ᠭᠤᠣᠯ ᠤᠨ ᠤᠰᠤ ᠪᠠᠷ ᠤᠰᠤᠵᠢᠭᠤᠯᠵᠤ ᠪᠦᠬᠦᠢ ᠲᠠᠯᠠᠪᠠᠢ ᠪᠠᠷ ᠬᠠᠮᠤᠭ ᠤᠨ ᠶᠡᠭᠡ ᠣᠷᠣᠨ | ᠡᠵᠡᠨ᠎ᠡ ᠬᠤᠰᠢᠭᠤᠨ ᠤ ᠬᠢᠯᠢ ᠳᠣᠲᠣᠷᠠᠬᠢ ᠡᠵᠡᠨ᠎ᠡ ᠭᠤᠣᠯ ᠤᠨ ᠬᠤᠶᠠᠷ ᠬᠥᠪᠡᠭᠡᠨ᠎ᠡ ᠪᠠᠷᠤᠭ 20 ᠲᠦᠮᠡᠨ | ᠾᠧᠺᠲ᠋ᠠᠷ ᠪᠠᠶᠢᠷᠢ ᠪᠡᠯᠴᠢᠭᠡᠷ ᠲᠠᠢ᠃ ᠡᠨᠡ ᠨᠢ ᠥᠪᠥᠷ ᠮᠣᠩᠭᠤᠯ ᠣᠷᠣᠨ ᠳᠠᠭᠠᠨ ᠭᠤᠣᠯ ᠤᠨ ᠤᠰᠤ ᠪᠠᠷ ᠪᠠᠶᠢᠷᠢ | ᠪᠡᠯᠴᠢᠭᠡᠷ ᠤᠰᠤᠵᠢᠭᠤᠯᠵᠤ ᠪᠠᠶᠢᠭ᠎ᠠ ᠬᠠᠮᠤᠭ ᠤᠨ ᠶᠡᠭᠡ ᠣᠷᠣᠨ ᠪᠣᠯᠣᠨ᠎ᠠ᠃ ᠠᠳᠡᠬᠢ ᠤᠰᠤᠵᠢᠭᠤᠯᠭᠠ ᠨᠢ ᠤᠷᠲᠤ | ᠤᠳᠠᠭᠠᠨ ᠲᠡᠦᠬᠡ ᠲᠠᠢ᠃ ᠠᠯᠢ ᠡᠷᠲᠡ ᠪᠠᠷᠠᠭᠤᠨ ᠬᠠᠨ ᠤᠯᠤᠰ ᠠᠴᠠ ᠡᠬᠢᠯᠡᠵᠦ᠂ ᠶᠤᠸᠠᠨ ᠤᠯᠤᠰ ᠤᠨ ᠦᠶ᠎ᠡ | ᠪᠣᠯᠬᠤ ᠳᠤ ᠣᠷᠭᠢᠯ ᠳᠠᠭᠠᠨ ᠬᠦᠷᠦᠭᠰᠡᠨ ᠪᠠᠶᠢᠵᠠᠢ᠃ ᠨᠠᠶᠢᠷᠠᠯᠲᠤ ᠲᠥᠪ ᠤᠨ9 ᠣᠨ ︵1731︶ ᠳᠤ ᠡᠵᠡᠨ᠎ᠡ | ᠲᠣᠷᠭᠤᠳᠴᠤᠳ ᠴᠢᠩ ᠤᠨ ᠵᠠᠰᠠᠭ ᠤᠨ ᠣᠷᠳᠣᠨ ᠤ ᠵᠥᠪᠰᠢᠶᠡᠷᠡᠯ ᠢᠶᠠᠷ ᠪᠣᠭᠤᠮᠲᠠ ᠶᠢᠨ ᠳᠣᠲᠣᠨ᠎ᠠ ᠨᠡᠭᠦᠳᠡᠯᠯᠡᠵᠦ᠂ | ᠠᠯᠭᠤᠷ ᠲᠠᠭᠠᠨ ᠡᠵᠡᠨ᠎ᠡ ᠭᠤᠣᠯ ᠳᠠᠭᠠᠤ ᠰᠠᠭᠤᠷᠢᠰᠢᠨ ᠮᠠᠯᠵᠢᠵᠠᠢ᠃ ᠡᠨᠡᠬᠦ ᠪᠠᠶᠢᠷᠢ ᠪᠡᠯᠴᠢᠭᠡᠷ ᠤᠨ | ᠤᠰᠤᠵᠢᠭᠤᠯᠭᠠ ᠶᠢᠨ ᠣᠷᠣᠨ ᠤ ᠲᠣᠪᠣᠶᠢᠭᠰᠠᠨ ᠣᠨᠴᠠᠯᠢᠭ ᠭᠡᠪᠡᠯ᠂ ᠪᠤᠷᠴᠠᠭ ᠤᠨ ᠲᠥᠷᠥᠯ᠂ ᠰᠤᠬᠠᠢ᠂ ᠵᠠᠭ᠂ | ᠲᠣᠣᠷᠠᠢ᠂ ᠵᠢᠭᠳᠡ ᠵᠡᠷᠭᠡ ᠪᠤᠲᠠ ᠪᠤᠲᠠᠯᠢᠭ ᠮᠣᠳᠣ ᠬᠤᠯᠢᠯᠳᠤᠨ ᠤᠷᠭᠤᠵᠤ᠂ ᠲᠡᠮᠡᠭᠡ ᠬᠠᠷᠢᠭᠤᠯᠬᠤ ᠲᠣᠬᠢᠷᠠᠮᠵᠢᠲᠠᠢ | ᠭᠠᠵᠠᠷ ᠪᠣᠯᠣᠨ᠎ᠠ᠃ ᠪᠦᠬᠦ ᠬᠤᠰᠢᠭᠤᠨ ᠤ80% ᠶᠢᠨ ᠮᠠᠯ ᠰᠦᠷᠦᠭ ᠡᠨᠡᠬᠦ ᠤᠰᠤᠵᠢᠭᠤᠯᠭᠠ ᠶᠢᠨ ᠣᠷᠣᠨ ᠳᠤ | ᠲᠥᠪᠯᠡᠷᠡᠵᠦ ᠪᠤᠢ᠃ ᠥᠩᠭᠡᠷᠡᠭᠰᠡᠨ ᠳᠤ ᠡᠵᠡᠨ᠎ᠡ ᠭᠤᠣᠯ ᠤᠨ ᠤᠰᠤ ᠡᠯᠪᠡᠭ ᠪᠠᠶᠢᠳᠠᠭ ᠲᠤᠯᠠ ᠬᠠᠩᠭᠠᠮᠵᠢᠲᠠᠢ | ᠤᠰᠤᠵᠢᠭᠤᠯᠭᠠ ᠬᠢᠳᠡᠭ ᠪᠠᠶᠢᠭᠰᠠᠨ ᠪᠥᠭᠡᠳ ᠢᠯᠡᠭᠦᠴᠡ ᠤᠰᠤ ᠶᠢ ᠳᠣᠣᠷᠠᠳᠤ ᠤᠷᠤᠰᠬᠠᠯ ᠳᠠᠬᠢ ᠰᠤᠪᠨᠠᠭᠤᠷ᠂ | ᠭᠠᠰᠢᠭᠤᠨ ᠨᠠᠭᠤᠷ ᠲᠤ ᠣᠷᠣᠭᠤᠯᠳᠠᠭ ᠲᠠᠪᠢᠭᠠᠳ ᠣᠨ ᠤ ᠰᠡᠭᠦᠯᠴᠢ ᠠᠴᠠ ᠨᠠᠰᠢ᠂ ᠳᠡᠭᠡᠳᠦ ᠳᠤᠮᠳᠠ | ᠤᠷᠤᠰᠬᠠᠯ ᠳᠤ ᠮᠠᠰᠢ ᠣᠯᠠᠨ ᠤᠰᠤᠨ ᠠᠰᠢᠭᠯᠠᠯᠲᠠ ᠶᠢᠨ ᠪᠠᠷᠢᠯᠭ᠎ᠠ ᠪᠠᠷᠢᠵᠤ᠂ ᠲᠠᠷᠢᠶᠠᠯᠠᠩ ᠤᠨ | ᠤᠰᠤᠵᠢᠭᠤᠯᠭᠠ ᠶᠢᠨ ᠲᠠᠯᠠᠪᠠᠢ ᠥᠷᠭᠡᠳᠦᠭᠰᠡᠨ ᠢᠶᠠᠷ ᠡᠵᠡᠨ᠎ᠡ ᠭᠤᠣᠯ ᠤᠨ ᠤᠰᠤ ᠠᠭᠠᠵᠢᠮ ᠢᠶᠠᠷ ᠬᠤᠪᠣᠷᠳᠠᠵᠤ᠂ | ᠦᠷᠭᠦᠯᠵᠢ ᠶᠢᠨ ᠴᠢᠨᠠᠷᠲᠠᠢ ᠤᠷᠤᠰᠬᠠᠯᠲᠤ ᠭᠤᠣᠯ ᠪᠠᠶᠢᠭᠰᠠᠨ ᠠᠴᠠ ᠪᠠᠨ ᠤᠯᠠᠷᠢᠯ ᠤᠨ ᠴᠢᠨᠠᠷᠲᠠᠢ ᠭᠤᠣᠯ ᠪᠣᠯᠤᠨ | ᠬᠤᠪᠢᠷᠠᠪᠠ᠃ | ︽ᠡᠵᠡᠨ᠎ᠡ ᠶᠢᠨ ᠲᠡᠦᠬᠡᠨ ᠳᠠᠬᠢ ᠬᠠᠮᠤᠭ ᠤᠳ︾ ᠭᠡᠬᠦ ᠨᠣᠮ ᠠᠴᠠ ᠠᠪᠤᠪᠠ |