ᠡᠵᠡᠨ᠎ᠡ ᠶᠢᠨ ᠲᠡᠦᠬᠡᠨ ᠳᠠᠬᠢ ᠬᠠᠮᠤᠭ ᠤᠳ  ︵ᠬᠤᠶᠠᠷ︶
ᠨᠡᠶᠢᠲᠡᠯᠡᠭᠰᠡᠨ ᠴᠠᠭ᠄
2023/11/13
      ᠡᠵᠡᠨ᠎ᠡ ᠲᠣᠷᠭᠤᠳ ᠲᠤ ᠠᠩᠬ᠎ᠠ ᠵᠢᠭᠠᠵᠤ ᠥᠭᠭᠦᠭᠰᠡᠨ ᠨᠤᠲᠤᠭ ᠳᠡᠪᠢᠰᠬᠡᠷ      ᠠᠩᠬ᠎ᠠ ᠤᠳᠠᠭ᠎ᠠ ᠡᠵᠡᠨ᠎ᠡ ᠲᠣᠷᠭᠤᠳ ᠲᠤ ᠵᠢᠭᠠᠵᠤ ᠥᠭᠭᠦᠭᠰᠡᠨ ᠨᠤᠲᠤᠭ ᠳᠡᠪᠢᠰᠬᠡᠷ ᠲᠤᠩ ᠶᠡᠭᠡ ᠪᠠᠶᠢᠭᠰᠠᠨ ᠶᠤᠮ᠃ ᠴᠢᠩ ᠤᠯᠤᠰ ᠤᠨ ᠨᠠᠶᠢᠷᠠᠯᠲᠤ ᠲᠥᠪ ᠤᠨ11 ᠣᠨ ︵1733 ᠣᠨ︶᠎ ᠤ ᠪᠢᠴᠢᠭ ᠢ ᠦᠨᠳᠦᠰᠦᠯᠡᠪᠡᠯ᠂ ᠪᠠᠷᠠᠭᠤᠨᠰᠢ ᠰᠢᠷ᠎ᠠ ᠮᠠᠽᠦ᠋ᠩ ᠠᠴᠠ ᠵᠡᠭᠦᠨᠰᠢ ᠠᠯᠠᠱᠠ ᠬᠤᠱᠤᠳ ᠬᠤᠰᠢᠭᠤᠨ ᠤ ᠵᠠᠬ᠎ᠠ ᠬᠦᠷᠲᠡᠯ᠎ᠡ᠂ ᠤᠮᠠᠷᠠᠰᠢ ᠠᠵᠢᠱᠠᠨ ᠠᠭᠤᠯᠠ᠂ ᠬᠦᠪᠲᠦ ᠠᠴᠠ ᠡᠮᠦᠨᠡᠰᠢ ᠮᠤᠤ ᠮᠤ᠋ ᠰᠢᠶᠠᠨ ᠤ ᠬᠠᠷᠢᠶᠠᠲᠤ ᠢᠷᠭᠡᠨ ᠤ ᠭᠠᠵᠠᠷ ᠬᠦᠷᠲᠡᠯ᠎ᠡ᠂ ᠪᠠᠷᠠᠭᠤᠨ ᠬᠤᠶᠢᠰᠢ ᠬᠠᠲᠤᠨ ᠰᠠᠭᠤᠳᠠᠯ ᠠᠴᠠ ᠵᠡᠭᠦᠨ ᠡᠮᠦᠨᠡᠰᠢ ᠪᠠᠳᠠᠢ ᠶᠢᠨ ᠵᠢᠷᠠᠨ ᠤ ᠶᠡᠭᠡ       ᠡᠯᠡᠰᠦᠨ ᠤ ᠦᠷᠦᠨ᠎ᠡ ᠵᠠᠬ᠎ᠠ ᠬᠦᠷᠲᠡᠯ᠎ᠡ᠂ ᠪᠠᠷᠠᠭᠤᠨ ᠡᠮᠦᠨᠡᠰᠢ ᠨᠡᠭᠦᠷᠡᠰᠦᠨ ᠠᠭᠤᠯᠠ ᠠᠴᠠ ᠵᠡᠭᠦᠨ ᠬᠤᠶᠢᠰᠢ ᠴᠠᠶᠢᠯᠢᠩ ᠪᠤᠯᠠᠭ ᠬᠦᠷᠲᠡᠯᠡᠬᠢ ᠥᠷᠭᠡᠨ ᠠᠭᠤᠳᠠᠮ ᠨᠤᠲᠤᠭ ᠪᠡᠯᠴᠭᠡᠷ ᠤᠨ ᠭᠠᠵᠠᠷ ᠪᠠᠭᠲᠠᠳᠠᠭ ᠪᠠᠶᠢᠵᠡᠢ᠃ ︽ᠮᠣᠩᠭᠤᠯ ᠤᠨ ᠨᠡᠭᠦᠳᠡᠯᠯᠡᠨ ᠮᠠᠯᠵᠢᠭᠰᠠᠨ ᠲᠡᠮᠳᠡᠭᠯᠡᠯ︾᠎ ᠳᠤ ︽᠁ ᠮᠠᠯᠵᠢᠬᠤ ᠭᠠᠵᠠᠷ ᠠᠨᠤ ᠬᠥᠨᠳᠡᠯᠡᠨ ᠭᠤᠣᠯ ᠢ ᠰᠤᠨᠳᠠᠯᠠᠵᠤ᠂ ᠵᠡᠭᠦᠨᠰᠢ ᠪᠠᠨ ᠭᠤᠷᠤᠨᠠᠢ ᠬᠦᠷᠦᠮᠦᠢ ︵ᠤᠭ ᠲᠠᠶᠢᠯᠪᠤᠷᠢ᠄ ᠠᠯᠠᠱᠠ ᠬᠤᠰᠢᠭᠤ ᠯᠤᠭ᠎ᠠ ᠵᠠᠬ᠎ᠠ ᠨᠡᠶᠢᠯᠡᠮᠦᠢ ︶᠂ ᠡᠮᠦᠨᠡᠰᠢ ᠪᠠᠨ ᠮᠤᠤ ᠮᠤ᠋ ᠰᠢᠶᠠᠨ ᠤ ᠬᠠᠷᠢᠶᠠᠲᠤ ᠢᠷᠭᠡᠨ ᠤ ᠭᠠᠵᠠᠷ ᠲᠤᠷ ᠬᠦᠷᠦᠮᠦᠢ ︵ᠤᠭ ᠲᠠᠶᠢᠯᠪᠤᠷᠢ᠄ ᠭᠤᠤ ᠎ ᠲᠠᠢ ᠰᠢᠶᠠᠨ ᠵᠢᠴᠢ ᠰᠦᠵᠸᠦ ᠶᠢᠨ ᠬᠢᠵᠠᠭᠠᠷ ᠤᠨ ᠭᠠᠳᠠᠨᠠᠬᠢ ᠭᠠᠵᠠᠷ ᠯᠤᠭ᠎ᠠ ᠨᠡᠶᠢᠯᠡᠮᠦᠢ︶᠂ ᠪᠠᠷᠠᠭᠤᠨᠰᠢ ᠪᠠᠨ ᠶᠡᠭᠡ ᠭᠤᠪᠢ ᠳᠤᠷ ᠬᠦᠷᠦᠮᠦᠢ ︵ᠤᠭ ᠲᠠᠶᠢᠯᠪᠤᠷᠢ᠄ ᠶᠡᠭᠡ ᠭᠤᠤᠯ ᠢ ᠭᠡᠳᠦᠯᠪᠡᠰᠦ ᠬᠠᠮᠢ ᠶᠢᠨ ᠥᠷᠲᠡᠭᠡ ᠳᠤᠷ ᠨᠡᠪᠲᠡᠷᠡᠮᠦᠢ ︶᠂ ᠤᠮᠠᠷᠠᠰᠢ ᠪᠠᠨ ᠠᠵᠢᠱᠠᠨ ᠠᠭᠤᠯᠠᠨ ᠳᠤᠷ ᠬᠦᠷᠦᠮᠦᠢ ︵ᠤᠭ ᠲᠠᠶᠢᠯᠪᠤᠷᠢ᠄ ᠶᠡᠭᠡ ᠭᠤᠪᠢ ᠶᠢ ᠲᠤᠭᠤᠯᠪᠠᠰᠤ ᠵᠠᠰᠠᠭᠲᠤ ᠬᠠᠨ ᠠᠶᠢᠮᠠᠭ ᠯᠤᠭ᠎ᠠ ᠵᠠᠬ᠎ᠠ ᠨᠡᠶᠢᠯᠡᠮᠦᠢ︶᠂ ᠵᠡᠭᠦᠨ ᠤᠮᠠᠷᠠᠰᠢ ᠪᠠᠨ ᠡᠾᠧᠯᠠᠨᠱᠠᠨ ᠠᠭᠤᠯᠠᠨ ᠳᠤᠷ ᠬᠦᠷᠦᠮᠦᠢ ︵ᠤᠭ ᠲᠠᠶᠢᠯᠪᠤᠷᠢ᠄ ᠭᠠᠨᠵᠸᠤ ᠹᠦ᠋ ᠶᠢᠨ ᠵᠠᠩᠶᠧ᠂ ᠱᠠᠨ ᠳ᠋ᠠᠨ ᠬᠤᠶᠠᠷ ᠰᠢᠶᠠᠨ ᠯᠦᠭᠡ ᠵᠠᠬ᠎ᠠ ᠨᠡᠶᠢᠯᠡᠮᠦᠢ︶ ᠵᠡᠭᠦᠨ ᠬᠤᠶᠢᠰᠢ ᠪᠠᠨ ᠶᠡᠭᠡ ᠭᠤᠪᠢ ᠳᠤᠷ ᠬᠦᠷᠦᠮᠦᠢ ︵ᠤᠭ ᠲᠠᠶᠢᠯᠪᠤᠷᠢ᠄ ᠶᠡᠭᠡ ᠭᠤᠪᠢ ᠶᠢ ᠭᠡᠲᠦᠯᠪᠡᠰᠦ ᠰᠠᠶᠢᠨ ᠨᠣᠶᠠᠨ ᠠᠶᠢᠮᠠᠭ ᠯᠤᠭ᠎ᠠ ᠵᠠᠬ᠎ᠠ ᠨᠡᠶᠢᠯᠡᠮᠦᠢ︶᠂ ᠪᠠᠷᠠᠭᠤᠨ ᠬᠤᠶᠢᠰᠢ ᠪᠠᠨ ᠶᠡᠭᠡ ᠭᠤᠪᠢ ᠳᠤᠷ ᠬᠦᠷᠦᠮᠦᠢ ︵ᠤᠭ ᠲᠠᠶᠢᠯᠪᠤᠷᠢ᠄ ᠭᠤᠪᠢ ᠶᠢ ᠲᠤᠭᠤᠯᠪᠠᠰᠤ ᠪᠠᠷᠺᠦ᠋ᠯ ᠳᠤᠷ ᠵᠠᠬ᠎ᠠ ᠨᠡᠶᠢᠯᠡᠮᠦᠢ ᠁︶︾ ᠭᠡᠵᠦ ᠲᠡᠮᠳᠡᠭᠯᠡᠵᠦ ᠪᠤᠢ᠃ ︽ᠴᠢᠩ ᠤᠯᠤᠰ ᠤᠨ ᠲᠡᠦᠬᠡᠨ ᠡᠬᠢ︾ ᠬᠢᠭᠡᠳ ᠪᠤᠰᠤᠳ ᠲᠡᠦᠬᠡᠨ ᠨᠣᠮ ᠰᠤᠳᠤᠷ ᠲᠤ ᠴᠤ ᠮᠥᠨ ᠳᠡᠭᠡᠷᠡᠬᠢ ᠮᠡᠲᠦ ᠲᠡᠮᠳᠡᠭᠯᠡᠵᠦ ᠪᠠᠶᠢᠭ᠎ᠠ᠃         ︽ᠡᠵᠡᠨ᠎ᠡ ᠶᠢᠨ ᠲᠡᠦᠬᠡᠨ ᠳᠠᠬᠢ ᠬᠠᠮᠤᠭ ᠤᠳ︾ ᠭᠡᠬᠦ ᠨᠣᠮ ᠠᠴᠠ ᠠᠪᠤᠪᠠ
 
ᠢᠷᠡᠯᠲᠡ᠄ ᠡᠵᠡᠨ᠎ᠡ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号