ᠬᠤᠨᠢ ᠢᠮᠠᠭ᠎ᠠ ᠭᠤᠣᠯ ᠤᠨ ᠬᠤᠣᠷ᠂ ᠭᠤᠯᠭᠤᠢ ᠬᠤᠸᠠᠷ᠂ ᠳᠠᠯᠠᠨ ᠲᠦᠷᠦᠭᠦᠦ ᠵᠡᠷᠭᠡ ᠬᠤᠣᠷᠲᠠᠢ ᠡᠪᠡᠰᠦ | ᠠᠳᠡᠭᠦᠷᠡᠵᠦ ᠢᠳᠡᠭᠡᠳ ᠠᠮᠠᠷᠬᠠᠨ ᠬᠤᠣᠷᠳᠠᠳᠠᠭ᠃ ᠬᠤᠣᠷᠳᠠᠭᠰᠠᠨ ᠤ ᠳᠠᠷᠠᠭ᠎ᠠ ᠲᠣᠯᠣᠭᠠᠢ ᠤᠨᠵᠢᠢᠯᠭᠠᠬᠤ᠂ ᠰᠢᠳᠦ | ᠬᠠᠪᠢᠷᠠᠬᠤ᠂ ᠲᠣᠯᠣᠭᠠᠢ ᠳᠠᠮᠠᠷᠤᠳᠠᠵᠤ ᠡᠷᠭᠢᠯᠳᠦᠬᠦ᠂ ᠠᠮᠠᠨ ᠠᠴᠠ ᠨᠢ ᠴᠢᠰᠤ ᠲᠠᠢ ᠬᠦᠭᠡᠰᠦ ᠴᠤᠪᠤᠷᠠᠬᠤ᠂ ᠰᠠᠯᠢᠰᠤᠲᠤ | ᠪᠦᠷᠬᠦᠪᠴᠢ ᠨᠢ ᠴᠢᠰᠤ ᠬᠠᠷᠪᠤᠬᠤ᠂ ᠠᠮᠢᠰᠬᠤᠯ ᠨᠢ ᠲᠦᠷᠭᠡᠰᠬᠦ᠂ ᠴᠡᠴᠡᠭᠡᠢ ᠪᠣᠯᠣᠨ ᠪᠤᠯᠴᠢᠩ ᠮᠢᠬ᠎ᠠ ᠨᠢ ᠮᠢᠨᠴᠦᠷᠡᠵᠦ | ᠵᠣᠭᠰᠣᠵᠤ ᠴᠢᠳᠠᠬᠤ ᠦᠭᠡᠢ ᠵᠡᠷᠭᠡ ᠰᠢᠨᠵᠢ ᠲᠡᠮᠳᠡᠭ ᠢᠯᠡᠷᠡᠬᠦ ᠪᠤᠶᠤ ᠬᠡᠪᠲᠡᠭᠡ ᠪᠠᠷ ᠢᠶᠠᠨ ᠦᠬᠦᠳᠡᠭ᠃ | ᠵᠠᠰᠠᠬᠤ ᠠᠷᠭ᠎ᠠ᠄ | 1. ᠬᠥᠩᠭᠡᠨ ᠬᠤᠣᠷᠳᠠᠭᠰᠠᠨ ᠳᠤᠨᠢ ᠳᠠᠪᠤᠰᠤᠲᠠᠢ ᠤᠰᠤ ᠤᠤᠭᠤᠯᠭᠠᠬᠤ ᠪᠤᠶᠤ ᠨᠣᠭᠤᠭᠠᠨ ᠪᠤᠷᠴᠠᠭ ᠤᠨ | ᠰᠥᠮᠥᠰᠤ ᠴᠢᠳᠬᠤᠵᠤ ᠥᠭᠭᠦᠨ᠎ᠡ᠃ ᠲᠡᠷᠡᠴᠢᠯᠡᠨ ᠥᠨᠳᠡᠭᠡᠨ ᠴᠠᠭᠠᠨ ᠪᠤᠶᠤ ᠰᠢᠬᠢᠷ ᠡᠪᠡᠰᠦᠨ ᠤ ᠰᠢᠭᠦᠰᠦ ᠶᠢ | ᠥᠭᠪᠡᠯ ᠮᠥᠨ ᠬᠤᠣᠷ ᠲᠠᠶᠢᠯᠵᠣ ᠪᠣᠯᠣᠨ᠎ᠠ᠃ | 2. 0.1% ᠶᠢᠨ ᠳᠡᠭᠡᠳᠦ ᠮᠠᠩᠭᠠᠨ ᠬᠦᠴᠢᠯ ᠤᠨ ᠺᠠᠯᠢ ︵高锰酸钾︶ ᠶᠢᠨ ᠠᠭᠤᠰᠤᠮᠠᠯ ᠢᠶᠠᠷ | ᠬᠤᠳᠣᠭᠤᠳᠤ ᠶᠢ ᠨᠢ ᠤᠬᠢᠶᠠᠨ᠎ᠠ᠃ | 3. ᠬᠦᠨᠳᠦ ᠬᠤᠣᠷᠳᠠᠭᠰᠠᠨ ᠪᠣᠯ 5ml 10% ᠶᠢᠨ ᠦᠵᠦᠮ ᠤᠨ ᠰᠢᠬᠢᠷ ᠤᠨ ᠬᠦᠴᠢᠯ ᠤᠨ ᠺᠠᠯᠢ ᠶᠢ | ᠨᠠᠮᠵᠢᠭᠤᠨ ᠰᠤᠳᠠᠯ ᠳᠤᠨᠢ ᠲᠠᠷᠢᠨ᠎ᠠ᠃ | ︵ᠢᠷᠡᠯᠲᠡ ᠄ ᠰᠠᠨᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ | ᠠᠰᠠᠭᠤᠯᠲᠠ ᠬᠠᠷᠢᠭᠤᠯᠲᠠ︾ ᠭᠡᠬᠦ ᠨᠣᠮ ᠠᠴᠠ ᠰᠣᠩᠭᠤᠨ ᠰᠡᠶᠢᠷᠡᠭᠦᠯᠪᠡ ᠃︶ |