ᠴᠠᠭᠠᠨ ᠢᠳᠡᠭᠡᠨ ᠤ ᠲᠦᠷᠦᠯ ᠵᠦᠢᠯ ᠪᠠ ᠪᠣᠯᠪᠠᠰᠤᠷᠠᠭᠤᠯᠬᠤ ᠠᠷᠭ᠎ᠠ ( ᠨᠢᠭᠡ ) | | ᠰᠦ᠄ ᠰᠦ ᠪᠤᠯ ᠴᠠᠭᠠᠨ ᠢᠳᠡᠭᠡᠨ ᠤᠮᠳᠠᠭᠠᠨ ᠤ ᠡᠬᠢ ᠤᠨᠳᠤᠷᠤᠯ ᠮᠦᠨ᠂ ᠲᠡᠭᠦᠨ ᠢᠶᠠᠷ ᠴᠠᠢ ᠪᠠᠨ | ᠰᠦᠯᠡᠵᠦ ᠤᠤᠭᠤᠬᠤ ᠪᠠᠷ ᠪᠠᠷᠠᠬᠤ ᠦᠭᠡᠢ ᠤᠯᠠᠨ ᠵᠦᠢᠯ ᠤᠨ ᠴᠠᠭᠠᠨ ᠢᠳᠡᠭᠡᠨ ᠪᠠ ᠤᠮᠳᠠᠭᠠᠨ ᠪᠤᠯᠪᠠᠰᠤᠷᠠᠭᠤᠯᠳᠠᠭ᠃ | ᠭᠡᠭᠦᠤ ᠶᠢᠨ ᠰᠦ ᠪᠠᠷ ᠭᠤᠤᠯ ᠴᠡᠭᠡ ᠨᠡᠷᠡᠵᠦ᠂ ᠢᠩᠭᠡᠨ ᠤ ᠰᠦ ᠶᠢ ᠦᠬᠡᠷ᠂ ᠬᠤᠨᠢ᠂ ᠢᠮᠠᠭᠠᠨ ᠤ ᠰᠦ ᠲᠠᠢ | ᠨᠡᠶᠢᠯᠡᠭᠦᠯᠵᠦ ᠤᠯᠠᠨ ᠵᠦᠢᠯ ᠤᠨ ᠰᠠᠭᠠᠯᠢ ᠬᠢᠵᠦ ᠪᠤᠯᠳᠠᠭ ᠪᠦᠭᠡᠳ ᠳ᠋ᠠᠩ ᠢᠶᠠᠷ ᠨᠢ ᠪᠠᠰᠠ ᠠᠶᠢᠷᠠᠭ ᠬᠢᠵᠦ ᠠᠷᠢᠬᠢ | ᠨᠡᠷᠡᠵᠦ ᠪᠤᠯᠳᠠᠭ᠃ | ᠤᠭᠤᠷᠠᠭ᠄ ᠲᠦᠯᠯᠡᠭᠰᠡᠨ ᠮᠠᠯ ᠢ ᠠᠩᠬ᠎ᠠ ᠰᠠᠭᠠᠭᠰᠠᠨ ᠰᠢᠷᠠᠪᠳᠤᠷ ᠦᠩᠭᠡ ᠲᠠᠢ ᠦᠳᠬᠡᠪᠳᠦᠷ ᠰᠦ ᠶᠢ | ᠬᠡᠯᠡᠨ᠎ᠡ᠃ ᠤᠭᠤᠷᠠᠭ ᠢ ︽ᠬᠡᠯᠡ ᠦᠭᠡᠢ ᠬᠠᠷ᠎ᠠ ᠤᠭᠤᠷᠠᠭ︾ ᠭᠡᠮᠡᠨ ᠨᠡᠷᠡᠯᠡᠵᠦ᠂ ᠲᠦᠯ ᠳᠤ ᠬᠦᠬᠦᠭᠦᠯᠪᠡᠯ | ᠪᠠᠭᠠᠰᠤ ᠨᠢ ᠬᠠᠳᠠᠵᠤ᠂ ᠴᠢᠨᠠᠭᠰᠢᠯᠠᠪᠠᠯ ᠠᠮᠢ ᠶᠢ ᠨᠢ ᠠᠪᠳᠠᠭ ᠭᠡᠳ ᠪᠠᠷᠤᠭᠳᠠᠢ ᠳᠤ ᠬᠦᠬᠦᠭᠦᠯᠬᠦ ᠦᠭᠡᠢ᠂ | ᠤᠭᠤᠷᠠᠭ ᠢ ᠰᠠᠭᠠᠵᠤ ᠠᠪᠤᠭᠰᠠᠨ ᠤ ᠲᠠᠷᠠᠭ᠎ᠠ ᠬᠦᠬᠦᠭᠦᠯᠳᠡᠭ ᠵᠠᠩᠰᠢᠯ ᠲᠠᠢ ᠪᠠᠶᠢᠵᠠᠢ᠃ ᠰᠠᠭᠠᠵᠤ ᠬᠤᠷᠢᠶᠠᠭᠰᠠᠨ | ᠤᠭᠤᠷᠠᠭ ᠢ ᠴᠢᠨᠠᠭᠠᠳ ᠰᠢᠭᠤᠳ ᠢᠳᠡᠬᠦ ᠪᠤᠶᠤ ᠪᠠᠷᠤᠭ ᠲᠠᠭᠠᠨ ᠨᠠᠷᠢᠨ ᠪᠤᠳᠠᠭ᠎ᠠ᠂ ᠴᠠᠭᠠᠨ ᠪᠤᠳᠠᠭ᠎ᠠ ᠵᠡᠷᠭᠡ | ᠬᠤᠭᠤᠯᠠᠨ ᠳᠤ ᠬᠤᠯᠢᠵᠤ ᠴᠢᠨᠠᠭᠠᠳ ᠢᠳᠡᠳᠡᠭ᠂ ᠤᠭᠤᠷᠠᠭ ᠢ ᠴᠢᠨᠠᠪᠠᠯ ᠥᠤᠷᠮᠡᠭ ᠶᠠᠭᠤᠮ᠎ᠠ ᠪᠤᠯᠴᠢᠬᠠᠳᠠᠭ᠃ | ᠵᠦᠭᠡᠭᠡᠢ᠄ ᠲᠦᠭᠦᠬᠡᠢ ᠰᠦ ᠲᠡᠭᠡᠷ᠎ᠡ ᠲᠤᠭᠳᠠᠭᠰᠠᠨ ᠬᠦᠷᠦᠰᠦᠯᠢᠭ ᠢᠳᠡᠭᠡᠨ ᠢ ᠬᠡᠯᠡᠨ᠎ᠡ᠃ ᠰᠠᠭᠠᠯᠢ ᠶᠢᠨ | ᠮᠠᠯ ᠤᠨ ᠲᠤᠳᠤᠷ᠎ᠠ ᠦᠬᠡᠷ ᠤᠨ ᠰᠦ ᠠᠴᠠ ᠵᠦᠭᠡᠭᠡᠢ ᠶᠡᠭᠡ ᠭᠠᠷᠤᠨ᠎ᠠ᠂ ᠵᠦᠭᠡᠭᠡᠢ ᠶᠢ ᠽᠠᠮᠪᠠ᠂ ᠨᠤᠨᠳᠠᠭ | ᠱᠥᠬᠦᠷᠡᠮᠡᠭ᠂ ᠰᠢᠬᠢᠷ ᠲᠠᠢ ᠨᠤᠬᠤᠵᠤ ᠢᠳᠡᠨ᠎ᠡ᠃ ᠴᠠᠢ ᠤᠮᠳᠠ ᠳᠤ ᠬᠢᠵᠦ ᠤᠤᠭᠤᠨ᠎ᠠ᠂ ᠪᠤᠽᠠ ᠳᠤ ᠬᠤᠯᠢᠭᠠᠳ | ᠱᠥᠬᠦᠷᠡᠮᠡᠭ᠂ ᠬᠤᠷᠤᠳ ᠬᠢᠪᠡᠯ ᠬᠡᠦᠷᠡᠭ ᠵᠦᠭᠡᠯᠡᠨ ᠪᠤᠯᠳᠠᠭ ᠪᠦᠭᠡᠳ ᠨᠠᠮᠤᠷ ᠬᠤᠷᠢᠶᠠᠴᠠ ᠳᠤ ᠬᠢᠵᠦ ᠴᠤ | ᠪᠠᠶᠢᠳᠠᠭ᠃ | ᠦᠷᠦᠮ᠎ᠡ᠄ ᠬᠦᠭᠡᠷᠦᠭᠦᠯᠦᠭᠰᠡᠨ ︵ᠪᠤᠴᠠᠯᠭᠠᠭᠰᠠᠨ︶ ᠰᠦ ᠲᠡᠭᠡᠷ᠎ᠡ ᠲᠤᠭᠳᠠᠭᠰᠠᠨ ᠬᠦᠷᠦᠰᠦᠯᠢᠭ ᠢᠳᠡᠭᠡᠨ ᠢ | ᠬᠡᠯᠡᠨ᠎ᠡ᠃ ᠰᠠᠭᠠᠭᠰᠠᠨ ᠰᠦ ᠪᠠᠨ ᠲᠤᠭᠤᠭᠠᠨ ᠳᠤ ᠬᠢᠵᠦ ᠵᠦᠭᠡᠯᠡᠨ ᠭᠠᠯ ᠢᠶᠠᠷ ᠬᠦᠭᠡᠷᠦᠭᠦᠯᠵᠦ᠂ ᠤᠯᠠᠨ ᠲᠠᠬᠢᠨ | ᠰᠠᠮᠤᠷᠪᠠᠯ ᠰᠦᠨ ᠲᠡᠭᠡᠷ᠎ᠡ ᠬᠦᠭᠡᠰᠦᠷᠬᠡᠦ ᠶᠠᠭᠤᠮ᠎ᠠ ᠭᠠᠷᠤᠨ᠎ᠠ᠂ ᠲᠤᠭᠤᠭ᠎ᠠ ᠲᠠᠢ ᠰᠦ ᠪᠠᠨ ᠴᠤᠭ ᠤᠨ ᠭᠠᠯ ᠲᠡᠭᠡᠷ᠎ᠡ | ᠤᠳᠠᠭᠠᠨ ᠪᠠᠶᠢᠯᠭᠠᠵᠤ ᠠᠶ᠎ᠠ ᠪᠠᠷ ᠬᠦᠷᠦᠭᠡᠪᠡᠯ ᠰᠦ ᠲᠡᠭᠡᠷ᠎ᠡ ᠵᠤᠵᠠᠭᠠᠨ ᠬᠦᠷᠦᠰᠦᠯᠢᠭ ᠢᠳᠡᠭᠡᠨ ᠲᠤᠭᠳᠠᠨ᠎ᠠ᠂ | ᠲᠡᠭᠦᠨ ᠢᠶᠠᠨ ᠦᠷᠦᠮ᠎ᠡ ᠭᠡᠨ᠎ᠡ᠃ ᠦᠷᠦᠮ᠎ᠡ ᠲᠤᠭᠳᠠᠭᠠᠬᠤ ᠳᠤ ᠭᠠᠯ ᠢᠶᠠᠨ ᠲᠤᠬᠢᠷᠠᠭᠤᠯᠬᠤ ᠪᠤᠯ ᠲᠤᠩ ᠴᠢᠬᠤᠯᠠ᠃ | ᠭᠠᠯ ᠶᠡᠭᠡᠳᠪᠡᠯ ᠰᠦ ᠲᠦᠯᠡᠭᠳᠡᠵᠦ ᠦᠷᠦᠮ᠎ᠡ ᠰᠢᠷᠠᠯᠠᠨ᠎ᠠ᠃ ᠦᠷᠦᠮ᠎ᠡ ᠪᠠᠨ ᠨᠤᠶᠢᠳᠠᠨ ᠢᠶᠠᠷ ᠴᠠᠢ ᠤᠮᠳᠠ ᠳᠤ ᠬᠢᠵᠦ | ᠢᠳᠡᠬᠦ ᠪᠦᠭᠡᠳ ᠬᠠᠪᠳᠠᠭᠠᠢ ᠮᠤᠳᠤ ᠪᠤᠶᠤ ᠬᠠᠶᠢᠰᠤᠨ ︵ᠲᠤᠭᠤᠭ᠎ᠠ︶ ᠤ ᠬᠠᠯᠢᠪ ︵ᠬᠠᠪᠬᠠᠭᠠᠰᠤ︶ ᠲᠡᠭᠡᠷ᠎ᠡ | ᠲᠠᠯᠪᠢᠵᠤ ᠬᠠᠳᠠᠭᠠᠭᠠᠳ ᠡᠪᠦᠯ ᠬᠠᠪᠤᠷ ᠤᠨ ᠴᠠᠭ ᠲᠤ ᠴᠠᠢ ᠤᠮᠳᠠ ᠳᠤ ᠲᠡᠪᠳᠦᠭᠡᠨ ᠢᠳᠡᠨ᠎ᠡ᠃ ᠴᠠᠭᠠᠨ ᠰᠠᠷ᠎ᠠ᠂ | ᠬᠤᠷᠢᠮ ᠨᠠᠶᠢᠷ ᠵᠡᠷᠭᠡ ᠪᠠᠶᠠᠷ ᠲᠤᠷᠠᠰᠬᠠᠯ ᠳᠤ ᠲᠠᠪᠠᠭ ᠤᠨ ᠦᠩᠭᠡᠴᠡ ᠪᠤᠯᠭᠠᠳᠠᠭ᠃ | ᠠᠶᠢᠷᠠᠭ᠄ ᠦᠬᠡᠷ᠂ ᠬᠤᠨᠢ᠂ ᠢᠮᠠᠭᠠᠨ ᠤ ᠲᠦᠭᠦᠬᠡᠢ ᠰᠦ ᠪᠠ ᠬᠦᠭᠡᠷᠦᠭᠦᠯᠦᠭᠰᠡᠨ ᠰᠦ ᠪᠠᠨ ᠰᠤᠮ ᠪᠤᠶᠤ | ᠵᠠᠷᠠᠭ ᠲᠠᠬᠢ ᠠᠶᠢᠷᠠᠭ ᠤᠨ ᠬᠦᠷᠦᠩᠭᠡ ᠲᠠᠢ ᠨᠡᠶᠢᠯᠡᠭᠦᠯᠵᠦ ᠲᠠᠯᠪᠢᠪᠠᠯ ᠢᠰᠥᠬᠡᠳ ᠠᠶᠢᠷᠠᠭ ᠪᠤᠯᠳᠠᠭ᠃ ᠠᠶᠢᠷᠠᠭ ᠢᠶᠠᠨ | ᠬᠡᠳᠦᠨ ᠵᠠᠭᠤ ᠪᠦᠯᠢᠵᠦ ᠬᠠᠯᠠᠭᠤᠨ ᠬᠦᠢᠳᠡᠨ ᠢ ᠨᠢ ᠲᠠᠭᠠᠷᠠᠭᠤᠯᠪᠠᠯ ᠠᠶᠢᠷᠠᠭ ᠤᠨ ᠲᠡᠭᠡᠷ᠎ᠡ ᠪᠦᠮᠪᠦᠯᠢᠭ ᠲᠤᠰᠤ | ᠲᠤᠭᠳᠠᠨ᠎ᠠ᠂ ᠲᠡᠭᠦᠨ ᠢᠶᠠᠨ ᠴᠠᠭᠠᠨ ᠲᠤᠰᠤ ᠭᠡᠨ᠎ᠡ᠃ ᠡᠭᠦᠨ ᠳᠤ ᠠᠶᠢᠷᠠᠭ ᠤᠨ ᠠᠮᠢ ᠲᠠᠭᠠᠷᠠᠭᠤᠯᠬᠤ ᠪᠤᠯ ᠲᠤᠩ | ᠴᠢᠬᠤᠯᠠ᠃ ᠬᠦᠢᠳᠡᠨ ᠬᠠᠯᠠᠭᠤᠨ ᠨᠢ ᠡᠰᠡ ᠲᠠᠭᠠᠷᠠᠪᠠᠯ ᠠᠶᠢᠷᠠᠭ ᠤᠨ ᠠᠮᠢ ᠲᠥᠬᠡᠷᠢᠵᠤ ᠲᠤᠰᠤ ᠰᠠᠶᠢᠨ ᠤᠨᠠᠬᠤ | ᠦᠭᠡᠢ ᠮᠦᠷᠳᠡᠭᠡᠨ ᠠᠷᠢᠬᠢ ᠨᠡᠷᠡᠪᠡᠯ ᠠᠷᠢᠬᠢ ᠴᠤ ᠰᠠᠶᠢᠨ ᠭᠠᠷᠬᠤ ᠦᠭᠡᠢ ᠪᠤᠯᠳᠠᠭ ᠭᠡᠳᠡᠭ᠃ ᠠᠶᠢᠷᠠᠭ | ᠬᠦᠢᠳᠡᠨ ᠪᠤᠯ ᠬᠠᠯᠠᠭᠤᠨ ᠪᠦᠯᠢᠶᠡᠨ ᠤᠰᠤ ᠨᠡᠮᠡᠨ᠎ᠡ᠂ ᠬᠠᠯᠠᠭᠤᠨ ᠪᠤᠯ ᠬᠤᠳᠳᠤᠭ ᠤᠨ ᠬᠦᠢᠳᠡᠨ ᠤᠰᠤ ᠠᠪᠴᠢᠷᠠᠨ | ᠨᠡᠮᠡᠨ᠎ᠡ᠂ ᠡᠭᠦᠨ ᠢᠶᠠᠨ ᠠᠶᠢᠷᠠᠭ ᠬᠢᠮᠠᠷᠯᠠᠨᠠ ᠭᠡᠨ᠎ᠡ᠂ ᠤᠭ ᠲᠠᠭᠠᠨ ᠠᠶᠢᠷᠠᠭ ᠲᠤ ᠬᠦᠢᠳᠡᠨ ᠪᠤᠶᠤ ᠬᠠᠯᠠᠭᠤᠨ ᠤᠰᠤ | ᠰᠢᠭᠤᠳ ᠬᠢᠳᠡᠭ ᠦᠭᠡᠢ᠂ ᠤᠰᠤᠨ ᠳᠠᠭᠠᠨ ᠵᠢᠭᠠᠬᠠᠨ ᠰᠦ ᠲᠤᠰᠤᠭᠠᠭᠠᠳ ᠠᠶᠢᠷᠠᠭ ᠲᠠᠭᠠᠨ ᠬᠢᠳᠡᠭ ᠪᠠᠶᠢᠵᠠᠢ᠂ | ᠲᠡᠭᠡᠭᠡᠳ ᠠᠶᠢᠷᠠᠭ ᠬᠢᠮᠠᠷᠯᠠᠨᠠ ᠭᠡᠳᠡᠭ ᠦᠭᠡ ᠭᠠᠷᠴᠠᠢ᠃ ᠤᠯᠠᠩᠬᠢ ᠠᠶᠢᠯ ᠠᠶᠢᠷᠠᠭ ᠤᠨ ᠠᠮᠢ ᠲᠥᠬᠡᠷᠢᠬᠦ ᠠᠴᠠ | ᠬᠢᠴᠢᠶᠡᠨ ᠭᠠᠳᠠᠨ᠎ᠠ ᠶᠢᠨ ᠬᠦᠮᠦᠨ ᠢ ᠰᠤᠮ ᠤᠷᠤᠭᠤ ᠦᠩᠭᠡᠶᠢᠯᠭᠡᠬᠦ ᠦᠭᠡᠢ᠂ ᠨᠡᠩ ᠭᠠᠷ ᠬᠦᠷᠭᠡᠭᠦᠯᠬᠦ ᠴᠤ ᠦᠭᠡᠢ | ᠪᠠᠶᠢᠳᠠᠭ᠂ ᠬᠦᠮᠦᠨ ᠢᠷᠡᠬᠦ ᠪᠠᠷ᠎ᠠ ᠪᠠᠷ ᠠᠶᠢᠷᠠᠭ ᠤᠨ ᠠᠮᠠᠰᠠᠷ ᠢ ᠪᠦᠳᠡᠭᠡᠳᠡᠭ ᠵᠠᠩᠰᠢᠯ ᠲᠠᠢ᠂ ᠠᠶᠢᠷᠠᠭ ᠢᠶᠠᠷ ᠪᠠᠰᠠ | ᠠᠷᠠᠰᠤ ᠰᠢᠷᠢ ᠢᠳᠡᠭᠡᠯᠡᠳᠡᠭ᠃ | ᠠᠶᠢᠷᠠᠭ ᠤᠨ ᠬᠦᠷᠦᠩᠭᠡ᠄ ᠱᠥᠬᠦᠷᠡᠮᠡᠭ ᠢᠶᠠᠷ ᠢᠰᠭᠡᠬᠦ ᠪᠠ ᠬᠦᠬᠡ ᠲᠠᠷᠢᠶ᠎ᠠ ᠪᠠᠷ ᠢᠰᠭᠡᠬᠦ ᠭᠡᠵᠦ ᠬᠤᠶᠠᠷ | ᠵᠦᠢᠯ ᠤᠨ ᠠᠷᠭ᠎ᠠ ᠪᠠᠶᠢᠵᠠᠢ᠃ ᠤᠯᠠᠩᠬᠢ ᠠᠶᠢᠯ ᠤᠷᠢᠳᠤ ᠵᠢᠯ ᠤᠨ ᠦᠯᠡᠳᠡᠭᠰᠡᠨ ᠱᠥᠬᠦᠷᠡᠮᠡᠭ ᠢᠶᠠᠨ ᠨᠦᠳᠦᠵᠦ | ᠲᠠᠯᠬᠠᠳᠠᠨ ᠪᠠᠭ᠎ᠠ ᠰᠠᠪᠠ ᠳᠤ ᠬᠢᠵᠦ ᠲᠡᠭᠡᠷ᠎ᠡ ᠠᠴᠠ ᠨᠢ ᠵᠢᠭᠠᠬᠠᠨ ᠬᠠᠯᠠᠭᠤᠨ ᠪᠦᠯᠢᠶᠡᠨ ᠰᠦ ᠬᠢᠵᠦ ᠲᠤᠯᠠᠭᠠᠨ | ᠭᠠᠵᠠᠷ ᠪᠢᠳᠡᠭᠦᠯᠡᠵᠦ ᠲᠠᠯᠪᠢᠭᠠᠳ ᠬᠡᠳᠦ ᠬᠤᠨᠤᠪᠠᠯ ᠱᠠᠭᠭᠠᠵᠤ ᠢᠰᠥᠬᠡᠳ ᠠᠶᠢᠷᠠᠭ ᠤᠨ ᠬᠦᠷᠦᠩᠭᠡ ᠪᠤᠯᠳᠠᠭ᠃ | ᠪᠠᠰᠠ ᠬᠦᠬᠡ ᠲᠠᠷᠢᠶ᠎ᠠ ᠶᠢ ᠤᠭᠢᠶᠠᠵᠤ ᠴᠡᠪᠡᠷᠯᠡᠨ ᠪᠦᠯᠢᠶᠡᠨ ᠰᠦ ᠲᠠᠢ ᠬᠤᠯᠢᠵᠤ ᠲᠠᠯᠪᠢᠭᠠᠳ ᠢᠰᠭᠡᠵᠦ ᠠᠶᠢᠷᠠᠭ ᠤᠨ | ᠬᠦᠷᠦᠩᠭᠡ ᠪᠤᠯᠭᠠᠳᠠᠭ᠃ ᠵᠠᠷᠢᠮ ᠠᠶᠢᠯ ᠨᠢ ᠠᠶᠢᠷᠠᠭᠯᠠᠬᠤ ᠴᠠᠭ ᠲᠤᠯᠤᠭᠠᠳ ᠠᠶᠢᠷᠠᠭ ᠤᠨ ᠬᠦᠷᠦᠩᠭᠡ ᠦᠭᠡᠢ ᠪᠤᠯ | ᠰᠠᠭᠠᠬᠠᠯᠳᠠ ᠠᠶᠢᠯ ᠳᠠᠭᠠᠨ ᠬᠦᠷᠴᠦ ᠬᠠᠳᠠᠭ ᠪᠠᠷᠢᠨ ᠠᠶᠢᠷᠠᠭ ᠤᠨ ᠬᠦᠷᠦᠩᠭᠡ ᠵᠠᠯᠠᠳᠠᠭ ᠪᠠᠶᠢᠵᠠᠢ᠃ | ᠲᠠᠷᠠᠭ᠄ ᠬᠦᠭᠡᠷᠦᠭᠦᠯᠦᠭᠰᠡᠨ ᠰᠦ ᠪᠦᠯᠢᠶᠡᠰᠦᠭᠰᠡᠨ ᠤ ᠲᠠᠷᠠᠭ᠎ᠠ ᠲᠠᠷᠠᠭ ᠢᠰᠭᠡᠬᠦ ᠰᠠᠪᠠ ᠳᠠᠭᠠᠨ ᠬᠢᠵᠦ | ᠲᠡᠭᠡᠷ᠎ᠡ ᠠᠴᠠ ᠨᠢ ᠵᠤᠬᠢᠬᠤ ᠬᠡᠮᠵᠢᠶᠡᠨ ᠤ ᠠᠶᠢᠷᠠᠭ ︵10 ᠵᠢᠩ ᠰᠦᠨ ᠳᠤ ᠨᠢᠭᠡ ᠵᠢᠩ ᠠᠶᠢᠷᠠᠭ ᠬᠢᠬᠦ︶ ᠬᠢᠵᠦ | ᠬᠤᠳᠬᠤᠭᠠᠳ ᠠᠮᠠᠰᠠᠷ ᠢ ᠨᠢ ᠬᠠᠯᠢᠪᠯᠠᠨ᠂ ᠲᠤᠯᠠᠭᠠᠨ ᠭᠠᠵᠠᠷ ᠲᠤ ᠵᠤᠵᠠᠭᠠᠪᠳᠤᠷ ᠶᠠᠭᠤᠮ᠎ᠠ ᠪᠠᠷ ᠴᠤᠭᠯᠠᠨ | ᠬᠦᠳᠡᠯᠭᠡᠬᠦ ᠦᠭᠡᠢ ᠲᠠᠯᠪᠢᠨ᠎ᠠ᠃ 2~3 ᠴᠠᠭ ᠪᠤᠯᠬᠤ ᠳᠤ ᠲᠡᠷᠡ ᠨᠢ ᠬᠦᠰᠢᠭᠡᠳ ᠮᠠᠯ ᠤᠨ ᠡᠯᠢᠭᠡᠳᠡᠭᠰᠡᠨ ᠴᠢᠰᠤ | ᠰᠢᠭ᠋ ᠪᠤᠯᠳᠠᠭ᠂ ᠲᠡᠭᠦᠨ ᠢᠶᠠᠨ ᠲᠠᠷᠠᠭ ᠭᠡᠳᠡᠭ᠂ ᠲᠠᠷᠠᠭ ᠨᠢ ᠠᠶᠢᠷᠠᠭ ᠢ ᠪᠤᠳᠤᠪᠠᠯ ᠦᠳᠬᠡᠨ ᠪᠤᠯᠳᠠᠭ᠂ ᠰᠢᠭᠤᠳ | ᠤᠤᠭᠤᠵᠤ ᠪᠤᠯᠳᠠᠭ ᠪᠦᠭᠡᠳ ᠲᠡᠭᠡᠷ᠎ᠡ ᠠᠴᠠ ᠨᠢ ᠰᠦ ᠨᠡᠮᠡᠨ ᠪᠦᠯᠢᠵᠦ ᠠᠶᠢᠷᠠᠭ ᠪᠤᠯᠭᠠᠵᠤ ᠪᠤᠯᠳᠠᠭ᠃ ᠲᠠᠷᠠᠭ ᠠᠴᠠ | ᠲᠤᠰᠤ ᠶᠡᠭᠡ ᠤᠨᠠᠳᠠᠭ ᠭᠡᠳᠡᠭ᠂ ᠲᠠᠷᠠᠭ ᠬᠢᠬᠦ ᠳᠤ ᠰᠦ ᠶᠡᠭᠡ ᠬᠡᠷᠡᠭᠰᠡᠨ᠎ᠡ᠃ | ᠪᠢᠰᠢᠯᠠᠭ᠄ ᠪᠢᠰᠢᠯᠠᠭ ᠪᠤᠯ ᠤᠭᠤᠴᠠ ᠶᠢ ᠤᠷᠤᠯᠠᠳᠠᠭ ᠬᠦᠨᠳᠦ ᠲᠠᠢ ᠶᠠᠩᠪᠠᠳᠤ ᠢᠳᠡᠭᠡᠨ ᠪᠤᠯᠤᠨ᠎ᠠ᠃ | ᠦᠩᠭᠡᠷᠡᠭᠰᠡᠨ ᠳᠤ ᠬᠤᠷᠢᠮ ᠨᠠᠶᠢᠷ ᠢ ᠴᠠᠭᠠᠨ ᠢᠶᠠᠷ ᠬᠢᠬᠦ ︵ᠤᠯᠠᠭᠠᠨ ᠢᠳᠡᠭᠡᠨ ᠦᠯᠦ ᠭᠠᠷᠭᠠᠬᠤ︶ ᠴᠢᠬᠤᠯᠠ ᠲᠠᠢ | ᠦᠶ᠎ᠡ ᠳᠤ ᠪᠢᠰᠢᠯᠠᠭ ᠰᠢᠬᠠᠭᠠᠳ ᠤᠭᠤᠴᠠ ᠶᠢᠨ ᠤᠷᠤᠨ ᠳᠤ ᠬᠦᠨᠳᠦᠳᠦ ᠭᠡᠶᠢᠴᠢ ᠳᠡᠭᠡᠨ ᠲᠠᠯᠪᠢᠳᠠᠭ ᠶᠤᠰᠤ ᠲᠠᠢ | ᠪᠠᠶᠢᠭᠰᠠᠨ ᠪᠦᠭᠡᠳ ᠤᠪᠤᠭᠠᠨ ᠲᠠᠬᠢᠯᠭ᠎ᠠ ᠶᠢᠨ ᠴᠤᠩᠭᠢᠷ ᠲᠤ ᠪᠢᠰᠢᠯᠠᠭ ᠶᠡᠭᠡ ᠡᠷᠭᠦᠳᠡᠭ ᠪᠠᠶᠢᠵᠠᠢ᠃ ᠪᠢᠰᠢᠯᠠᠭ ᠢ | ᠬᠠᠯᠠᠭᠤᠨ ᠰᠦᠨ ᠳᠤ ᠪᠠᠭ᠎ᠠ ᠠᠶᠢᠷᠠᠭ ᠬᠢᠵᠦ ᠡᠭᠡᠳᠡᠭᠦᠯᠦᠨ ᠲᠠᠪᠤᠤ ᠰᠠᠪᠠᠨ ᠳᠤ ᠶᠡᠭᠦᠯᠡᠭᠡᠳ ᠠᠮᠪᠠᠨ ᠲᠡᠭᠡᠷ᠎ᠡ | ᠲᠠᠯᠪᠢᠵᠤ ᠨᠢᠭᠡ ᠭᠠᠷ ᠢᠶᠠᠷ ᠢᠶᠠᠨ ᠰᠠᠪᠠᠨ ᠤ ᠠᠮᠠ ᠶᠢ ᠰᠠᠶᠢᠨ ᠪᠠᠷᠢᠵᠤ᠂ ᠨᠦᠭᠦᠭᠡ ᠭᠠᠷ ᠢᠶᠠᠷ ᠢᠶᠠᠨ ᠰᠢᠨᠠᠭᠠᠨ ᠤ | ᠠᠷᠤ ᠲᠤᠬᠤ ᠪᠠᠷ ᠰᠠᠪᠠ ᠲᠠᠢ ᠡᠭᠡᠳᠡᠭᠰᠡᠨ ᠰᠦ ᠶᠢ ᠨᠤᠬᠤᠵᠤ ᠰᠢᠷ᠎ᠠ ᠤᠰᠤ ᠶᠢ ᠨᠢ ᠰᠢᠬᠠᠨ ᠭᠠᠷᠭᠠᠨ᠎ᠠ᠂ ᠢᠩᠬᠢᠵᠦ | ᠤᠯᠠᠨ ᠨᠤᠬᠤᠬᠤ ᠳᠤ ᠰᠡᠭᠦᠯᠳᠡᠵᠦ ᠢᠷᠡᠭᠡᠳ ᠰᠢᠷ᠎ᠠ ᠤᠰᠤ ᠨᠢ ᠪᠠᠷᠠᠭᠳᠠᠨ ᠴᠠᠭᠠᠨ ᠰᠦ ᠭᠠᠷᠴᠤ ᠢᠷᠡᠨ᠎ᠡ᠃ ᠲᠡᠬᠡᠭᠦ | ᠦᠶ᠎ᠡ ᠳᠤ ᠦᠨᠦ ᠡᠭᠡᠳᠡᠮᠡᠭ ᠢᠶᠠᠨ ᠠᠮᠪᠠᠨ ᠲᠡᠭᠡᠷ᠎ᠡ ᠲᠦᠷᠪᠡᠯᠵᠢᠯᠡᠨ ᠶᠠᠩᠵᠤ ᠤᠷᠤᠭᠤᠯᠤᠨ ᠰᠢᠬᠠᠵᠤ᠂ | ᠲᠡᠭᠡᠷ᠎ᠡ ᠠᠴᠠ ᠨᠢ ᠬᠦᠨᠳᠦ ᠶᠠᠭᠤᠮ᠎ᠠ ᠲᠠᠯᠪᠢᠨ᠂ ᠦᠯᠡᠳᠡᠵᠦ ᠬᠤᠴᠤᠷᠤᠭᠰᠠᠨ ᠰᠢᠩᠭᠡᠨ ᠪᠡᠶᠡᠳᠦ ᠶᠢ ᠰᠢᠪᠬᠠᠨ | ᠬᠡᠪᠰᠢᠭᠦᠯᠦᠨ᠎ᠡ᠂ ᠪᠠᠷᠤᠭ 3 ᠴᠠᠭ ᠲᠠᠷᠤᠭᠰᠠᠨ ᠤ ᠲᠠᠷᠠᠭ᠎ᠠ ᠪᠢᠰᠢᠯᠠᠭ ᠦᠨᠳᠦᠰᠦᠨ ᠳᠡᠭᠡᠨ ᠪᠡᠶᠡᠯᠡᠭᠳᠡᠵᠦ᠂ | ᠰᠠᠪᠠ ᠠᠴᠠ ᠨᠢ ᠭᠠᠷᠭᠠᠨ ᠰᠢᠷ᠎ᠠ ᠲᠤᠰᠤ ᠲᠦᠷᠬᠢᠨ ᠡᠪᠡᠷᠡᠰᠢᠬᠦᠯᠥᠨᠡ ︵ᠬᠥᠷᠥᠰᠥᠯᠡᠬᠦᠯᠥᠨᠡ᠂ ᠬᠥᠷᠥᠰᠥ ᠲᠠᠢ | ᠪᠤᠯᠭᠠᠨ᠎ᠠ︶᠃ ᠪᠢᠰᠢᠯᠠᠭ ᠢ ᠬᠢᠳᠤᠭ᠎ᠠ ᠪᠠᠷ ᠵᠦᠰᠦᠵᠦ ᠢᠳᠡᠬᠦ ᠪᠦᠭᠡᠳ ᠵᠦᠰᠦᠭᠡᠳ ᠲᠠᠪᠠᠭ ᠤᠨ ᠦᠩᠭᠡᠴᠡ ᠪᠤᠯᠭᠠᠨ | ᠲᠠᠯᠪᠢᠨ᠎ᠠ᠃ ᠲᠡᠷᠡ ᠨᠢ ᠬᠦᠨᠳᠦᠳᠦ ᠢᠳᠡᠭᠡᠨ ᠳᠤ ᠲᠤᠭᠠᠴᠠᠭᠳᠠᠬᠤ ᠤᠴᠢᠷ ᠭᠡᠶᠢᠴᠢ ᠳᠡᠭᠡᠨ ᠪᠡᠯᠡᠭ ᠪᠤᠯᠭᠠᠨ ᠪᠠᠷᠢᠵᠤ | ᠪᠠᠶᠢᠳᠠᠭ᠂ ᠪᠢᠰᠢᠯᠠᠭ ᠮᠦᠨ ᠲᠠᠷᠠᠭ ᠲᠠᠢ ᠠᠳᠠᠯᠢ ᠰᠦ ᠶᠡᠭᠡ ᠬᠡᠷᠡᠭᠯᠡᠨ᠎ᠡ᠃ | ᠰᠠᠭᠠᠯᠢ ᠶᠢᠨ ᠠᠷᠢᠬᠢ᠄ ᠰᠠᠭᠠᠯᠢ ᠶᠢᠨ ᠠᠷᠢᠬᠢ ᠶᠢ ᠴᠤᠷᠭᠤ ᠪᠠᠷ ᠨᠡᠷᠡᠬᠦ ᠪᠠ ᠲᠡᠭᠦᠵᠢᠩ ᠢᠶᠠᠷ ᠨᠡᠷᠡᠬᠦ ᠭᠡᠬᠦ | ᠬᠤᠶᠠᠷ ᠵᠦᠢᠯ ᠤᠨ ᠠᠷᠭ᠎ᠠ ᠬᠡᠷᠡᠭᠯᠡᠵᠦ ᠢᠷᠡᠵᠡᠢ᠃ ᠴᠤᠷᠭᠤ ᠪᠠᠷ ᠨᠡᠷᠡᠬᠦ᠄ ᠡᠨᠡ ᠨᠢ ᠪᠠᠰᠠ ᠬᠤᠶᠠᠷ ᠶᠠᠩᠵᠤ ᠶᠢᠨ | ᠨᠠᠷᠠᠯᠳᠠ ᠲᠠᠢ ᠪᠠᠶᠢᠵᠡᠢ᠃ | ᠪᠦᠭᠦᠳᠦᠷ ᠢᠶᠠᠷ ᠨᠡᠷᠡᠬᠦ᠄ ᠪᠦᠭᠦᠳᠦᠷ ᠭᠡᠵᠦ ᠪᠦᠭᠦᠭᠡᠷ ᠮᠤᠳᠤ ᠶᠢ ᠬᠦᠨᠳᠡᠶᠢᠯᠡᠵᠦ ᠬᠢᠭᠰᠡᠨ ᠴᠤᠷᠭᠤ ᠮᠠᠶ᠋ᠢᠭᠳᠠᠢ | ᠬᠡᠷᠡᠭᠰᠡᠯ᠂ ᠪᠦᠬᠦᠭᠡᠷ ᠮᠤᠳᠤ ᠪᠠᠷ ᠬᠢᠭᠰᠡᠨ ᠪᠤᠯᠤᠭᠠᠳ ᠪᠦᠭᠦᠳᠦᠷ ᠭᠡᠵᠦ ᠨᠡᠷᠡᠯᠡᠭᠰᠡᠨ ᠪᠤᠯᠤᠯᠳᠠᠢ᠃ ᠲᠡᠭᠦᠨ ᠢ ᠨᠡᠷᠡᠬᠦ | ᠠᠷᠭ᠎ᠠ ᠪᠠ ᠶᠠᠪᠤᠴᠠ ᠨᠢ ᠭᠡᠪᠡᠯ᠄ ᠲᠤᠮᠤ ᠰᠢᠷᠠᠮᠤᠨ ᠬᠠᠶᠢᠰᠤ ︵ᠲᠤᠭᠤᠭ᠎ᠠ︶ ᠶᠢ ᠲᠤᠯᠭ᠎ᠠ ᠪᠤᠶᠤ ᠵᠤᠤᠬᠠᠨ ᠲᠡᠭᠡᠷ᠎ᠡ | ᠲᠠᠯᠪᠢᠨ ᠲᠤᠰᠤ ᠶᠢ ᠨᠢ ᠠᠪᠤᠭᠰᠠᠨ ᠠᠶᠢᠷᠠᠭ ᠢᠶᠠᠨ ᠬᠢᠭᠡᠳ ᠬᠤᠶᠠᠷ ᠠᠩᠬᠢ ︵ᠲᠠᠯ᠎ᠠ︶ ᠪᠦᠮᠪᠦᠭᠡᠷ ᠰᠢᠭ ᠬᠠᠯᠢᠪ | ︵ᠲᠠᠷᠤᠢ ᠪᠦᠷᠭᠦᠭᠡᠰᠦ᠂ ᠬᠠᠪᠬᠠᠭᠠᠰᠤ︶ ᠢ ᠨᠡᠶᠢᠯᠡᠭᠦᠯᠦᠨ ᠬᠠᠶᠢᠰᠤ ᠲᠡᠭᠡᠷ᠎ᠡ ᠪᠠᠨ ᠲᠠᠯᠪᠢᠵᠤ ᠦᠭᠭᠦᠨ᠎ᠡ᠂ ᠲᠡᠭᠡᠬᠦ | ᠳᠡᠭᠡᠨ ᠲᠡᠷᠡ ᠪᠦᠷᠬᠦᠭᠡᠰᠦᠨ ᠤ ᠨᠢᠬᠡ ᠲᠠᠯ᠎ᠠ ᠳᠤ ᠨᠢ ᠨᠢᠬᠡᠨ ᠲᠤᠮᠤ ᠰᠢᠭ᠋ ᠲᠥᠷᠪᠡᠯᠵᠢᠨ ᠨᠥᠬᠡ᠂ ᠨᠥᠬᠦᠬᠡ ᠲᠠᠯ᠎ᠠ | ᠳᠤᠨᠢ ᠨᠢᠬᠡᠨ ᠵᠢᠵᠢᠭ ᠰᠢᠭ ᠲᠥᠷᠪᠡᠯᠵᠢᠨ ᠨᠥᠬᠡ ᠭᠠᠷᠭᠠᠭᠰᠠᠨ ᠪᠠᠶᠢᠳᠠᠭ᠃ ᠲᠤᠮᠤ ᠬᠠᠶᠢᠰᠤᠨ ᠤ ᠬᠠᠵᠠᠭᠤ ᠳᠤᠨᠢ | ᠪᠠᠰᠠ ᠨᠢᠭᠡᠨ ᠪᠠᠭ᠎ᠠ ᠰᠢᠭ᠋ ᠬᠠᠶᠢᠰᠤ ᠶᠢ ᠲᠤᠯᠭ᠎ᠠ ᠲᠡᠬᠡᠷ᠎ᠡ ᠲᠠᠯᠪᠢᠵᠤ᠂ ᠲᠡᠬᠦᠨ ᠤ ᠭᠤᠤᠯ ᠳᠤᠨᠢ ᠶᠠᠷᠬᠠ ᠭᠡᠳ | ᠪᠠᠭᠠᠴᠠᠷ ᠠᠮᠠ ᠲᠠᠢ ᠠᠷᠢᠬᠢ ᠲᠤᠰᠬᠤ ᠸᠠᠭᠠᠷ ᠰᠠᠪᠠ ᠲᠠᠯᠪᠢᠭᠠᠳ ᠶᠠᠷᠬᠠ ᠶᠢᠨ ᠪᠥᠬᠡᠷᠡ ᠶᠢᠨ ᠴᠢᠨᠡᠬᠡᠨ ᠤᠰᠤ | ᠬᠢᠨ᠎ᠡ᠃ ᠲᠡᠭᠡᠭᠰᠡᠨ ᠤ ᠲᠠᠷᠠᠭ᠎ᠠ ᠦᠨᠦ ᠪᠦᠭᠦᠳᠦᠷ ᠭᠡᠭᠴᠢ ᠠᠶᠢᠷᠠᠭ ᠤᠨ ᠠᠭᠤᠷ ᠲᠠᠮᠵᠢᠭᠤᠯᠬᠤ ᠮᠤᠳᠤ ᠪᠠᠨ ᠬᠤᠶᠠᠷ | ᠬᠠᠶᠢᠰᠤᠨ ᠤ ᠲᠡᠭᠡᠷ᠎ᠡ ᠲᠠᠮᠨᠠᠭᠤᠯᠤᠨ ᠲᠠᠯᠪᠢᠭᠠᠳ ᠪᠦᠭᠦᠳᠦᠷ ᠤᠨ ᠨᠢᠭᠡ ᠦᠵᠦᠭᠦᠷ ᠢ ᠪᠦᠷᠬᠦᠭᠡᠰᠦᠨ ᠤ ᠨᠦᠭᠦᠭᠡ | ᠲᠤᠮᠤ ᠲᠦᠷᠪᠡᠯᠵᠢᠨ ᠨᠦᠬᠡᠨ ᠳᠤ ᠤᠭᠯᠠᠨ᠂ ᠨᠥᠬᠦᠬᠡ ᠥᠵᠥᠬᠦᠷ ᠢ ᠨᠢ ᠶᠠᠷᠬᠠ ᠶᠢᠨ ᠠᠮᠠᠰᠠᠷ ᠲᠤ ᠲᠠᠭᠠᠷᠠᠭᠤᠯᠤᠨ | ᠲᠠᠯᠪᠢᠭᠠᠳ᠂ ᠬᠤᠶᠠᠷ ᠲᠤᠭᠤᠭᠠᠨ ᠤ ᠪᠥᠬᠦᠳᠥᠷ ᠤᠨ ᠠᠮᠠ᠂ ᠲᠤᠮᠤ ᠬᠠᠶᠢᠰᠤᠨ ᠤ ᠬᠦᠪᠡᠭᠡ ︵ᠢᠷᠮᠡᠭ︶᠂ | ᠪᠦᠷᠬᠦᠭᠡᠰᠦᠨ ᠤ ᠠᠭᠤᠯᠵᠠᠷ ᠵᠡᠷᠭᠡ ᠶᠢ ᠴᠡᠪᠡᠷ ᠲᠠᠪᠤᠤ ᠪᠠᠷ ᠴᠢᠭ᠍ᠵᠢᠵᠤ᠂ ᠬᠤᠮᠤᠤᠯ ᠬᠤᠯᠢᠭᠰᠠᠨ ᠰᠢᠪᠠᠷ ᠢᠶᠠᠷ ᠠᠭᠤᠷ | ᠭᠠᠷᠬᠤ ᠦᠭᠡᠢ ᠪᠤᠯᠳᠠᠯ᠎ᠠ ᠰᠢᠪᠠᠵᠤ ᠦᠭᠭᠦᠨ᠎ᠡ᠂ ᠪᠠᠰᠠ ᠲᠤᠮᠤ ᠬᠠᠶᠢᠰᠤᠨ ᠤ ᠪᠦᠷᠬᠦᠭᠡᠰᠦᠨ ᠳᠠᠬᠢ ᠵᠢᠵᠢᠭ | ᠲᠦᠷᠪᠡᠯᠵᠢᠨ ᠨᠦᠬᠡ ᠲᠡᠭᠡᠷ᠎ᠡ ᠲᠠᠪᠤᠤ ᠪᠦᠷᠬᠦᠨ ᠰᠢᠪᠠᠷ ᠢᠶᠠᠷ ᠬᠢᠭᠰᠡᠨ ᠱᠤᠨᠪᠤᠭ ︵ᠶᠠᠷᠬᠠ ᠶᠢᠨ ᠰᠢᠪᠠᠷ ᠭᠡᠳᠡᠭ︶ ᠢ | ᠲᠠᠯᠪᠢᠵᠤ ᠲᠠᠭᠯᠠᠳᠠᠭ᠃ ᠲᠡᠭᠡᠭᠡᠳ ᠭᠠᠯ ᠢᠶᠠᠨ ᠲᠦᠯᠡᠭᠡᠳ ᠲᠤᠮᠤ ᠬᠠᠶᠢᠰᠤ ᠲᠠᠢ ᠠᠶᠢᠷᠠᠭ ᠢ ᠬᠤᠶᠠᠷ ᠴᠠᠭ ᠭᠢᠷᠢᠳᠡᠢ | ᠪᠤᠴᠠᠯᠭᠠᠬᠤ ᠳᠤ ᠠᠶᠢᠷᠠᠭ ᠠᠭᠤᠷᠰᠢᠭᠠᠳ ᠪᠦᠭᠦᠳᠦᠷ ᠢᠶᠠᠷ ᠲᠠᠮᠵᠢᠨ ᠠᠷᠢᠬᠢ ᠪᠤᠯᠵᠤ ᠶᠠᠷᠬᠠ ᠳᠤ ᠭᠤᠭᠤᠵᠢᠨ | ᠤᠷᠤᠨ᠎ᠠ᠃ ᠪᠠᠭ᠎ᠠ ᠬᠠᠶᠢᠰᠥᠨ ᠤ ᠲᠤᠤᠷ᠎ᠠ ᠭᠠᠯ ᠲᠥᠯᠡᠬᠦ ᠦᠭᠡᠢ᠂ ᠲᠡᠬᠡᠪᠡᠴᠥ ᠶᠠᠷᠬᠠ ᠳᠤ ᠬᠠᠯᠠᠭᠤᠨ ᠠᠭᠤᠷ | ᠤᠷᠤᠬᠤ ᠶᠢ ᠲᠠᠭᠠᠯᠳᠤᠨ ᠲᠤᠭᠤᠭᠠᠨ ᠳᠠᠬᠢ ᠤᠰᠤ ᠪᠥᠯᠢᠶᠡᠰᠬᠦ ᠪᠤᠯᠤᠨ᠎ᠠ᠃ ᠶᠠᠷᠬᠠ ᠶᠢ ᠥᠯᠥ ᠬᠥᠳᠡᠯᠬᠡᠨ ᠪᠠᠭ᠎ᠠ | ᠰᠢᠨᠠᠭ᠎ᠠ ᠪᠠᠷ ᠵᠤᠬᠢᠰᠳᠠᠢ ᠰᠠᠮᠤᠷᠴᠥ᠂ 2~3 ᠤᠳᠠᠭ᠎ᠠ ᠤᠰᠤ ᠶᠢ ᠨᠢ ᠰᠤᠯᠢᠳᠠᠭ᠂ ᠲᠡᠭᠦᠨ ᠠᠴᠠ ᠭᠡᠳᠦᠷᠡᠭᠦᠯᠪᠡᠯ | ᠠᠷᠢᠬᠢ ᠶᠡᠭᠡ ᠭᠠᠷᠬᠤ ᠪᠤᠯᠪᠠᠴᠤ ᠠᠮᠳᠠ ᠪᠠᠷ ᠰᠤᠯᠠ ᠪᠤᠯᠳᠠᠭ᠃ ᠠᠷᠢᠬᠢ ᠰᠠᠶᠢᠨ ᠭᠠᠷᠬᠤ ᠡᠰᠡᠬᠦ ᠨᠢ ᠠᠶᠢᠷᠠᠭ ᠲᠠᠢ | ᠬᠤᠯᠪᠤᠭᠳᠠᠬᠤ ᠪᠠᠷ ᠪᠠᠷᠠᠬᠤ ᠦᠭᠡᠢ ᠭᠠᠯ ᠢ ᠶᠠᠭᠠᠬᠢᠵᠤ ᠲᠦᠯᠡᠬᠦ ᠶᠠᠪᠤᠳᠠᠯ ᠲᠠᠢ ᠴᠤ ᠬᠤᠯᠪᠤᠭᠳᠠᠳᠠᠭ ᠶᠤᠮ᠂ ᠭᠠᠯ | ᠶᠡᠬᠡᠳᠡᠪᠡᠯ ᠠᠶᠢᠷᠠᠭ ᠲᠡᠪᠡᠷᠡᠭᠡᠳ ᠪᠦᠭᠦᠳᠦᠷ ᠢᠶᠠᠷ ᠲᠠᠮᠵᠢᠵᠤ ᠠᠷᠢᠬᠢ ᠳᠤ ᠤᠷᠤᠬᠤ ᠪᠠᠶᠢᠳᠠᠯ ᠭᠠᠷᠤᠨ᠎ᠠ᠃ | ᠡᠶᠢᠮᠦ ᠠᠴᠠ ᠠᠷᠢᠬᠢ ᠶᠢᠨ ᠭᠠᠯ ᠢ ᠲᠤᠬᠢᠷᠠᠭᠤᠯᠵᠤ ᠲᠦᠯᠡᠭᠡᠳ ᠬᠡᠳᠦᠨ ᠣᠳᠠᠭ᠎ᠠ ᠪᠠᠭ᠎ᠠ ᠲᠤᠭᠤᠭᠠᠨ ᠤ ᠤᠰᠤ | ᠰᠤᠯᠢᠭᠰᠠᠨ ᠢᠶᠠᠷ ᠠᠷᠢᠬᠢ ᠪᠤᠯᠪᠠᠰᠤᠷᠠᠭᠰᠠᠨ ᠡᠰᠡᠬᠦ ᠶᠢ ᠪᠠᠷᠤᠭᠴᠠᠭᠠᠯᠠᠵᠤ ᠮᠡᠳᠡᠳᠡᠭ ᠪᠠᠶᠢᠵᠠᠢ᠃ ᠨᠡᠷᠡᠵᠦ ᠪᠠᠷᠠᠭᠰᠠᠨ | ᠠᠷᠢᠬᠢ ᠪᠠᠨ ᠠᠮᠳᠠᠯᠠᠵᠤ ᠦᠵᠡᠭᠡᠳ ᠬᠡᠷᠪᠡ ᠠᠷᠢᠬᠢᠨ ᠬᠦᠴᠦ ᠰᠤᠯᠠ ᠪᠤᠯ ᠬᠠᠶᠢᠰᠤᠨ ᠳᠠᠬᠢ ᠠᠶᠢᠷᠠᠭ ᠲᠤ | ᠪᠤᠴᠠᠭᠠᠵᠤ ᠬᠢᠭᠡᠳ ᠲᠠᠬᠢᠵᠤ ᠨᠡᠷᠡᠨ᠎ᠡ᠂ ᠡᠭᠦᠨ ᠢᠶᠠᠨ ᠬᠠᠷᠢᠭᠤᠯᠵᠤ ᠨᠡᠷᠡᠭᠰᠡᠨ ᠠᠷᠢᠬᠢ ᠭᠡᠳᠡᠭ᠂ ᠡᠶᠢᠮᠦ ᠠᠷᠢᠬᠢ | ᠬᠠᠳᠠᠭᠤ ᠪᠦᠭᠡᠳ ᠠᠮᠳᠠ ᠲᠠᠢ ᠪᠠᠶᠢᠳᠠᠭ᠃ ᠬᠦᠴᠦ ᠮᠠᠭᠤᠳᠠᠢ ᠰᠤᠯᠠ ᠠᠷᠢᠬᠢ ᠪᠠᠨ ᠰᠤᠪᠰᠤᠭ ᠠᠷᠢᠬᠢ ᠭᠡᠳᠡᠭ | ᠪᠠᠶᠢᠵᠠᠢ᠃ | ᠴᠤᠷᠭᠤ ᠪᠠᠷ ᠨᠡᠷᠡᠬᠦ᠄ ᠠᠶᠢᠷᠠᠭ ᠬᠢᠭᠰᠡᠨ ᠲᠤᠮᠤ ᠬᠠᠶᠢᠰᠤᠨ ᠤ ᠲᠡᠭᠡᠷ᠎ᠡ ᠪᠦᠷᠭᠡᠷ ᠢᠶᠠᠨ ᠪᠤᠰᠬᠠᠨ ᠲᠠᠯᠪᠢᠵᠤ | ᠪᠥᠷᠬᠡᠷ ᠤᠨ ᠲᠤᠳᠤᠷ᠎ᠠ ᠬᠠᠯᠪᠠᠭ᠎ᠠ ᠭᠡᠬᠦ ᠨᠡᠷ᠎ᠡ ᠲᠠᠢ ᠲᠤᠭᠤᠢ ᠮᠤᠳᠤᠨ ᠰᠠᠪᠠ ︵ᠬᠠᠯᠪᠠᠭ᠎ᠠ ᠳᠤ ᠬᠢᠳᠤᠭ᠎ᠠ ᠪᠠᠷ | ᠠᠶᠢᠷᠠᠭ ᠬᠦᠶᠦᠬᠦ ᠰᠤᠪᠠᠭ ᠭᠠᠷᠭᠠᠭᠰᠠᠨ ᠪᠠᠶᠢᠳᠠᠭ︶ ᠶᠢ ᠭᠤᠤᠯ ᠲᠤᠮᠳᠠ ᠨᠢ ᠡᠯᠭᠦᠭᠡᠳ ᠲᠡᠭᠦᠨ ᠤ ᠲᠡᠭᠡᠷ᠎ᠡ᠂ | ᠲᠠᠷᠤᠢ ᠪᠦᠷᠭᠡᠷ ᠤᠨ ᠲᠡᠭᠡᠷ᠎ᠡ ᠵᠢᠯᠡᠪᠴᠢ ︵ᠲᠠᠷᠤᠢ ᠲᠤᠭᠤᠭ᠎ᠠ︶ ᠪᠠᠨ ᠨᠡᠷᠡᠵᠦ᠂ ᠲᠤᠳᠤᠷ᠎ᠠ ᠨᠢ ᠬᠦᠢᠳᠡᠨ ᠤᠰᠤ | ᠬᠢᠵᠦ ᠲᠠᠯᠪᠢᠳᠠᠭ᠂ ᠪᠦᠷᠭᠡᠷ ᠤᠨ ᠪᠦᠭᠡᠷ᠎ᠡ ᠶᠢᠨ ᠬᠡᠰᠡᠭ ᠲᠤ ᠭᠠᠷᠭᠠᠭᠰᠠᠨ ᠲᠦᠷᠪᠡᠯᠵᠢᠨ ᠨᠦᠬᠡ ᠪᠠᠷ ᠮᠤᠳᠤᠨ | ᠴᠤᠷᠭᠤ ᠶᠢᠨ ᠨᠢᠭᠡ ᠦᠵᠦᠭᠦᠷ ᠢ ᠲᠤᠳᠤᠭᠰᠢ ᠤᠷᠤᠭᠤᠯᠤᠨ ᠬᠠᠯᠪᠠᠭ᠎ᠠ ᠲᠠᠢ ᠵᠠᠯᠭᠠᠵᠤ᠂ ᠨᠦᠭᠦᠭᠡ ᠦᠵᠦᠭᠦᠷ ᠲᠤᠨᠢ | ᠲᠡᠮᠡᠭᠡᠨ ᠤ ᠵᠤᠭᠳᠤᠷ ᠢᠶᠠᠷ ᠬᠢᠭᠰᠡᠨ ᠤᠳᠠᠰᠤ ᠰᠦᠪᠡᠯᠡᠨ ᠤᠨᠵᠢᠭᠤᠯᠵᠤ ᠲᠤᠤᠷ᠎ᠠ ᠨᠢ ᠠᠷᠢᠬᠢ ᠲᠤᠰᠬᠤ ᠸᠠᠭᠠᠷ | ᠰᠠᠪᠠ ᠪᠠᠨ ᠲᠠᠯᠪᠢᠵᠤ ᠦᠭᠭᠦᠨ᠎ᠡ᠃ ᠠᠶᠢᠷᠠᠭ ᠪᠤᠴᠠᠯᠤᠭᠰᠠᠭᠠᠷ ᠠᠭᠤᠷᠰᠢᠵᠤ ᠠᠭᠤᠷ ᠨᠢ ᠬᠠᠯᠪᠠᠭ᠎ᠠ ᠴᠤᠷᠭᠤ ᠪᠠᠷ | ᠲᠠᠮᠵᠢᠭᠠᠳ ᠠᠷᠢᠬᠢ ᠪᠤᠯᠵᠤ ᠠᠷᠢᠬᠢ ᠲᠤᠰᠬᠤ ᠰᠠᠪᠠ ᠳᠤ ᠭᠤᠭᠤᠵᠢᠨ ᠤᠷᠤᠬᠤ ᠪᠤᠯᠤᠨ᠎ᠠ᠃ ᠲᠤᠮᠤ ᠬᠠᠶᠢᠰᠤ | ᠪᠤᠯᠤᠨ ᠪᠦᠷᠭᠡᠷ ᠤᠨ ᠠᠭᠤᠯᠵᠠᠷ᠂ ᠵᠢᠯᠡᠪᠴᠢ ᠬᠢᠭᠡᠳ ᠪᠦᠷᠭᠡᠷ ᠤᠨ ᠠᠭᠤᠯᠵᠠᠷ ᠤᠨ ᠬᠡᠰᠡᠭ ᠢ ᠴᠢᠭᠢᠭᠯᠡᠭᠰᠡᠨ | ᠠᠷᠢᠬᠢᠨ ᠤ ᠢᠰᠡᠭᠡᠢ ᠤᠷᠢᠶᠠᠯᠳᠠ ᠪᠤᠶᠤ ᠲᠠᠪᠤᠤ ᠤᠷᠢᠶᠠᠯᠳᠠ ᠪᠠᠷ ᠠᠭᠤᠷ ᠭᠠᠷᠬᠤ ᠦᠭᠡᠢ ᠪᠤᠯᠳᠠᠯ᠎ᠠ ᠤᠷᠢᠶᠠᠵᠤ | ᠦᠭᠭᠦᠨ᠎ᠡ᠂ ᠪᠠᠰᠠ ᠪᠦᠷᠭᠡᠷ ᠤᠨ ᠪᠦᠭᠡᠷ᠎ᠡ ᠪᠠ ᠴᠤᠷᠭᠤ ᠶᠢᠨ ᠠᠭᠤᠯᠵᠠᠷ ᠤᠨ ᠬᠡᠰᠡᠭ ᠢ ᠨᠤᠶᠢᠳᠠᠨ ᠲᠠᠪᠤᠤ ᠪᠠᠷ | ᠴᠢᠭ᠍ᠵᠢᠵᠤ᠂ ᠲᠡᠭᠡᠷ᠎ᠡ ᠠᠴᠠ ᠨᠢ ᠰᠢᠪᠠᠷ ᠢᠶᠠᠷ ᠰᠢᠪᠠᠨᠠᠭᠤᠷ ᠭᠠᠳᠠᠭᠰᠢ ᠭᠠᠷᠬᠤ ᠶᠢ ᠰᠡᠷᠭᠡᠶᠢᠯᠡᠨ᠎ᠡ᠃ ᠵᠢᠯᠡᠪᠴᠢ ᠶᠢᠨ | ᠤᠰᠤ ᠶᠢ ᠥᠷᠬᠦᠯᠵᠢ ᠰᠠᠮᠤᠷᠴᠥ᠂ ᠪᠥᠯᠢᠶᠡᠰᠥᠬᠡᠳ ᠢᠷᠡᠭᠰᠡᠬᠡᠷ ᠲᠠᠬᠢᠭᠠᠳ ᠰᠤᠯᠢᠳᠠᠭ᠃ ᠲᠡᠬᠦᠨ ᠳᠠᠬᠢ ᠤᠰᠤ ᠶᠢ | ᠬᠥᠯᠥᠴᠡ ᠶᠢᠨ ᠤᠰᠤ ᠬᠡᠳᠡᠭ᠃ | ᠲᠡᠭᠦᠵᠢᠩ ᠢᠶᠠᠷ ᠨᠡᠷᠡᠬᠦ᠄ ᠲᠡᠭᠦᠵᠢᠩ ᠢᠶᠠᠷ ᠨᠡᠷᠡᠬᠦ ᠨᠢ ᠴᠤᠷᠭᠤ ᠪᠠᠷ ᠨᠡᠷᠡᠬᠦ ᠲᠠᠢ ᠦᠨᠳᠦᠰᠦᠨ ᠳᠡᠭᠡᠨ | ᠠᠳᠠᠯᠢ᠂ ᠲᠡᠭᠦᠵᠢᠩ ᠢᠶᠠᠨ ᠪᠦᠷᠭᠡᠷ ᠤᠨ ᠲᠤᠳᠤᠷ᠎ᠠ ᠮᠦᠨ ᠬᠠᠯᠪᠠᠭ᠎ᠠ ᠶᠢᠨ ᠤᠷᠤᠨ ᠳᠤ ᠲᠡᠭᠦᠵᠢᠯᠡᠵᠦ ᠲᠠᠯᠪᠢᠨ᠎ᠠ᠃ | ᠠᠳᠠᠯᠢ ᠦᠭᠡᠢ ᠭᠠᠵᠠᠷ ᠨᠢ ᠭᠡᠪᠡᠯ ᠴᠤᠷᠭᠤ ᠬᠡᠷᠡᠭᠯᠡᠬᠦ ᠦᠭᠡᠢ᠂ ᠠᠷᠢᠬᠢ ᠰᠢᠭᠤᠳ ᠲᠡᠭᠦᠵᠢᠩ ᠳᠤ ᠤᠷᠤᠨ᠎ᠠ᠂ ᠲᠡᠭᠡᠬᠦ | ᠮᠦᠷᠳᠡᠭᠡᠨ ᠲᠡᠭᠦᠵᠢᠩ ᠢᠶᠠᠷ ᠨᠡᠷᠡᠭᠰᠡᠨ ᠠᠷᠢᠬᠢ ᠶᠢ ᠠᠷᠢᠬᠢ ᠨᠡᠷᠡᠬᠦ ᠬᠤᠭᠤᠴᠠᠭᠠᠨ ᠳᠤ ᠠᠮᠰᠠᠵᠤ ᠲᠡᠶᠢᠯᠬᠦ ᠦᠭᠡᠢ᠂ | ᠴᠤᠷᠭᠤ ᠪᠠᠷ ᠨᠡᠷᠡᠭᠰᠡᠨ ᠠᠷᠢᠬᠢ ᠶᠢ ᠠᠮᠰᠠᠵᠤ ᠲᠡᠶᠢᠯᠦᠨ᠎ᠡ᠃ ᠴᠤᠷᠭᠤ ᠪᠠᠷ ᠨᠡᠷᠡᠵᠦ ᠪᠠᠶᠢᠭᠰᠠᠨ ᠦᠶ᠎ᠡ ᠶᠢᠨ | ᠪᠦᠷᠭᠡᠷ ᠤᠨ ᠨᠦᠬᠡ ᠶᠢ ᠲᠡᠭᠦᠵᠢᠩ ᠢᠶᠠᠷ ᠨᠡᠷᠡᠬᠦ ᠦᠶ᠎ᠡ ᠳᠤ ᠵᠠᠪᠠᠯ ᠲᠠᠭᠯᠠᠵᠤ ᠪᠢᠳᠡᠭᠦᠯᠡᠬᠦ ᠬᠡᠷᠡᠭ ᠲᠠᠢ᠃ | ᠰᠤᠷᠪᠤᠯᠵᠢᠯᠠᠭ᠎ᠠ ᠶᠢ ᠦᠨᠳᠦᠰᠦᠯᠡᠪᠡᠯ᠂ ᠪᠦᠭᠦᠳᠦᠷ᠂ ᠴᠤᠷᠭᠤ ᠪᠠᠷ ᠨᠡᠷᠡᠬᠦ ᠠᠷᠭ᠎ᠠ ︵ᠨᠡᠩ ᠢᠯᠠᠩᠭᠤᠶ᠎ᠠ | ᠪᠦᠭᠦᠳᠦᠷ ᠢᠶᠠᠷ ᠨᠡᠷᠡᠬᠦ︶ ᠶᠢ ᠨᠡᠯᠢᠶᠡᠳ ᠡᠷᠳᠡ ᠬᠡᠷᠡᠭᠯᠡᠵᠦ᠂ ᠲᠡᠭᠦᠵᠢᠩ ᠢᠶᠠᠷ ᠨᠡᠷᠡᠬᠦ ᠠᠷᠭ᠎ᠠ ᠶᠢ ᠬᠤᠵᠢᠭᠤ | ᠦᠶ᠎ᠡ ᠠᠴᠠ ᠡᠬᠢᠯᠡᠨ ᠬᠡᠷᠡᠭᠯᠡᠵᠦ᠂ ᠤᠳᠤ ᠠᠷᠢᠬᠢ ᠨᠡᠷᠡᠵᠦ ᠪᠠᠶᠢᠭ᠎ᠠ ᠴᠦᠬᠡᠨ ᠠᠶᠢᠯ ᠪᠦᠷ ᠲᠡᠭᠦᠵᠢᠩ ᠢᠶᠠᠷ ᠨᠡᠷᠡᠵᠦ | ᠪᠤᠢ᠃ | ᠨᠠᠰᠤᠳᠠᠨ ᠪᠤᠭᠤᠷᠤᠯᠴᠤᠳ ᠰᠠᠭᠠᠯᠢ ᠶᠢᠨ ᠠᠷᠢᠬᠢ ᠶᠢ ᠴᠢᠩᠬᠢᠰ ᠬᠠᠭᠠᠨ ᠤ ᠨᠡᠭᠦᠳᠡᠯ ᠤᠨ ᠠᠷᠢᠬᠢ ᠭᠡᠵᠦ | ᠬᠠᠭᠤᠴᠢᠯᠠᠳᠠᠭ ᠪᠦᠭᠡᠳ ᠠᠷᠢᠬᠢ ᠪᠠᠨ ᠨᠡᠷᠡᠭᠡᠳ ᠪᠠᠷᠠᠪᠠᠯ ᠠᠷᠢᠬᠢᠨ ᠤ ᠬᠦᠯᠦᠴᠡ ᠶᠢᠨ ᠤᠰᠤᠨ ᠢ ᠭᠡᠷ ᠤᠨ ᠭᠠᠳᠠᠭ᠎ᠠ | ᠡᠭᠦᠳᠡᠨ ᠤ ᠭᠤᠤᠯ ᠳᠤ ᠲᠦᠷ ᠲᠠᠯᠪᠢᠵᠤ ᠪᠠᠶᠢᠭᠠᠳ ᠭᠡᠷ ᠲᠤ ᠤᠷᠤᠭᠤᠯᠤᠨ᠎ᠠ᠂ ᠡᠭᠦᠨ ᠢᠶᠠᠨ ᠴᠢᠩᠭᠢᠰ ᠤᠨ | ᠬᠦᠯᠦᠭ ᠢ ᠤᠰᠤᠯᠠᠵᠤ ᠪᠠᠶᠢᠭ᠎ᠠ ᠶᠤᠮ ᠭᠡᠮᠡᠨ ᠲᠠᠶᠢᠯᠪᠤᠷᠢᠯᠠᠵᠤ ᠪᠠᠶᠢᠳᠠᠭ᠃ | ᠴᠡᠭᠡ᠄ ᠴᠡᠭᠡ ᠶᠢ ᠠᠶᠢᠷᠠᠭ ᠢᠶᠠᠷ ᠬᠦᠷᠦᠩᠭᠡ ᠬᠢᠵᠦ ᠵᠠᠷᠠᠭ ᠪᠤᠶᠤ ᠰᠤᠮ ᠳᠤ ᠠᠭᠤᠳᠠᠯᠯᠠᠨ ᠲᠡᠬᠡᠷ᠎ᠡ ᠠᠴᠠ ᠨᠢ | ᠬᠡᠬᠦᠣ ᠶᠢᠨ ᠰᠥ ᠬᠢᠬᠡᠳ ᠪᠦᠯᠢᠭᠦᠷ ᠢᠶᠠᠷ ᠪᠦᠯᠢᠵᠦ ᠡᠰᠭᠡᠵᠦ ᠭᠢᠳᠡᠭ᠃ ᠴᠡᠭᠡ ᠨᠢ ᠬᠤᠷᠢᠮ ᠨᠠᠶᠢᠷ ᠤᠨ ᠲᠤᠳᠠᠭᠳᠠᠵᠤ | ᠪᠤᠯᠤᠰᠢ ᠦᠭᠡᠢ ᠬᠦᠨᠳᠦᠳᠦ ᠤᠮᠳᠠᠭᠠᠨ ᠪᠤᠯᠬᠤ ᠪᠠᠷ ᠦᠯᠦ ᠪᠠᠷᠠᠨ ᠤᠯᠠᠨ ᠵᠦᠢᠯ ᠤᠨ ᠡᠪᠡᠳᠴᠢᠨ ᠳᠤ ᠲᠤᠰᠠᠳᠠᠢ | ᠡᠮ ᠪᠤᠯᠬᠤ ᠶᠤᠮ᠃ | |