ᠵᠠᠷᠢᠮ ᠬᠥᠮᠥᠰ ᠦᠨᠢᠶ᠎ᠡ ᠶᠢᠨ ︽ᠬᠦᠴᠢᠷᠳᠡᠵᠦ ᠲᠥᠯᠯᠡᠬᠦ ᠶᠢ ᠬᠥᠩᠭᠡᠯᠡᠨ᠎ᠡ︾ ᠭᠡᠳ ᠶᠠᠭᠠᠷᠠᠵᠤ ᠰᠠᠨᠳᠤᠷᠤᠨ | ᠲᠤᠭᠤᠯ ᠤᠨ ᠰᠢᠭᠢᠷ᠎ᠡ ᠨᠢ ᠳᠥᠩᠭᠡᠵᠦ ᠪᠤᠯᠲᠠᠶᠢᠮᠠᠭᠴᠠ ᠲᠠᠲᠠᠵᠤ ᠭᠠᠷᠭᠠᠭᠠᠳ ᠡᠬᠡ ᠲᠥᠯ ᠤᠨ ᠡᠷᠡᠭᠦᠯ ᠮᠡᠨᠳᠦ ᠳᠤ | ᠵᠤᠪᠠᠯᠠᠩ ᠤᠴᠠᠷᠠᠭᠤᠯᠳᠠᠭ ᠪᠠᠶᠢᠨ᠎ᠠ᠃ ᠶᠡᠷᠦ ᠶᠢᠨ ᠪᠠᠶᠢᠳᠠᠯ ᠳᠤ ᠦᠨᠢᠶ᠎ᠡ ᠲᠤᠭᠤᠯᠯᠠᠬᠤ ᠢᠯᠡᠷᠡᠯ ᠭᠠᠷᠤᠭᠠᠳ ᠴᠠᠭ | ᠭᠠᠷᠤᠢ ᠪᠣᠯᠤᠭᠰᠠᠨ ᠴᠦ ᠬᠠᠮᠢᠶ᠎ᠠ ᠦᠭᠡᠢ᠃ ᠲᠤᠭᠤᠯ ᠤᠨ ᠰᠢᠭᠢᠷ᠎ᠡ ᠨᠢ ᠭᠠᠷᠤᠭᠠᠳ ᠲᠣᠯᠣᠭᠠᠢ ᠨᠢ ᠭᠠᠷᠤᠭᠠᠳᠤᠢ ᠪᠤᠶᠤ | ᠲᠣᠯᠣᠭᠠᠢ ᠨᠢ ᠭᠠᠷᠤᠭᠠᠳ ᠰᠢᠭᠢᠷ᠎ᠡ ᠨᠢ ᠭᠠᠷᠤᠭᠠᠳᠤᠢ ᠦᠶ᠎ᠡ ᠳᠤ ᠰᠣᠬᠤᠷ ᠪᠠᠯᠠᠢ ᠪᠠᠷ ᠲᠠᠲᠠᠵᠤ ᠭᠠᠷᠭᠠᠵᠤ ᠪᠣᠯᠬᠤ | ᠦᠭᠡᠢ᠃ ᠡᠷᠬᠡᠪᠰᠢ ᠠᠭᠠᠷᠴᠠᠭ ᠤᠨ ᠶᠠᠰᠤ ᠨᠢ ᠰᠤᠯᠠᠷᠠᠵᠤ ᠨᠡᠭᠡᠭᠡᠭᠳᠡᠬᠦ ᠶᠢ ᠬᠦᠯᠢᠶᠡᠬᠦ ᠬᠡᠷᠡᠭᠲᠡᠢ᠂ ᠲᠡᠭᠡᠬᠦ ᠦᠭᠡᠢ ᠪᠣᠯ | ᠲᠤᠭᠤᠯ ᠤᠨ ᠲᠣᠯᠣᠭᠠᠢ ᠨᠢ ᠬᠤᠶᠢᠰᠢ ᠡᠷᠭᠢᠬᠦ ᠪᠤᠶᠤ ᠡᠮᠦᠨ᠎ᠡ ᠮᠥᠴᠢ ᠨᠢ ᠠᠷᠤᠨᠰᠢ ᠨᠤᠭᠤᠷᠠᠪᠠᠯ ᠲᠠᠲᠠᠵᠤ | ᠭᠠᠷᠭᠠᠬᠤ ᠳᠤ ᠨᠡᠩ ᠬᠦᠴᠢᠷᠳᠡᠬᠦ ᠮᠥᠷᠲᠡᠭᠡᠨ ᠵᠠᠷᠢᠮ ᠳᠠᠭᠠᠨ ᠲᠠᠲᠠᠵᠤ ᠭᠠᠷᠭᠠᠭᠰᠠᠨ ᠲᠤᠭᠤᠯ ᠬᠡᠪᠲᠡᠰᠢ ᠲᠠᠢ ᠪᠠᠨ | ᠭᠠᠷᠤᠭᠠᠳ ᠦᠨᠢᠶᠡᠨ ᠤ ᠠᠮᠢ ᠨᠠᠰᠤᠨ ᠳᠤ ᠬᠤᠬᠢᠷᠠᠯ ᠤᠴᠠᠷᠠᠭᠤᠯᠬᠤ ᠪᠣᠯᠣᠨ᠎ᠠ᠃ | ᠬᠡᠷᠪᠡ ᠴᠠᠭ ᠭᠠᠷᠤᠢ ᠪᠣᠯᠤᠭᠰᠠᠨ ᠪᠠᠶᠢᠲᠠᠯ᠎ᠠ ᠲᠤᠭᠤᠯᠯᠠᠬᠤ ᠦᠭᠡᠢ ᠪᠣᠯ ᠭᠠᠷᠴᠤ ᠢᠷᠡᠭᠰᠡᠨ ᠰᠢᠭᠢᠷ᠎ᠡ ᠶᠢ ᠨᠢ | ᠨᠤᠮᠤᠨ ᠬᠡᠯᠪᠡᠷᠢ ᠲᠠᠢ ᠪᠠᠷ ᠲᠠᠲᠠᠵᠤ᠂ ᠦᠨᠢᠶᠡᠨ ᠤ ᠰᠡᠬᠦᠯ ᠤᠨ ᠤᠭ ᠠᠴᠠ ᠳᠡᠭᠡᠭᠰᠢ ᠨᠢᠭᠡ ᠲᠣᠬᠤᠢ ᠵᠠᠶᠢᠲᠠᠢ | ᠭᠠᠵᠠᠷ ᠲᠤ ᠬᠦᠴᠦᠯᠡᠨ ᠲᠠᠲᠠᠨ᠎ᠠ᠃ ᠬᠡᠷᠪᠡ ᠲᠣᠯᠣᠭᠠᠢ ᠨᠢ ᠭᠠᠷᠤᠭᠠᠳ ᠰᠢᠭᠢᠷ᠎ᠡ ᠨᠢ ᠭᠠᠷᠤᠭᠠᠳᠤᠢ ᠪᠣᠯ ᠡᠷᠡᠬᠡᠢ᠂ | ᠳᠣᠯᠣᠪᠤᠷ ᠪᠠ ᠳᠤᠮᠳᠠ ᠬᠤᠷᠤᠭᠤ ᠪᠠᠨ ᠦᠨᠢᠶᠡᠨ ᠤ ᠦᠮᠠᠢ ᠳᠤ ᠬᠢᠵᠦ ᠰᠢᠭᠢᠷ᠎ᠡ ᠶᠢ ᠨᠢ ᠲᠠᠲᠠᠵᠤ ᠭᠠᠷᠭᠠᠭᠰᠠᠨ ᠤ | ᠳᠠᠷᠠᠭ᠎ᠠ ᠰᠡᠭᠦᠵᠢᠨ ᠬᠡᠰᠡᠭ ᠲᠤ ᠨᠢ ᠳᠠᠷᠤᠪᠠᠯ ᠬᠢᠯᠪᠠᠷᠬᠠᠨ ᠲᠤᠭᠤᠯᠯᠠᠳᠠᠭ᠃ ᠰᠠᠶ᠋ᠢ ᠭᠠᠷᠤᠭᠰᠠᠨ ᠲᠤᠭᠤᠯ ᠤᠨ | ᠬᠦᠢᠰᠦ ᠶᠢ ᠲᠠᠰᠤᠯᠬᠤ ᠶᠢ ᠶᠠᠭᠠᠷᠠᠵᠤ ᠪᠣᠯᠬᠤ ᠦᠭᠡᠢ᠃ ᠶᠠᠮᠠᠷᠪᠠ ᠪᠠᠶᠢᠳᠠᠯ ᠳᠣᠣᠷ᠎ᠠ ᠴᠦ ᠭᠡᠳ ᠰᠠᠶ᠋ᠢ ᠭᠠᠷᠤᠭᠰᠠᠨ | ᠲᠤᠭᠤᠯ ᠤᠨ ᠬᠦᠢᠰᠦ ᠶᠢ ᠲᠠᠰᠤᠯᠬᠤ ᠭᠡᠵᠦ ᠶᠠᠭᠠᠷᠠᠵᠤ ᠪᠣᠯᠬᠤ ᠦᠭᠡᠢ᠃ ᠡᠬᠡ ᠲᠥᠯ ᠰᠠᠯᠤᠭᠰᠠᠨ ᠤ ᠳᠠᠷᠠᠭ᠎ᠠ | ᠥᠪᠡᠷᠲᠡᠭᠡᠨ ᠲᠠᠰᠤᠷᠠᠬᠤ ᠶᠢ ᠬᠦᠯᠢᠶᠡᠬᠦ ᠬᠡᠷᠡᠭᠲᠡᠢ᠃ᠨᠡᠩ ᠢᠯᠠᠩᠭᠤᠶ᠎ᠠ ᠲᠠᠷᠭᠤ ᠬᠦᠴᠦ ᠪᠠᠷ ᠪᠠᠷᠤᠭᠲᠠᠢ ᠦᠨᠢᠶ᠎ᠡ | ᠬᠡᠭᠡᠷ᠎ᠡ ᠭᠠᠳᠠᠨ᠎ᠠ ᠲᠤᠭᠤᠯᠯᠠᠬᠤ ᠳᠤ ᠪᠠᠨ ᠬᠦᠴᠢᠷᠳᠡᠵᠦ᠂ ᠲᠤᠭᠤᠯ ᠤᠨ ᠢᠶᠠᠨ ᠲᠣᠯᠣᠭᠠᠢ ᠶᠢ ᠤᠨᠵᠢᠭᠤᠯᠤᠭᠠᠳ | ᠬᠤᠶᠠᠷ ᠴᠠᠭ ᠬᠢᠷᠢᠲᠡᠢ ᠪᠤᠯᠳᠠᠭ ᠴᠦ ᠪᠤᠢ᠃ ᠢᠩᠭᠢᠵᠦ ᠪᠦᠳᠡᠩᠰᠢᠭᠰᠡᠨ ᠲᠤᠭᠤᠯ ᠢ ᠲᠠᠲᠠᠵᠤ ᠭᠠᠷᠭᠠᠭᠰᠠᠭᠠᠷ | ᠬᠦᠢᠰᠦ ᠶᠢ ᠨᠢ ᠲᠠᠰᠤᠯᠵᠤ ᠵᠢᠪᠠᠷ ᠦᠵᠡᠭᠦᠯᠪᠡᠯ ᠳᠣᠣᠷ᠎ᠠ ᠪᠠᠨ ᠦᠬᠦᠴᠢᠳᠡᠭ᠃ ᠡᠶᠢᠮᠦ ᠠᠴᠠ ᠲᠤᠭᠤᠯ ᠢ ᠲᠠᠲᠠᠵᠤ | ᠭᠠᠷᠭᠠᠭᠰᠠᠨ ᠤ ᠳᠠᠷᠠᠭ᠎ᠠ ᠬᠦᠢᠰᠦ ᠶᠢ ᠨᠢ ᠲᠠᠰᠤᠯᠬᠤ ᠠᠴᠠ ᠬᠢᠴᠢᠶᠡᠵᠦ᠂ ᠲᠤᠭᠤᠯ ᠤᠨ ᠠᠮᠢᠰᠬᠤᠯ ᠢ ᠪᠥᠭᠯᠡᠬᠦ | ᠦᠭᠡᠢ ᠪᠠᠷ 10 - 20 ᠰᠧᠺᠦ᠋ᠨ᠋ᠳ᠋ ᠠᠮᠠ ᠶᠢ ᠨᠢ ᠪᠠᠷᠢᠭᠠᠳ ᠵᠢᠪᠠᠷ ᠤᠷᠤᠭᠤ ᠬᠠᠨᠳᠤᠭᠤᠯᠤᠨ ᠬᠡᠪᠲᠡᠭᠦᠯᠦᠨ᠎ᠡ᠃ | ᠵᠢᠭᠠᠬᠠᠨ ᠤᠳᠠᠭᠠᠳ ᠡᠬᠡ ᠪᠠᠷ ᠨᠢ ᠳᠣᠯᠢᠶᠠᠯᠭᠠᠭᠰᠠᠨ ᠲᠤᠭᠤᠯ ᠰᠡᠷᠭᠦᠵᠦ ᠪᠣᠰᠬᠤ ᠭᠡᠵᠦ ᠤᠷᠤᠯᠳᠤᠵᠤ ᠡᠬᠢᠯᠡᠪᠡᠯ | ᠰᠠᠶ᠋ᠢ ᠡᠬᠡ ᠶᠢ ᠨᠢ ᠪᠣᠰᠬᠠᠬᠤ ᠪᠤᠶᠤ ᠲᠤᠭᠤᠯ ᠢ ᠨᠢ ᠵᠠᠶᠢᠯᠠᠭᠤᠯᠵᠤ ᠬᠦᠢᠰᠦ ᠶᠢ ᠨᠢ ᠳᠠᠰᠤᠯᠤᠨ᠎ᠠ᠃ | ᠢᠷᠡᠯᠲᠡ᠄ ᠦᠦᠰᠢᠨ ᠮᠣᠩᠭᠤᠯ ᠰᠦᠯᠵᠢᠶ᠎ᠡ |