠠᠭᠠᠨ᠎ᠠ᠃ ᠡᠨᠡ ᠮᠡᠳᠦ ᠪᠠᠷ ᠵᠤᠯᠠᠢ ᠶᠢᠨ | ᠰᠢᠷᠭᠤᠭᠤᠯ ᠪᠠ ᠲᠤᠮᠳᠠ ᠰᠢᠷᠭᠤᠭᠤᠯ ᠢ ᠲᠤᠭᠳᠠᠭᠠᠨ᠎ᠠ᠂ ᠡᠭᠦᠨ ᠳᠤ ᠭᠤᠷᠪᠠᠨ ᠰᠢᠷᠭᠤᠭᠤᠯ ᠤᠨ ᠲᠤᠰ ᠲᠤᠰ ᠤᠨ | ᠴᠡᠭ ᠲᠤᠭᠳᠠᠭᠠᠬᠤ ᠪᠤᠯ ᠬᠠᠮᠤᠭ ᠴᠢᠬᠤᠯᠠ᠃ ᠵᠤᠯᠠᠢ ᠶᠢᠨ ᠰᠢᠷᠭᠤᠭᠤᠯ ᠪᠠ ᠲᠤᠮᠳᠠ ᠰᠢᠷᠭᠤᠭᠤᠯ ᠢ ᠤᠶᠢᠷᠠᠯᠴᠠᠭ᠎ᠠ | ᠪᠠᠶᠢᠷᠢᠯᠠᠭᠤᠯᠤᠨ᠎ᠠ᠃ ᠵᠤᠯᠠᠢ ᠶᠢᠨ ᠬᠡᠰᠡᠭ ᠠᠮᠢᠨ ᠦᠰᠦ ᠶᠢ ᠲᠤᠭᠤᠶᠢᠯᠠᠨ ᠵᠠᠰᠠᠵᠤ ᠨᠠᠭᠠᠯᠳᠤᠭᠤᠷ ᠲᠦᠷᠬᠢᠭᠡᠳ | ᠴᠢᠬᠢᠨ ᠤ ᠬᠤᠶᠢᠭᠤᠷ ᠤᠷᠤᠭᠤᠯᠤᠨ ᠰᠢᠯᠢ ᠶᠢᠨ ᠰᠢᠷᠭᠤᠭᠤᠯ ᠲᠠᠢ ᠨᠡᠶᠢᠯᠡᠭᠦᠯᠵᠦ ᠭᠦᠷᠦᠨ᠎ᠡ᠃ ᠭᠤᠷᠪᠠᠨ ᠰᠢᠷᠭᠤᠭᠤᠯ | ᠦᠰᠦ ᠶᠢ ᠠᠮᠢᠨ ᠦᠰᠦ ᠲᠠᠢ ᠨᠡᠶᠢᠯᠡᠭᠦᠯᠦᠨ ᠰᠦᠯᠵᠢᠬᠦ ᠠᠷᠭ᠎ᠠ᠄ ᠬᠠᠮᠤᠭ ᠲᠡᠷᠢᠭᠦᠨ ᠳᠤ ᠰᠢᠯᠢ ᠶᠢᠨ ᠰᠢᠷᠭᠤᠭᠤᠯ ᠢ | ᠲᠡᠷᠡ ᠬᠠᠪᠢ ᠳᠤᠨᠢ ᠦᠯᠡᠳᠡᠭᠡᠭᠰᠡᠨ ᠬᠠᠯᠢᠪ ᠦᠰᠦ ᠪᠠᠷ ᠪᠦᠷᠬᠦᠵᠦ ᠵᠤᠯᠠᠢ ᠶᠢᠨ ᠰᠢᠷᠭᠤᠭᠤᠯ ︵ᠬᠠᠯᠢᠪ | ᠦᠰᠦ ᠲᠠᠢ ᠨᠢ ᠬᠠᠮᠳᠤ︶ ᠲᠠᠢ ᠰᠤᠯᠢᠪᠴᠠᠭᠤᠯᠤᠨ ᠲᠠᠷᠤᠨ᠎ᠠ᠂ ᠲᠠᠷᠤᠢ ᠵᠤᠯᠠᠢ ᠶᠢᠨ ᠰᠢᠷᠭᠤᠭᠤᠯ ᠢᠶᠠᠷ ᠰᠢᠯᠢ ᠶᠢᠨ | ᠰᠢᠷᠭᠤᠭᠤᠯ ᠢ ᠲᠠᠷᠤᠵᠤ᠂ ᠵᠠᠪᠰᠠᠷ ᠲᠤᠨᠢ ᠲᠤᠮᠳᠠ ᠰᠢᠷᠭᠤᠭᠤᠯ ᠢ ᠲᠠᠯᠪᠢᠵᠤ ᠬᠠᠯᠢᠪ ᠦᠰᠦ ᠪᠠᠷ ᠪᠦᠷᠬᠦᠵᠦ᠂ | ᠲᠤᠮᠳᠠ ᠰᠢᠷᠭᠤᠭᠤᠯ ᠢ ᠠᠷᠤᠭᠰᠢ ᠤᠨᠠᠬᠤ ᠪᠠᠷ ᠦᠭᠡᠢ ᠲᠤᠭᠳᠠᠪᠤᠷᠢᠳᠠᠢ ᠪᠤᠯᠭᠠᠵᠤ ᠦᠭᠭᠦᠨ᠎ᠡ᠃ ᠲᠡᠭᠡᠭᠡᠳ | ᠴᠢᠨᠠᠭᠰᠢ ᠪᠠᠨ ᠬᠡᠳᠦ ᠰᠦᠯᠵᠢᠭᠡᠳ ᠦᠰᠦᠨ ᠤ ᠦᠵᠦᠭᠦᠷ ᠢ ᠲᠤᠷᠭᠠᠨ ᠬᠠᠷ᠎ᠠ ᠤᠳᠠᠰᠤ ᠪᠠᠷ ᠪᠤᠭᠤᠵᠤ᠂ | ᠦᠰᠦᠨ ᠤ ᠭᠡᠷ ᠲᠤ ᠲᠦᠷᠢᠬᠦ ᠳᠤ ᠪᠡᠯᠡᠭᠡᠨ ᠪᠤᠯᠭᠠᠨ᠎ᠠ᠃ ᠰᠢᠯᠢ ᠶᠢᠨ ᠲᠠᠭᠵᠠᠨ ᠳᠤ᠂ ᠲᠠᠷᠤᠢ ᠵᠠᠭᠠᠳᠠᠰᠤᠨ ᠤ | ᠬᠤᠶᠠᠷ ᠲᠠᠯ᠎ᠠ ᠳᠤ ᠲᠤᠰ ᠪᠦᠷᠢ ᠵᠢᠭᠠᠬᠠᠨ ᠦᠰᠦ ᠠᠪᠴᠤ᠂ ᠠᠰ ᠠᠰ ᠲᠤᠨᠢ ᠰᠦᠯᠵᠢᠭᠡᠳ ᠬᠠᠮᠤᠭ ᠰᠡᠭᠦᠯ ᠳᠤ | ᠰᠢᠯᠢ ᠶᠢᠨ ᠰᠢᠷᠭᠤᠭᠤᠯ ᠪᠠ ᠲᠡᠭᠦᠨ ᠤ ᠬᠠᠯᠢᠪ ᠦᠰᠦ ᠲᠠᠢ ᠨᠡᠶᠢᠯᠡᠭᠦᠯᠦᠨ ᠬᠠᠮᠳᠤᠷᠠᠭᠤᠯᠤᠨ ᠰᠦᠯᠵᠢᠨ᠎ᠡ᠂ ᠡᠨᠡᠬᠦ | ᠦᠰᠦ ᠶᠢ ᠬᠤᠯᠠᠭᠠᠢ ᠬᠦᠷᠦᠭᠡ ᠭᠡᠳᠡᠭ ᠪᠠᠶᠢᠵᠠᠢ᠃ | ᠦᠰᠦ ᠪᠠᠨ ᠭᠦᠷᠦᠵᠦ ᠪᠠᠷᠠᠭᠠᠳ ᠭᠠᠳᠠᠭᠤᠷ ᠨᠢ ᠦᠰᠦᠨᠤ ᠪᠤᠳᠤᠭ ᠲᠦᠷᠬᠢᠵᠦ ᠦᠭᠳᠡᠭ᠂ ᠡᠨᠡᠬᠦ ᠪᠤᠳᠤᠭ ᠢ | ᠨᠠᠷᠢᠨ ᠪᠤᠳᠠᠭ᠎ᠠ ︵ᠲᠤᠷᠭᠤᠳ ᠤᠯᠤᠰ ᠬᠤᠨᠤᠭ ᠪᠤᠳᠠᠭ᠎ᠠ ᠭᠡᠳᠡᠭ︶ ᠶᠢ ᠬᠠᠶᠢᠰᠤᠨ ᠳᠤ ᠬᠢᠵᠦ ᠵᠦᠭᠡᠯᠡᠨ ᠭᠠᠯ ᠢᠶᠠᠷ | ᠬᠡᠰᠡᠭ ᠬᠠᠭᠤᠷᠤᠭᠠᠳ᠂ ᠲᠡᠭᠡᠷ᠎ᠡ ᠠᠴᠠ ᠨᠢ ᠵᠢᠭᠠᠬᠠᠨ ᠴᠠᠢ ᠪᠤᠶᠤ ᠤᠰᠤ ᠬᠢᠵᠦ ᠪᠤᠴᠠᠯᠭᠠᠨ᠎ᠠ᠂ ᠭᠡᠰᠡᠭ ᠪᠤᠴᠠᠯᠭᠠᠭᠠᠳ | ᠪᠤᠳᠠᠭ᠎ᠠ ᠪᠠᠨ ᠱᠥᠬᠦᠵᠤ ᠠᠪᠤᠭᠠᠳ ᠦᠯᠡᠳᠡᠭᠰᠡᠨ ᠰᠢᠩᠭᠡᠨ ᠢ ᠪᠤᠴᠠᠯᠭᠠᠭᠠᠳ ᠪᠠᠶᠢᠨ᠎ᠠ᠂ ᠰᠢᠷ᠎ᠠ ᠬᠦᠭᠡᠰᠦ ᠶᠢ ᠨᠢ | ᠠᠪᠴᠤ ᠬᠠᠶᠠᠭᠠᠳ ᠪᠠᠶᠢᠨ᠎ᠠ᠂ ᠲᠡᠭᠡᠵᠦ ᠪᠠᠶᠢᠳᠠᠯ᠎ᠠ ᠬᠠᠪ ᠬᠠᠷ᠎ᠠ ᠭᠢᠯᠠᠯᠵᠠᠭᠰᠠᠨ ᠶᠠᠭᠤᠮ᠎ᠠ ᠦᠳᠬᠡᠷᠡᠭᠡᠳ ᠢᠷᠡᠨ᠎ᠡ᠂ | ᠡᠭᠦᠨ ᠢᠶᠠᠨ ᠴᠡᠪᠡᠷᠬᠡᠨ ᠰᠠᠪᠠᠨ ᠳᠤ ᠠᠭᠤᠳᠠᠯᠤᠭᠠᠳ ᠬᠡᠰᠡᠭ ᠬᠦᠷᠦᠭᠡᠵᠦ ᠦᠰᠦᠨ ᠳᠡᠭᠡᠨ ᠲᠦᠷᠬᠢᠨ᠎ᠡ᠂ | ᠦᠰᠦᠨ ᠳᠤ ᠦᠩᠭᠡ ᠤᠷᠤᠭᠤᠯᠬᠤ ᠪᠠ ᠦᠰᠦ ᠬᠠᠷᠠᠯᠠᠭᠤᠯᠬᠤ ᠦᠢᠯᠡᠳᠦᠯ ᠲᠠᠢ᠃ ᠪᠤᠳᠠᠭ᠎ᠠ ᠪᠠᠨ ᠢᠯᠡᠭᠦᠦ | ᠬᠠᠭᠤᠷᠠᠪᠠᠯ ᠦᠰᠦᠨ ᠤ ᠪᠤᠳᠤᠭ ᠬᠦᠷᠡᠩ ᠪᠤᠯᠵᠤ᠂ ᠲᠤᠳᠠᠭᠤ ᠬᠠᠭᠤᠷᠠᠪᠠᠯ ᠰᠢᠷ᠎ᠠ ᠪᠤᠯᠵᠤ᠂ ᠶᠠᠪ ᠴᠠᠪ | ᠲᠠᠭᠠᠷᠠᠭᠤᠯᠪᠠᠯ ᠬᠠᠪ ᠬᠠᠷ᠎ᠠ ᠦᠩᠭᠡ ᠲᠠᠢ ᠪᠤᠯᠳᠠᠭ ᠪᠠᠶᠢᠵᠠᠢ᠃ ᠲᠤᠯᠤᠭᠠᠢ ᠪᠠᠨ ᠤᠬᠢᠶᠠᠬᠤ ᠦᠶ᠎ᠡ ᠳᠤ ᠰᠢᠷᠭᠤᠭᠤᠯ | ᠦᠰᠦ ᠪᠠᠨ ᠠᠪᠴᠤ ᠦᠩᠭᠢᠵᠦ ᠤᠰᠤᠨ ᠳᠤ ᠤᠭᠢᠶᠠᠭᠠᠳ ᠲᠠᠬᠢᠵᠤ ᠨᠠᠭᠠᠵᠤ ᠵᠡᠭᠦᠨ᠎ᠡ᠃ ᠰᠦᠨᠢ | ᠤᠨᠳᠠᠬᠤ ᠳᠠᠭᠠᠨ ᠴᠤ ᠠᠪᠴᠤ ᠪᠤᠯᠬᠤ ᠦᠭᠡᠢ᠂ ᠶᠡᠷᠦ ᠨᠢ ᠪᠦᠰᠡᠭᠦᠢ ᠬᠦᠮᠦᠨ ᠶᠠᠮᠠᠷ ᠴᠤ ᠴᠠᠭ ᠲᠤ ᠭᠡᠳ ᠮᠠᠯᠠᠭᠠᠢ᠂ | ᠰᠢᠷᠭᠤᠭᠤᠯ ᠢᠶᠠᠨ ᠠᠪᠴᠤ ᠪᠤᠯᠬᠤ ᠦᠭᠡᠢ᠂ ᠠᠪᠤᠪᠠᠯ ᠬᠦᠮᠦᠨ ᠳᠤ ᠮᠠᠭᠤ ᠬᠡᠯᠡᠭᠳᠡᠨ᠎ᠡ᠃ ᠰᠢᠷᠭᠤᠭᠤᠯ ᠦᠰᠦ ᠪᠠᠨ | ᠤᠯᠠᠩᠬᠢ ᠪᠦᠰᠡᠭᠦᠶᠢᠴᠦᠳ ᠦᠪᠡᠷᠰᠡᠳ ᠢᠶᠠᠨ ᠭᠦᠷᠦᠭᠡᠳ ᠵᠡᠭᠦᠵᠦ᠂ ᠲᠤᠩ ᠡᠰᠡ ᠴᠢᠳᠠᠬᠤ ᠨᠢ ᠬᠦᠮᠦᠨ ᠢᠶᠠᠷ | ᠭᠦᠷᠦᠭᠦᠯᠳᠡᠭ᠃ ᠴᠢᠯᠦᠭᠡᠯᠡᠭᠰᠡᠨ ᠤ ᠲᠠᠷᠠᠭ᠎ᠠ ᠪᠦᠰᠡᠭᠦᠶᠢᠴᠦᠳ ᠠᠯᠬᠤᠮ ᠠᠯᠬᠤᠮ ᠢᠶᠠᠷ ᠰᠢᠷᠭᠤᠭᠤᠯ ᠦᠰᠦ | ᠵᠡᠭᠦᠬᠦ ᠪᠠᠨ ᠪᠤᠯᠢᠭᠠᠳ ᠠᠮᠢᠨ ᠦᠰᠦ ᠪᠠᠨ ᠬᠤᠶᠠᠷ ᠬᠤᠪᠢᠶᠠᠨ ᠰᠦᠯᠵᠢᠵᠦ ᠦᠰᠦᠨ ᠤ ᠭᠡᠷ ᠲᠡᠭᠡᠨ ᠬᠢᠬᠦ | ᠪᠤᠯᠤᠭᠰᠠᠨ ᠪᠦᠭᠡᠳ ᠲᠡᠭᠦᠨ ᠢᠶᠠᠨ ᠰᠢᠢᠮᠡᠭ ᠦᠰᠦ ᠭᠡᠳᠡᠭ᠃ | ᠦᠰᠦᠨ ᠤ ᠭᠡᠷ᠄ ᠬᠠᠷ᠎ᠠ ᠲᠤᠷᠭ᠎ᠠ᠂ ᠬᠠᠷ᠎ᠠ ᠬᠢᠯᠢᠩ ᠪᠤᠶᠤ ᠬᠠᠷ᠎ᠠ ᠪᠦᠰ ᠢᠶᠠᠷ ᠬᠢᠭᠰᠡᠨ ᠨᠠᠷᠢᠬᠠᠨ ᠤᠷᠳᠤ | ᠲᠤᠭᠳᠤᠢ᠃ ᠲᠤᠭᠳᠤᠢ ᠶᠢᠨ ᠠᠮᠠᠰᠠᠷ ᠨᠢ ᠭᠤᠷᠪᠠᠯᠵᠢᠨ ᠬᠡᠯᠪᠡᠷᠢ ᠲᠠᠢ᠂ ᠠᠮᠠᠰᠠᠷ ᠤᠨ ᠬᠤᠶᠠᠷ ᠲᠠᠯ᠎ᠠ ᠶᠢᠨ | ᠬᠦᠪᠡᠭᠡ ᠪᠠᠷ ᠨᠢ ᠨᠤᠭᠤᠭᠠᠨ ᠤᠳᠠᠰᠤ ᠪᠠᠷ ᠴᠠᠯᠮ᠎ᠠ ᠪᠤᠶᠤ ᠵᠡᠭᠡᠭ ᠪᠠᠷᠢᠵᠤ᠂ ᠬᠠᠵᠠᠭᠤ ᠪᠠᠷ ᠨᠢ ᠮᠦᠨ ᠨᠤᠭᠤᠭᠠᠨ | ᠤᠳᠠᠰᠤ ᠪᠠᠷ ᠦᠷᠭᠦᠯᠵᠢ ᠰᠢᠭᠯᠠᠵᠤ ᠦᠭᠳᠡᠭ᠃ ᠵᠠᠷᠢᠮ ᠨᠢ ᠴᠠᠯᠮ᠎ᠠ ᠪᠤᠶᠤ ᠵᠡᠭᠡᠭ ᠤᠨ ᠤᠷᠤᠨ ᠳᠤ ᠰᠤᠮᠤᠨ | ᠨᠢᠷᠤᠭᠤ ᠬᠠᠳᠬᠤᠵᠤ᠂ ᠦᠷᠭᠦᠯᠵᠢ ᠰᠢᠭᠯᠠᠭᠠᠰᠤ ᠶᠢᠨ ᠲᠤᠳᠤᠭᠤᠷ ᠵᠠᠭᠤᠷᠠᠪᠴᠢᠯᠠᠵᠤ᠂ ᠵᠠᠷᠢᠮ ᠨᠢ ᠵᠠᠭᠤᠷᠠᠪᠴᠢ ᠶᠢᠨ | ᠤᠷᠤᠨ ᠳᠤ ᠬᠤᠨᠢᠨ ᠬᠤᠯᠪᠤᠭ᠎ᠠ ᠬᠠᠳᠬᠤᠵᠤ ᠦᠭᠳᠡᠭ᠃ ᠦᠰᠦᠨ ᠤ ᠭᠡᠷ ᠲᠤ ᠨᠢᠭᠤᠷ ᠲᠠᠯ᠎ᠠ ᠪᠠ ᠲᠤᠳᠤᠷ ᠲᠠᠯ᠎ᠠ | ᠭᠡᠵᠦ ᠪᠠᠶᠢᠳᠠᠭ᠃ ᠲᠤᠳᠤᠷ ᠲᠠᠯ᠎ᠠ ᠶᠢᠨ ᠠᠮᠠᠰᠠᠷ ᠲᠤᠨᠢ ᠤᠳᠠᠰᠤ ᠪᠠᠷ ᠤᠭᠤᠰᠤᠷ ᠬᠢᠨ᠎ᠡ᠂ ᠦᠰᠦ ᠪᠠᠨ ᠦᠰᠦᠨ ᠤ | ᠭᠡᠷ ᠲᠤ ᠬᠢᠭᠰᠡᠨ ᠤ ᠲᠠᠷᠠᠭ᠎ᠠ ᠨᠢᠭᠤᠷ ᠲᠠᠯ᠎ᠠ ᠶᠢᠨ ᠠᠮᠠᠰᠠᠷ ᠲᠠᠬᠢ ᠤᠭᠤᠰᠤᠷ ᠢ ᠦᠰᠦᠨ ᠤ ᠵᠠᠪᠰᠠᠷ ᠢᠶᠠᠷ ᠲᠤᠳᠤᠷ | ᠲᠠᠯ᠎ᠠ ᠳᠤᠨᠢ ︵ᠴᠠᠭᠠᠳᠤ ᠲᠠᠯ᠎ᠠ︶ ᠭᠠᠷᠭᠠᠵᠤ᠂ ᠲᠤᠳᠤᠷ ᠲᠠᠯ᠎ᠠ ᠳᠤ ᠪᠠᠶᠢᠭ᠎ᠠ ᠲᠤᠪᠴᠢ ᠳᠤ ᠤᠷᠤᠭᠤᠯᠵᠤ | ᠲᠤᠭᠳᠠᠭᠠᠨ᠎ᠠ᠃ ᠦᠰᠦᠨ ᠤ ᠭᠡᠷ ᠤᠨ ᠲᠤᠤᠷᠠᠳᠤ ᠲᠠᠯ᠎ᠠ ᠲᠡᠭᠰᠢ ᠬᠡᠯᠪᠡᠷᠢ ᠲᠠᠢ ᠪᠠᠶᠢᠳᠠᠭ᠂ ᠲᠡᠭᠦᠨ ᠢ ᠨᠤᠭᠤᠭᠠᠨ | ᠤᠳᠠᠰᠤ ᠪᠠᠷ ᠵᠠᠷᠢᠮ ᠨᠢ ᠭᠤᠷᠪᠠ᠂ ᠲᠠᠪᠤ ᠪᠤᠶᠤ ᠲᠤᠯᠤᠭ᠎ᠠ ᠪᠠᠷ ᠰᠤᠶᠤᠭ᠎ᠠ ᠭᠠᠷᠭᠠᠵᠤ ᠬᠠᠳᠬᠤᠵᠤ ᠭᠤᠶᠤᠯᠠᠨ᠎ᠠ᠂ | ᠮᠦᠨ ᠦᠰᠦᠨ ᠤ ᠭᠡᠷ ᠤᠨ ᠲᠤᠤᠷᠠᠳᠤ ᠬᠦᠪᠡᠭᠡ ᠶᠢ ᠪᠢᠳᠡᠭᠦᠯᠡᠵᠦ ᠤᠶᠤᠬᠤ ᠦᠭᠡᠢ ᠵᠠᠳᠠᠭᠠᠢ ᠪᠠᠷ ᠢᠶᠠᠨ ᠪᠠᠶᠢᠬᠤ | ᠪᠦᠭᠡᠳ ᠤᠯᠠᠩᠬᠢ ᠨᠢ ᠡᠪᠦᠳᠦᠭ ᠲᠤ ᠲᠤᠯᠤᠭᠰᠠᠨ ᠤᠷᠳᠤ ᠦᠰᠦᠨ ᠤ ᠭᠡᠷ ᠵᠡᠭᠦᠳᠡᠭ ᠪᠠᠶᠢᠵᠠᠢ᠃ ᠪᠦᠰᠡ | ᠪᠦᠰᠡᠯᠡᠵᠦ ᠪᠠᠶᠢᠭ᠎ᠠ ᠦᠶ᠎ᠡ ᠳᠤ ᠦᠰᠦᠨ ᠤ ᠭᠡᠷ ᠢᠶᠠᠨ ᠪᠦᠰᠡᠨ ᠤ ᠲᠤᠤᠭᠤᠷ ᠲᠠᠷᠤᠭᠤᠯᠤᠨ ᠵᠡᠭᠦᠳᠡᠭ ᠶᠤᠰᠤ ᠲᠠᠢ᠃ | ᠦᠰᠦᠨ ᠤ ᠭᠡᠷ ᠤᠨ ᠬᠠᠳᠠᠯᠭ᠎ᠠ᠄ ᠦᠰᠦᠨ ᠤ ᠭᠡᠷ ᠤᠨ ᠠᠮᠠᠨ ᠤ ᠭᠤᠷᠪᠠᠯᠵᠢᠨ ᠬᠡᠰᠡᠭ ᠲᠤ ᠬᠠᠳᠠᠬᠤ | ᠲᠡᠮᠦᠷᠯᠢᠭ ᠤᠨ ᠵᠦᠢᠯ᠃ ᠪᠠᠶᠠᠨ ᠴᠢᠨᠡᠭᠡᠯᠢᠭ ᠨᠢ ᠠᠯᠳᠠ᠂ ᠮᠦᠩᠭᠦ ᠪᠠᠷ ᠬᠢᠭᠰᠡᠨ ᠵᠢᠪᠠᠳᠤ ᠶᠢᠨ ᠲᠤᠯᠤᠭᠠᠢ ᠬᠠᠳᠠᠵᠤ᠂ | ᠴᠢᠯᠦᠭᠡᠯᠡᠬᠦ ᠠᠴᠠ ᠡᠮᠦᠨᠡᠭᠡᠨ ᠪᠤᠯᠵᠤ ᠢᠷᠡᠭᠡᠳ ᠲᠡᠭᠡᠷ᠎ᠡ ᠪᠠᠨ ᠱᠢᠷᠦ᠂ ᠰᠤᠪᠤᠳ᠂ ᠲᠤᠪᠴᠢᠨ ᠰᠢᠭᠢᠳᠬᠡᠷᠢ ᠲᠠᠢ | ᠪᠤᠶᠤ ᠦᠯᠵᠡᠢ ᠤᠳᠠᠰᠤᠨ ᠬᠡ ᠲᠠᠢ ᠭᠤᠷᠪᠠᠯᠵᠢᠨ ᠮᠦᠩᠭᠦᠨ ᠬᠠᠳᠠᠯᠭ᠎ᠠ ᠶᠢ ᠨᠡᠶᠢᠳᠡᠮ ᠬᠠᠳᠠᠬᠤ ᠪᠤᠯᠵᠠᠢ᠃ | ᠠᠶᠢᠯ ᠳᠤ ᠮᠤᠷᠳᠠᠬᠤ ᠨᠠᠰᠤᠨ ᠳᠤ ᠬᠦᠷᠦᠭᠰᠡᠨ ᠪᠤᠯᠪᠠᠴᠤ ᠮᠤᠷᠳᠠᠭ᠎ᠠ ᠦᠭᠡᠢ ᠡᠮᠡᠭᠳᠡᠢ ᠶᠢᠨ ᠦᠰᠦ ᠶᠢ ᠨᠢ | ᠬᠤᠶᠠᠷ ᠬᠤᠪᠢᠶᠠᠵᠤ ᠭᠦᠷᠦᠵᠦ ᠦᠭᠳᠡᠭ ᠪᠠᠶᠢᠭᠰᠠᠨ ᠪᠦᠭᠡᠳ ᠤᠯᠤᠰ ᠤᠳ ᠶᠠᠮᠠᠷ ᠶᠠᠮᠠᠷ ᠠᠶᠢᠯ ᠤᠨ ᠬᠤᠶᠠᠷ | ᠦᠰᠦᠳᠦ ᠭᠡᠮᠡᠨ ᠬᠤᠴᠢᠯᠠᠵᠤ᠂ ᠪᠠᠰᠠ ᠶᠠᠩᠪᠠ ᠪᠠᠨ ᠤᠯᠤᠭ᠎ᠠ ᠦᠭᠡᠢ ᠡᠮᠡᠭᠳᠡᠢ ᠭᠡᠳᠡᠭ ᠪᠠᠶᠢᠵᠠᠢ᠂ ᠡᠶᠢᠮᠦ | ᠡᠮᠡᠭᠳᠡᠢ ᠳᠤ ᠰᠢᠷᠭᠤᠭᠤᠯ ᠦᠰᠦ ᠪᠠ ᠦᠰᠦᠨ ᠤ ᠭᠡᠷ ᠵᠡᠭᠦᠯᠭᠡᠳᠡᠭ ᠦᠭᠡᠢ ᠶᠤᠰᠤ ᠲᠠᠢ ᠪᠠᠶᠢᠭᠠᠳ ᠬᠤᠷᠢᠳᠤᠭᠠᠷ | ᠵᠠᠭᠤᠨ ᠤ ᠡᠬᠢ ᠪᠤᠯᠵᠤ ᠢᠷᠡᠭᠡᠳ ᠪᠦᠷ ᠵᠡᠭᠦᠳᠡᠭ ᠪᠤᠯᠤᠭᠰᠠᠨ ᠭᠡᠮᠡᠨ ᠨᠠᠰᠤᠳᠠᠳ ᠮᠡᠳᠡᠭᠡᠯᠡᠵᠦ ᠪᠠᠶᠢᠭᠰᠠᠨ᠃ |