ᠮᠠᠨ ᠤ ᠬᠤᠰᠢᠭᠤ ᠠᠵᠤ ᠦᠢᠯᠡᠰ ᠤᠨ ᠠᠵᠢᠯᠴᠢᠨ ᠤ ᠡᠩᠨᠡᠭᠡ ᠶᠢᠨ                  ᠪᠠᠶᠢᠭᠤᠯᠤᠯᠲᠠ ᠶᠢᠨ ᠥᠭᠡᠷᠡᠴᠢᠯᠡᠯᠲᠡ ᠶᠢ ᠠᠬᠢᠭᠤᠯᠬᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2022/12/12
      12 ᠳ᠋ᠤᠭᠠᠷ ᠰᠠᠷ᠎ᠠ ᠶᠢᠨ 8 ᠤ ᠡᠳᠤᠷ᠂ ᠮᠠᠨ ᠤ ᠬᠤᠰᠢᠭᠤ ᠠᠵᠤ ᠦᠢᠯᠡᠰ ᠤᠨ ᠠᠵᠢᠯᠴᠢᠨ ᠤ ᠡᠩᠨᠡᠭᠡ ᠶᠢᠨ ᠪᠠᠶᠢᠭᠤᠯᠤᠯᠲᠠ ᠶᠢᠨ ᠥᠭᠡᠷᠡᠴᠢᠯᠡᠯᠲᠡ ᠶᠢ ᠠᠬᠢᠭᠤᠯᠬᠤ ᠬᠤᠷᠠᠯ ᠬᠤᠷᠠᠯᠳᠤᠵᠤ᠂ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠥᠵᠢ ᠰᠢᠤᠢ ᠵᠢᠩ ᠬᠤᠷᠠᠯ ᠡᠷᠬᠢᠯᠡᠬᠦ ᠶᠢᠨ ᠬᠠᠮᠳᠤ ᠶᠠᠷᠢᠶ᠎ᠠ ᠲᠠᠯᠪᠢᠪᠠ᠂ ᠬᠤᠰᠢᠭᠤᠨ ᠤ ᠳᠡᠳ᠋ ᠳᠠᠷᠤᠭ᠎ᠠ ᠸᠠᠩ ᠶᠦᠩ ᠪᠢᠨ᠂ ᠤᠳᠤᠷᠢᠳᠬᠤ ᠳᠤᠭᠤᠶᠢᠯᠠᠩ ᠤᠨ ᠡᠯ᠎ᠠ ᠪᠦᠷᠢᠯᠳᠦᠬᠦᠨ ᠨᠢᠭᠡᠴᠡ ᠶᠢᠨ ᠬᠠᠮᠢᠶᠠᠲᠠᠢ ᠬᠠᠷᠢᠭᠤᠴᠠᠯᠭᠠᠳᠠᠨ ᠪᠣᠯᠣᠨ ᠬᠠᠮᠢᠶ᠎ᠠ ᠪᠦᠬᠦᠢ ᠠᠵᠤ ᠠᠬᠤᠶᠢᠯᠠᠯ ᠤᠨ ᠳᠦᠯᠦᠭᠡᠯᠡᠭᠴᠢ ᠨᠡᠷ ᠬᠤᠷᠠᠯ ᠳᠤ ᠣᠷᠣᠯᠴᠠᠪᠠ᠃      ᠬᠤᠷᠠᠯ ᠠᠴᠠ ᠱᠠᠭᠠᠷᠳᠠᠬᠤ ᠳᠠᠭᠠᠨ᠄ ᠡᠷᠬᠡᠪᠰᠢ ᠥᠵᠡᠯ ᠰᠠᠨᠠᠭᠠᠨ ᠤ ᠬᠠᠮᠳᠤ ᠶᠢᠨ ᠳᠠᠨᠢᠯᠲᠠ ᠪᠠᠨ ᠨᠢᠭᠳᠠᠷᠠᠭᠤᠯᠵᠤ᠂ ᠠᠵᠤ ᠣᠶᠢᠯᠡᠰ ᠤᠨ ᠠᠵᠢᠯᠴᠢᠨ ᠤ ᠡᠩᠨᠡᠭᠡ ᠶᠢᠨ ᠪᠠᠶᠢᠭᠤᠯᠣᠯᠳᠠ ᠶᠢᠨ ᠥᠭᠡᠷᠡᠴᠢᠯᠡᠯᠳᠡ ᠶᠢ ᠠᠬᠢᠭᠤᠯᠬᠤ ᠡᠭᠦᠷᠭᠡᠳᠤ ᠰᠡᠳᠬᠢᠯᠭᠡ ᠪᠠ ᠬᠠᠷᠢᠭᠤᠴᠠᠯᠭᠠᠳᠤ ᠰᠡᠳᠬᠢᠯᠬᠡ ᠪᠠᠨ ᠥᠨᠡᠨᠬᠦ ᠴᠢᠩᠭᠠᠳᠬᠠᠬᠤ ᠭᠡᠷᠡᠭᠲᠡᠢ᠃ ᠡᠷᠬᠡᠪᠰᠢ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠬᠦᠨᠵᠡᠭᠡᠢ ᠰᠤᠷᠤᠯᠴᠠᠨ ᠣᠬᠠᠭᠤᠯᠵᠤ ᠳᠣᠣᠱᠯᠠᠭᠤᠯᠬᠤ ᠶᠢ ᠤᠳᠤᠬᠠᠨ ᠤ ᠪᠠ ᠬᠤᠶᠢᠰᠢᠳᠠ ᠶᠢᠨ ᠨᠢᠭᠡ ᠬᠤᠭᠤᠴᠠᠭᠠᠨ ᠤ ᠤᠯᠤᠰ ᠳᠦᠷᠦ ᠶᠢᠨ ᠳᠠᠷᠢᠬᠦᠨ ᠴᠢᠬᠤᠯᠡ ᠡᠭᠦᠷᠭᠡ ᠪᠣᠯᠭᠠᠵᠤ᠂ ᠰᠢ ᠶᠢᠨ ᠫᠢᠩ ᠤᠨ ᠰᠢᠨ᠎ᠡ ᠴᠠᠭ ᠥᠶ᠎ᠠ ᠶᠢᠨ ᠳᠣᠮᠳᠠᠳᠣ ᠤᠯᠤᠰ ᠤᠨ       ᠣᠨᠴᠠᠯᠢᠭ ᠲᠠᠢ ᠨᠠᠶᠢᠬᠡᠮ ᠵᠢᠷᠤᠮ ᠤᠨ ᠥᠵᠡᠯ ᠰᠠᠨᠠᠭ᠎ᠠ ᠶᠢ ᠪᠦᠬᠦ ᠲᠠᠯ᠎ᠠ ᠪᠠᠷ ᠳᠣᠣᠱᠯᠠᠭᠤᠯᠬᠤ ᠶᠢ ᠰᠢ ᠶᠢᠨ ᠫᠢᠩ ᠶᠡᠷᠣᠩᠬᠡᠢ ᠱᠥᠵᠢ ᠶᠢᠨ ᠠᠵᠢᠯᠴᠢᠨ ᠠᠩᠭᠢ ᠪᠣᠯᠣᠨ ᠠᠵᠢᠯᠴᠢᠨ ᠤ ᠡᠪᠯᠠᠯ ᠤᠨ ᠠᠵᠢᠯ ᠤᠨ ᠲᠤᠬᠠᠢ ᠴᠢᠬᠤᠯᠡ ᠦᠭᠦᠯᠡᠯᠳᠡ ᠶᠢ ᠳᠣᠣᠱᠯᠠᠭᠤᠯᠬᠤ ᠲᠠᠢ ᠨᠢᠭᠲᠠ ᠤᠶᠠᠯᠳᠤᠭᠤᠯᠵᠤ᠂ ︽ᠬᠤᠶᠠᠷ ᠢ ᠲᠣᠭᠲᠠᠭᠠᠬᠤ︾ ᠶᠢ ᠬᠦᠷᠢᠶᠡᠯᠡᠬᠦ᠂ ︽ᠬᠤᠶᠠᠷ ᠢ ᠬᠠᠮᠠᠭᠠᠯᠠᠬᠤ︾ ᠶᠢ ᠦᠢᠯᠡᠳᠦᠯᠭᠡᠵᠢᠭᠦᠯᠬᠦ ᠶᠢ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠪᠠ ᠠᠵᠢᠯ ᠤᠨ ᠪᠣᠳᠠᠲᠤ ᠦᠷ᠎ᠡ ᠪᠦᠲᠦᠮᠵᠢ ᠳᠡᠭᠡᠷ᠎ᠡ ᠭᠦᠢᠴᠡᠳ ᠢᠯᠡᠷᠡᠭᠦᠯᠵᠦ᠂ ᠠᠵᠤ ᠦᠢᠯᠡᠰ ᠤᠨ ᠠᠵᠢᠯᠴᠢᠨ ᠤ ᠡᠩᠨᠡᠭᠡ ᠶᠢᠨ ᠪᠠᠶᠢᠭᠤᠯᠤᠯᠲᠠ ᠶᠢᠨ ᠥᠭᠡᠷᠡᠴᠢᠯᠡᠯᠳᠡ ᠶᠢ ᠠᠬᠢᠭᠤᠯᠬᠤ ᠦᠵᠡᠯ ᠰᠠᠨᠠᠭᠠᠨ  ᠤ ᠤᠬᠠᠮᠰᠠᠷ᠂ ᠤᠯᠤᠰ ᠲᠥᠷᠥ ᠶᠢᠨ ᠤᠬᠠᠮᠰᠠᠷ ᠪᠣᠯᠣᠨ ᠥᠢᠯᠡ ᠠᠵᠢᠯᠯᠠᠭᠠᠨ ᠤ ᠤᠬᠠᠮᠰᠠᠷ ᠢ  ᠨᠡᠮᠡᠭᠳᠡᠭᠦᠯᠬᠦ ᠬᠡᠷᠡᠭᠲᠡᠢ᠃ ᠡᠷᠬᠡᠪᠰᠢ ᠦᠨᠡᠨ ᠪᠣᠳᠠᠲᠠᠢ ᠠᠷᠭ᠎ᠠ ᠬᠡᠮᠵᠢᠶ᠎ᠡ ᠠᠪᠴᠤ᠂ ᠠᠵᠤ ᠦᠢᠯᠡᠰ ᠤᠨ ᠠᠵᠢᠯᠴᠢᠨ ᠤ ᠡᠩᠨᠡᠭᠡ ᠶᠢᠨ ᠪᠠᠶᠢᠭᠤᠯᠤᠯᠲᠠ  ᠶᠢᠨ ᠥᠭᠡᠷᠡᠴᠢᠯᠡᠯᠲᠡ ᠶᠢᠨ ᠠᠵᠢᠯ ᠳᠤ ᠰᠢᠨ᠎ᠡ ᠦᠷ᠎ᠡ ᠪᠦᠲᠦᠮᠵᠢ ᠣᠯᠬᠤ ᠶᠢ ᠬᠦᠴᠦᠲᠡᠢ ᠳᠦᠯᠬᠢᠨ ᠠᠬᠢᠭᠤᠯᠬᠤ ᠪᠠᠷ ᠪᠠᠷᠠᠬᠤ ᠦᠭᠡᠢ ᠪᠠᠰᠠ ᠨᠠᠮ ᠤᠨ ᠪᠠᠶᠢᠭᠤᠯᠤᠯᠲᠠ ᠶᠢᠨ ᠬᠥᠲᠥᠯᠥᠨ ᠳᠠᠭᠠᠭᠤᠯᠬᠤ ᠦᠢᠯᠡᠳᠦᠯ ᠢ ᠬᠦᠢᠴᠡᠳ ᠪᠠᠳᠠᠷᠠᠭᠤᠯᠵᠤ᠂ ᠠᠵᠤ ᠦᠢᠯᠡᠰ ᠤᠨ ᠠᠵᠢᠯᠴᠢᠨ ᠤ ᠡᠩᠨᠡᠭᠡ ᠶᠢᠨ ᠦᠵᠡᠯ ᠰᠠᠨᠠᠭ᠎ᠠ ᠤᠯᠤᠰ ᠲᠦᠷᠦ ᠶᠢᠨ ᠬᠡᠪ ᠪᠣᠯᠪᠠᠰᠤᠷᠠᠯ ᠢ ᠳᠡᠭᠡᠭᠰᠢᠯᠡᠭᠦᠯᠬᠦ ᠠᠵᠢᠯ ᠮᠡᠷᠭᠡᠵᠢᠯ ᠤᠨ ᠬᠥᠭᠵᠢᠯᠲᠡ ᠶᠢᠨ ᠵᠠᠮ ᠢ ᠰᠠᠶᠢᠳᠤᠷ ᠰᠢᠯᠢᠳᠡᠭᠵᠢᠭᠦᠯᠵᠦ᠂ ᠠᠵᠤ ᠦᠢᠯᠡᠰ ᠤᠨ ᠠᠵᠢᠯᠴᠢᠨ ᠤ ᠶᠡᠷᠦᠩᠬᠡᠶᠢᠯᠡᠭᠰᠡᠨ ᠬᠡᠪ ᠴᠢᠨᠠᠷ ᠢ ᠳᠡᠭᠡᠭᠰᠢᠯᠡᠬᠦᠯᠦᠨ᠂ ᠬᠠᠮᠠᠭᠠᠯᠠᠬᠤ ᠲᠣᠭᠲᠠᠴᠠ ᠪᠠᠨ ᠳᠡᠭᠦᠯᠳᠡᠷᠵᠢᠬᠦᠯᠵᠦ᠂ ᠠᠵᠢᠯᠲᠠᠨ ᠠᠵᠢᠯᠴᠢᠨ ᠤ ᠡᠷᠬᠡ ᠠᠰᠢᠭ ᠢ ᠦᠨᠡᠨᠬᠦ ᠪᠠᠳᠤᠯᠠᠬᠤ ᠬᠡᠷᠡᠭᠲᠡᠢ᠃ ᠥᠭᠡᠷᠡᠴᠢᠯᠡᠯᠲᠡ ᠶᠢᠨ ᠲᠤᠷᠰᠢᠯᠲᠠ ᠶᠢ ᠤᠷᠢᠳᠠᠪᠠᠷ ᠬᠢᠵᠦ᠂ ᠵᠢᠱᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠦᠯ ᠢᠶᠠᠨ ᠬᠦᠢᠴᠡᠳ ᠪᠠᠳᠠᠷᠠᠭᠤᠯᠣᠨ᠂ ᠰᠡᠳᠬᠢᠯ ᠨᠢᠭᠡᠳᠬᠡᠨ ᠬᠦᠴᠦ ᠪᠠᠨ ᠬᠠᠮᠳᠤᠳᠬᠠᠨ ᠬᠠᠮᠲᠤᠪᠠᠷ ᠤᠷᠤᠭᠰᠢᠯᠠᠵᠤ᠂ ᠨᠢᠭᠡᠳᠦᠯᠲᠡᠢ ᠲᠥᠯᠥᠪᠵᠢᠭᠦᠯᠦᠨ ᠠᠬᠢᠭᠤᠯᠬᠤ ᠶᠢ ᠡᠷᠡᠰ ᠪᠠᠷᠢᠮᠳᠠᠯᠠᠬᠤ ᠶᠢᠨ ᠵᠡᠷᠭᠡᠪᠡᠷ ᠠᠵᠢᠯ ᠤᠨ ᠬᠠᠷᠢᠭᠤᠴᠠᠯᠭ᠎ᠠ ᠪᠠᠨ ᠥᠨᠡᠨᠬᠦ ᠪᠣᠳᠠᠳᠠᠶᠢᠵᠭᠤᠯᠵᠤ᠂ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠣᠯᠭᠠᠨ᠂ ᠠᠵᠤ ᠦᠢᠯᠡᠰ ᠤᠨ ᠠᠵᠢᠯᠴᠢᠨ ᠤ ᠡᠩᠨᠡᠭᠡ ᠶᠢᠨ ᠪᠠᠶᠢᠭᠤᠯᠤᠯᠲᠠ ᠶᠢᠨ ᠥᠭᠡᠷᠡᠴᠢᠯᠡᠯᠲᠡ ᠶᠢᠨ ᠠᠵᠢᠯ ᠤᠨ ᠬᠦᠴᠦᠷᠬᠡᠭ ᠶᠡᠭᠡ ᠬᠠᠮᠳᠤ ᠶᠢᠨ ᠬᠦᠴᠦᠨ ᠢ ᠲᠠᠰᠤᠷᠠᠯᠲᠠ ᠦᠭᠡᠢ ᠨᠢᠭᠲᠠᠷᠠᠭᠤᠯᠬᠤ ᠬᠡᠷᠡᠭᠲᠡᠢ ᠭᠡᠪᠡ ᠃      ᠬᠤᠷᠠᠯ ᠳᠡᠭᠡᠷ᠎ᠡ ᠠᠯᠠᠱᠠ ᠠᠶᠢᠮᠠᠭ ᠤᠨ ᠠᠵᠤ ᠦᠢᠯᠡᠰ ᠤᠨ ᠠᠵᠢᠯᠴᠢᠨ ᠤ ᠡᠩᠨᠡᠭᠡ ᠶᠢᠨ ᠪᠠᠶᠢᠭᠤᠯᠤᠯᠲᠠ ᠶᠢᠨ ᠥᠭᠡᠷᠡᠴᠢᠯᠡᠯᠲᠡ ᠶᠢ ᠠᠬᠢᠭᠤᠯᠬᠤ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠵᠤ᠂ ᠠᠵᠤ ᠦᠢᠯᠡᠰ ᠤᠨ ᠥᠭᠡᠷᠡᠴᠢᠯᠡᠯᠲᠡ ᠶᠢᠨ ᠲᠤᠷᠰᠢᠯᠲᠠ ᠶᠢᠨ ᠠᠵᠤ ᠠᠬᠤᠶᠢᠯᠠᠯ ᠤᠨ ᠶᠤᠸᠠᠨ ᠲᠦᠩ ᠠᠭᠤᠷᠬᠠᠢ ᠶᠢᠨ ᠦᠢᠯᠡᠰ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠠᠴᠠ ᠰᠠᠨᠠᠯ ᠢᠶᠠᠨ ᠰᠣᠯᠢᠯᠴᠠᠬᠤ ᠶᠠᠷᠢᠶ᠎ᠠ ᠲᠠᠯᠪᠢᠵᠤ᠂ ᠮᠠᠨ ᠤ ᠬᠤᠰᠢᠭᠤᠨ ᠤ ᠠᠵᠤ ᠦᠢᠯᠡᠰ ᠤᠨ ᠥᠭᠡᠷᠡᠴᠢᠯᠡᠯᠲᠡ ᠶᠢᠨ ᠠᠵᠢᠯ ᠢ ᠠᠬᠢᠭᠤᠯᠤᠭᠰᠠᠨ ᠪᠠᠶᠢᠳᠠᠯ ᠤᠨ ᠬᠠᠷᠢᠭᠤ ᠮᠡᠳᠡᠭᠦᠯᠦᠯᠲᠡ ᠶᠢ ᠰᠣᠨᠣᠰᠤᠭᠰᠠᠨ ᠪᠥᠭᠡᠳ ᠲᠠᠷᠠᠭᠠᠴᠢ ᠶᠢᠨ ᠠᠯᠬᠤᠮ ᠤᠨ ᠠᠵᠢᠯ ᠢᠶᠠᠨ ᠪᠠᠶᠢᠷᠢᠯᠠᠭᠤᠯᠵᠠᠢ᠃
 
ᠢᠷᠡᠯᠲᠡ᠄ ᠡᠵᠡᠨ᠎ᠡ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号