ᠭᠤᠷᠤᠨᠠᠢ — ᠲᠥᠪᠡᠳ ᠦᠭᠡ᠃ ᠣᠯᠠᠨ ︵ᠶᠢᠰᠦᠨ︶ ᠲᠣᠬᠤᠢ ᠪᠤᠯᠤᠩ ᠲᠠᠢ ᠭᠠᠵᠠᠷ ᠢ ᠬᠡᠯᠡᠨ᠎ᠡ᠃ | ᠡᠭᠦᠨ ᠠᠴᠠ ᠥᠭᠡᠷ᠎ᠡ ᠪᠠᠰᠠ ᠬᠤᠶᠠᠷ ᠵᠦᠢᠯ ᠤᠨ ᠶᠠᠷᠢᠶ᠎ᠠ ᠪᠠᠶᠢᠪᠠ᠃ ᠭᠤᠷ᠎ᠠ ᠵᠦᠷ ᠤᠨ ᠭᠤᠷ᠎ᠠ ᠪᠠᠶᠢᠭᠰᠠᠨ ᠠᠴᠠ | ᠨᠡᠷ᠎ᠡ ᠣᠯᠪᠠ ᠭᠡᠵᠦ ᠪᠤᠢ᠃ ᠭᠡᠲᠡᠯ᠎ᠡ ᠭᠤᠷ᠎ᠠ ᠵᠦᠷ ᠭᠡᠳᠡᠭ ᠠᠮᠢᠲᠠᠨ ᠪᠣᠯ ᠡᠯᠡᠰᠦᠨ ᠳᠤ ᠠᠮᠢᠳᠤᠷᠠᠳᠠᠭ ᠪᠢᠰᠢ | ᠭᠡᠳᠡᠭ ᠢ ᠬᠡᠨ ᠴᠤ ᠮᠡᠳᠡᠬᠦ ᠪᠣᠯᠬᠤᠷ ᠬᠡᠯᠡᠯᠭᠡᠨ ᠦᠭᠡᠢ ᠵᠥᠪ ᠲᠠᠶᠢᠯᠪᠤᠷᠢ ᠪᠢᠰᠢ ᠭᠡᠳᠡᠭ ᠨᠢ ᠲᠣᠳᠣᠷᠬᠠᠢ᠃ ᠪᠠᠰᠠ | ᠭᠤᠷᠭᠤᠤᠯ ᠭᠡᠰᠡᠨ ᠦᠭᠡᠨ ᠠᠴᠠ ᠢᠷᠡᠪᠡ ᠭᠡᠵᠦ ᠪᠤᠢ᠃ ᠡᠨᠡ ᠨᠢ ᠮᠥᠨ ᠴᠤ ᠳᠠᠮᠵᠢᠭ ᠶᠠᠷᠢᠶ᠎ᠠ ᠲᠡᠳᠦᠢ ᠶᠤᠮ᠃ | ᠲᠡᠭᠡᠪᠡᠯ ᠶᠣᠰᠣᠲᠠᠢ ᠭᠠᠵᠠᠷ ᠤᠨ ᠪᠠᠶᠢᠴᠠ ᠠᠴᠠ ᠦᠵᠡᠪᠡᠯ ᠡᠨᠡ ᠬᠦ ᠭᠦᠨ ᠨᠠᠮᠤᠭ ᠭᠠᠵᠠᠷ ᠲᠤ ᠪᠤᠯᠤᠩ ᠲᠣᠬᠤᠢ | ᠣᠯᠠᠨ ᠪᠤᠢ᠃ ᠲᠣᠭᠠᠯᠠᠪᠠᠯ᠄ ᠡᠦ ᠲᠣᠬᠤᠢ ᠶᠢᠨ ᠪᠤᠯᠤᠩ᠂ ᠨᠠᠶᠢᠰᠠᠷ ᠣᠪᠣᠭ᠎ᠠ ᠶᠢᠨ ᠪᠤᠯᠤᠩ᠂ ᠤᠯᠠᠭᠠᠨᠨᠠᠭᠤᠷ ᠤᠨ | ᠪᠤᠯᠤᠩ᠂ ᠴᠢᠪᠠᠭᠠᠨᠴᠠ ᠶᠢᠨ ᠪᠤᠯᠤᠩ ᠭᠡᠬᠦ ᠮᠡᠲᠦ᠃ | ᠭᠤᠶᠢᠽᠠ — ᠭᠥᠷᠥᠭᠡᠰᠦ ︵ᠵᠡᠭᠡᠷᠳᠡ︶ ᠭᠡᠰᠡᠨ ᠲᠥᠪᠡᠳ ᠦᠭᠡ᠃ ᠡᠭᠦᠨ ᠢ ᠬᠠᠶᠢᠰᠤ ︵ᠲᠣᠭᠤᠭ᠎ᠠ︶ | ᠪᠤᠶᠤ ᠲᠠᠬᠢᠷ ᠬᠡᠮᠡᠨ ᠲᠠᠶᠢᠯᠪᠤᠷᠢᠯᠠᠵᠤ ᠪᠠᠶᠢᠭᠰᠠᠨ ᠨᠢ ᠲᠠᠭᠠᠷᠠᠬᠤ ᠦᠭᠡᠢ᠃ ᠲᠡᠦᠬᠡᠨ ᠳᠤ ᠭᠤᠶᠢᠽᠠ ᠳᠤ ᠠᠮᠢᠲᠠᠨ | ᠠᠷᠢᠶᠠᠲᠠᠨ ᠵᠡᠭᠡᠷ᠎ᠡ ᠭᠥᠷᠥᠭᠡᠰᠦ ᠮᠠᠰᠢ ᠡᠯᠪᠡᠭ ᠪᠠᠶᠢᠵᠠᠢ᠃ ᠲᠣᠭᠤᠭ᠎ᠠ ᠪᠠᠨ ᠤᠷᠢᠳᠠᠪᠠᠷ ᠨᠡᠷᠡᠴᠢᠬᠡᠭᠡᠳ ᠭᠠᠷᠴᠤ | ᠣᠳᠣᠭᠠᠳ ᠭᠥᠷᠥᠭᠡᠰᠦ ᠠᠯᠠᠵᠤ ᠠᠪᠴᠢᠷᠠᠨ᠂ ᠪᠡᠯᠡᠬᠡᠨ ᠴᠢᠨᠠᠵᠤ ᠢᠳᠡᠳᠡᠭ ᠪᠠᠶᠢᠭᠰᠠᠨ ᠭᠡᠵᠡᠭᠡᠳᠡᠭ᠃ | ᠠᠨᠳᠤᠤ — ᠣᠳᠣᠨ ᠲᠣᠭᠤᠷᠢᠭ ᠭᠡᠰᠡᠨ ᠤᠳᠬ᠎ᠠ ᠲᠠᠢ ᠲᠥᠪᠡᠳ ᠦᠭᠡ ᠮᠥᠨ᠃ ᠯᠠᠮᠠ ᠶᠢᠨ | ᠱᠠᠰᠢᠨ ᠳᠤ ᠲᠥᠪᠡᠳ ᠣᠷᠣᠨ ᠢ ᠠᠨᠳᠤᠤ ᠠᠷᠪᠠᠨ ᠭᠤᠷᠪᠠᠨ ᠣᠷᠣᠨ ᠬᠡᠮᠡᠨ ᠬᠤᠪᠢᠶᠠᠳᠠᠭ ᠪᠠᠶᠢᠵᠠᠢ᠃ ᠡᠭᠦᠨ ᠢ | ᠤᠷᠢᠳᠤ ᠳᠠᠭᠠᠨ ᠠᠨᠳᠠᠭᠤ ᠠᠳᠡᠭᠦᠦ ᠶᠢᠨ ᠠᠨᠳᠤᠭᠤ ᠪᠠᠷ ᠲᠠᠶᠢᠯᠪᠤᠷᠢᠯᠠᠵᠤ ᠪᠠᠶᠢᠵᠠᠢ᠃ ᠡᠵᠡᠨ᠎ᠡ ᠳᠤ ᠡᠨᠡ ᠨᠡᠷ᠎ᠡ ᠶᠢ | ᠬᠡᠷᠡᠭᠯᠡᠭᠰᠡᠨ ᠤᠴᠢᠷ ᠨᠢ ᠨᠣᠶᠠᠳ ᠪᠠᠶᠠᠳ ᠬᠥᠬᠡᠨᠠᠭᠤᠷ ᠤᠨ ᠠᠨᠳᠤᠤ ᠭᠠᠵᠠᠷ ᠠᠴᠠ ᠠᠳᠤᠭᠤ ᠦᠬᠡᠷ ᠬᠤᠳᠠᠯᠳᠤᠵᠤ | ᠠᠪᠴᠢᠷᠠᠭᠠᠳ᠂ ᠠᠳᠡᠬᠢ ᠰᠠᠶᠢᠬᠠᠨ ᠪᠡᠯᠴᠢᠭᠡᠷ ᠲᠤ ᠲᠠᠯᠪᠢᠳᠠᠭ ᠢᠶᠠᠷ ᠢᠶᠠᠨ ᠡᠨᠡ ᠨᠡᠷ᠎ᠡ ᠲᠣᠭᠲᠠᠵᠠᠢ᠃ | ᠥᠩᠭᠡᠷᠡᠭᠰᠡᠨ ᠳᠤ ᠲᠤᠰ ᠬᠤᠰᠢᠭᠤᠨ ᠳᠤ ᠠᠨᠳᠤᠤ ᠨᠡᠷ᠎ᠡ ᠲᠠᠢ᠂ ᠵᠢᠰᠦᠮ ᠢᠶᠠᠷ ᠢᠶᠠᠨ ᠢᠯᠭᠠᠪᠤᠷᠢᠯᠠᠵᠤ ᠨᠡᠷᠡᠶᠢᠳᠳᠡᠭ | ᠦᠬᠡᠷ ᠠᠳᠤᠭᠤ ᠪᠢᠰᠢᠭᠦᠢ ᠣᠯᠠᠨ ᠪᠠᠶᠢᠭᠰᠠᠨ ᠪᠢᠯᠡ᠃ | ᠡᠵᠡᠨ᠎ᠡ ᠭᠤᠣᠯ— ᠡᠷᠲᠡᠨ ᠤ ᠲᠡᠦᠬᠡᠨ ᠳᠤ ᠷᠦᠸᠧ ᠱᠦᠢ ᠬᠡᠮᠡᠨ ᠲᠡᠮᠳᠡᠭᠯᠡᠵᠦ ᠪᠤᠢ᠃ ᠳᠤᠮᠳᠠᠳᠤ | ᠤᠯᠤᠰ ᠤᠨ ᠶᠡᠭᠡ ᠢᠦᠢ ᠬᠠᠭᠠᠨ ᠤ ᠤᠰᠤ ᠵᠠᠰᠠᠭᠰᠠᠨ ᠳᠣᠮᠤᠭ ᠳᠣᠲᠣᠷ᠎ᠠ ᠷᠦᠸᠧ ᠱᠦᠢ ᠶᠢ ᠳᠤᠷᠠᠳᠤᠭᠰᠠᠨ | ᠪᠥᠭᠡᠳ ᠠᠯᠢ ᠡᠷᠲᠡᠨ ᠤ ᠴᠦᠨ ᠴᠢᠦ ᠶᠢᠨ ᠦᠶ᠎ᠡ ᠳᠠᠬᠢ ᠷᠦᠸᠧ ᠱᠦᠢ ᠶᠢᠨ ᠲᠤᠬᠠᠢ ᠲᠡᠮᠳᠡᠭᠯᠡᠯ ᠳᠤ᠄ ᠷᠦᠸᠧ | ᠱᠦᠢ ᠬᠡᠮᠡᠭᠴᠢ ᠪᠠᠷᠠᠭᠤᠨ ᠠᠴᠠ ᠤᠷᠤᠰᠴᠤ᠂ ᠾᠧ ᠯᠢ ᠪᠠᠷ ᠳᠠᠭᠠᠷᠢᠭᠠᠳ ᠦᠯᠡᠳᠡᠭᠡ ︵ᠦᠯᠡᠳᠡᠭᠰᠡᠨ︶ ᠨᠢ ᠨᠤᠷ᠎ᠠ | ᠡᠯᠡᠰᠦᠨ ᠳᠤ ᠣᠷᠣᠵᠠᠢ ᠭᠡᠵᠦ ᠪᠤᠢ᠃ ᠡᠵᠡᠨ᠎ᠡ ᠭᠤᠣᠯ ᠢ ᠪᠠᠰᠠ ᠬᠠᠷ᠎ᠠ ᠭᠤᠣᠯ ᠭᠡᠵᠦ ᠬᠡᠯᠡᠳᠡᠭ᠃ ᠬᠤᠶᠢᠲᠤ | ᠰᠠᠯᠠᠭ᠎ᠠ ᠶᠢ ᠨᠢ ︵ ᠶᠢᠨ ᠲᠠ ᠰᠢᠶᠠᠨ ᠤ ᠬᠢᠵᠠᠭᠠᠷ ᠲᠤ︶ ᠷᠦᠸᠧ ᠱᠦᠢ ᠭᠡᠳᠡᠭ᠃ ᠮᠠᠨ ᠤ ᠬᠤᠰᠢᠭᠤᠨ ᠤ ᠬᠢᠵᠠᠭᠠᠷ | ᠳᠣᠲᠣᠷ᠎ᠠ ᠨᠡᠶᠢᠯᠡᠩᠭᠢ ᠳᠤᠨᠢ ᠡᠵᠡᠨ᠎ᠡ ᠭᠤᠣᠯ ᠭᠡᠳᠡᠭ ᠪᠢᠯᠡ᠃ ᠡᠨᠡ ᠭᠤᠣᠯ ᠴᠠᠰᠤᠲᠤ ᠴᠠᠭᠠᠨ ᠠᠭᠤᠯᠠᠨ ᠠᠴᠠ ᠡᠬᠢ | ᠠᠪᠴᠤ᠂ ᠭᠤᠤᠲ᠋ᠠᠢ ᠶᠢᠨ ᠬᠠᠳᠠᠨ ᠬᠠᠪᠴᠢᠯ ︵ᠵᠧᠩ ᠢ ᠰᠢᠶᠠ︶ ᠢ ᠭᠠᠲᠤᠯᠵᠤ᠂ ᠪᠠᠶᠠᠨᠪᠣᠭᠳᠠ ᠬᠦᠷᠦᠭᠡᠳ ᠬᠤᠶᠠᠷ | ᠰᠠᠯᠳᠠᠭ᠃ ᠬᠤᠶᠢᠲᠤ ᠰᠠᠯᠠᠭ᠎ᠠ ᠶᠢ ᠨᠢ ᠮᠥᠷᠡᠨ ᠭᠤᠣᠯ ᠭᠡᠳᠡᠭ ᠪᠥᠭᠡᠳ ᠭᠠᠰᠢᠭᠤᠨ ᠨᠠᠭᠤᠷ ᠲᠤ ᠴᠢᠳᠬᠤᠨ᠎ᠠ᠃ | ᠡᠮᠦᠨᠡᠲᠦ ᠰᠠᠯᠠᠭ᠎ᠠ ᠶᠢ ᠨᠢ ᠡᠮᠦᠨ᠎ᠡ ᠭᠤᠣᠯ ᠭᠡᠳᠡᠭ ᠪᠥᠭᠡᠳ ᠰᠤᠪᠨᠠᠭᠤᠷ ᠲᠤ ᠴᠢᠳᠬᠤᠨ᠎ᠠ᠃ ᠡᠨᠡ ᠪᠣᠯ ᠤᠯᠠᠷᠢᠯ ᠤᠨ | ᠴᠢᠨᠠᠷᠲᠠᠢ ᠭᠤᠣᠯ ᠮᠥᠨ᠃ ᠪᠦᠬᠦ ᠤᠷᠲᠤ ᠨᠢ ᠭᠤᠷᠪᠠᠨ ᠵᠠᠭᠤᠨ ᠺᠢᠯᠣᠮᠧᠲᠷ ᠪᠤᠢ᠂ ᠬᠤᠶᠠᠷ ᠵᠠᠭᠤᠨ ᠮᠧᠲᠷ | ᠥᠷᠭᠡᠨ᠂ ᠲᠡᠭᠰᠢᠳᠬᠡᠭᠡᠳ ᠨᠢᠭᠡ ᠮᠧᠲᠷ ᠬᠠᠭᠠᠰ ᠭᠦᠨ᠃ ᠵᠢᠯ ᠤᠨ ᠤᠷᠤᠰᠬᠠᠯ ᠤᠨ ᠬᠡᠮᠵᠢᠶ᠎ᠡ ᠨᠢ ᠳᠥᠷᠪᠡ ᠠᠴᠠ | ᠲᠠᠪᠤᠨ ᠳ᠋ᠦᠩᠰᠢᠭᠤᠷ ᠬᠦᠪ ᠮᠧᠲᠷ ᠪᠠᠶᠢᠳᠠᠭ᠃ ᠡᠵᠡᠨ᠎ᠡ ᠶᠢᠨ ᠬᠢᠵᠠᠭᠠᠷ ᠲᠤ ᠣᠷᠣᠭᠰᠠᠨ ᠤ ᠰᠡᠭᠦᠯᠡᠷ ᠶᠡᠭᠡ ᠪᠠᠭ᠎ᠠ | ᠠᠷᠪᠠ ᠶᠢᠰᠦᠨ ᠰᠠᠯᠠᠭ᠎ᠠ ︵ᠬᠤᠷᠢᠨ ᠶᠢᠰᠦᠨ ᠰᠠᠯᠠᠭ᠎ᠠ—— ᠳᠠᠬᠢᠨ ᠬᠡᠪᠯᠡᠭᠦᠯᠦᠭᠴᠢ ᠠᠴᠠ︶ ᠪᠣᠯᠵᠤ ᠭᠠᠰᠢᠭᠤᠨ | ᠨᠠᠭᠤᠷ᠂ ᠰᠤᠪᠨᠠᠭᠤᠷ᠂ ᠵᠢᠩᠰᠡᠲᠦ ᠶᠢᠨ ᠨᠠᠭᠤᠷ ︵ᠡᠷᠢᠶᠡᠨ ᠴᠣᠨᠵᠢ ᠶᠢᠨ ᠨᠠᠭᠤᠷ—— ᠳᠠᠬᠢᠨ ᠬᠡᠪᠯᠡᠭᠦᠯᠦᠭᠴᠢ ᠠᠴᠠ | ︶ ᠮᠡᠲᠦ ᠭᠤᠷᠪᠠᠨ ᠳᠣᠲᠣᠭᠠᠳᠤ ᠨᠠᠭᠤᠷ ᠲᠤ ᠴᠢᠳᠬᠤᠯᠠᠨ᠎ᠠ᠃ | ᠡᠵᠡᠨ᠎ᠡ ᠭᠤᠣᠯ ᠳᠠᠭᠠᠤ ᠣᠷᠣᠨ ᠳᠤ ᠣᠢ ᠮᠣᠳᠣ ᠵᠤᠵᠠᠭᠠᠨ᠂ ᠡᠪᠡᠰᠦ ᠪᠡᠯᠴᠢᠭᠡᠷ ᠰᠢᠮᠡᠯᠢᠭ᠂ ᠠᠳᠤᠭᠤ | ᠮᠠᠯ ᠤᠨ ᠲᠠᠩᠰᠤᠭ ᠰᠠᠶᠢᠬᠠᠨ ᠪᠡᠯᠴᠢᠭᠡᠷ ᠲᠠᠢ ᠲᠤᠯᠠ ᠡᠷᠲᠡ ᠡᠳᠦᠭᠡ ᠶᠢᠨ ᠬᠥᠮᠦᠰ ᠤᠨ ᠳᠤᠷ᠎ᠠ ᠰᠣᠨᠢᠷᠬᠠᠯ ᠢ | ᠲᠠᠲᠠᠭᠰᠠᠭᠠᠷ ᠢᠷᠡᠪᠡ᠃ ᠲᠠᠩ ᠤᠯᠤᠰ ᠤᠨ ᠠᠯᠳᠠᠷᠲᠤ ᠰᠢᠯᠦᠭᠴᠢᠨ ᠸᠠᠩ ᠸᠧᠢ᠄ | ︽ᠵᠢᠦᠢ ᠶᠠᠨ ᠬᠤᠲᠠᠨ ᠤ ᠭᠠᠳᠠᠨ᠎ᠠ ᠲᠡᠭᠷᠢᠯᠢᠭ ᠬᠥᠷᠥᠰᠥᠨ ︵ᠭᠥᠷᠥᠭᠡᠰᠦ︶ ᠢ ᠠᠩᠨᠠᠶ᠎ᠠ | ᠴᠠᠭᠠᠨ ᠡᠪᠡᠰᠦᠨ ᠲᠡᠭᠷᠢ ᠳᠤᠷ ᠵᠠᠯᠭᠠᠯᠳᠤᠷᠤᠨ ᠲᠦᠢᠮᠡᠷ ᠤᠨ ᠭᠠᠯ ᠮᠠᠨᠳᠤᠮᠤᠢ᠃ | ᠦᠳᠡᠰᠢ ᠶᠢᠨ ᠦᠶ᠎ᠡ ᠡᠭᠦᠯᠡ ᠬᠤᠷᠠᠵᠤ ᠰᠥᠨᠢᠵᠢᠨ ᠠᠭᠲᠠ ᠪᠠᠷ ᠰᠤᠩᠭᠠᠬᠤᠶᠠ | ᠡᠯᠪᠡᠭ ᠨᠠᠭᠤᠷ ᠤᠨ ᠲᠠᠯ᠎ᠠ ᠨᠤᠲᠤᠭ ᠲᠤᠷ ᠳᠠᠬᠢᠨ ᠨᠠᠮᠨᠠᠬᠤ ᠪᠠᠭ᠋ᠠᠲᠠᠢ᠃︾ | ᠬᠡᠮᠡᠨ ᠰᠢᠯᠦᠭᠯᠡᠭᠰᠡᠨ ᠨᠢ ᠲᠤᠬᠠᠢ ᠶᠢᠨ ᠦᠶ᠎ᠡ ᠳᠠᠬᠢ ᠡᠵᠡᠨ᠎ᠡ ᠭᠤᠣᠯ ᠤᠨ ᠥᠩᠭᠡ ᠦᠵᠡᠮᠵᠢ ᠶᠢ ᠠᠮᠢᠳᠤᠯᠢᠭ | ᠳᠦᠷᠰᠦᠯᠡᠭᠰᠡᠨ ᠪᠠᠶᠢᠨ᠎ᠠ᠃ ᠬᠤᠶᠢᠲᠤ ᠭᠤᠣᠯ ᠳᠠᠭᠠᠤ ᠣᠷᠣᠨ ᠳᠤ ᠵᠢᠭᠳᠡ ᠮᠣᠳᠣ ᠨᠡᠶᠢᠳᠡᠮ ᠤᠷᠭᠤᠵᠤ ᠪᠤᠢ | ᠪᠥᠭᠡᠳ ᠪᠦᠬᠦ ᠣᠷᠣᠨ ᠤ ᠴᠤᠷ ᠤᠨ ᠭᠠᠭᠴᠠ ᠪᠠᠶᠢᠭᠠᠯᠢ ᠶᠢᠨ ᠵᠢᠭᠳᠡ ᠶᠢᠨ ᠲᠠᠯᠠᠪᠠᠢ ᠪᠣᠯᠣᠨ᠎ᠠ᠃ ᠬᠠᠪᠤᠷ ᠪᠣᠯᠬᠤ ᠳᠤ | ᠰᠢᠷᠠᠩᠭᠤᠢ ᠴᠠᠭᠠᠨ ᠵᠢᠭᠳᠡᠨ ᠴᠡᠴᠡᠭ ᠬᠠ ᠶᠠ ᠦᠭᠡᠢ ᠳᠡᠯᠭᠡᠷᠡᠨ᠂ ᠤᠷᠢᠬᠠᠨ ᠰᠠᠯᠬᠢᠨ᠎ᠠ ︽ᠠᠷᠪᠠᠨ ᠭᠠᠵᠠᠷ ᠤᠨ | ᠠᠯᠤᠰ ᠠᠴᠠ ᠠᠩᠬᠢᠯᠤᠮ᠎ᠠ ᠦᠨᠦᠷ ᠬᠠᠩᠬᠤᠯᠳᠠᠭ︾ ᠭᠡᠰᠡᠨ ᠰᠠᠶᠢᠬᠠᠨ ᠮᠠᠭᠲᠠᠭᠠᠯ ᠲᠠᠢ ᠪᠢᠯᠡ᠃ ᠵᠢᠭᠳᠡ ᠮᠣᠳᠣ ᠪᠣᠯ | ᠭᠠᠩ ᠬᠠᠭᠰᠠᠷᠠᠭᠠᠨ ᠳᠤ ᠲᠡᠰᠪᠦᠷᠢᠲᠡᠢ᠂ ᠠᠮᠢᠯᠠᠬᠤ ᠬᠦᠴᠦ ᠰᠠᠶᠢᠲᠠᠢ ᠮᠣᠳᠣᠨ ᠤ ᠲᠥᠷᠥᠯ ᠳᠤ ᠪᠠᠭᠲᠠᠨ᠎ᠠ᠃ | ᠡ᠊ᠨᠳᠡ ᠠᠴᠠ ᠵᠢᠯ ᠪᠦᠷᠢ ᠲᠦᠭ ᠲᠦᠮᠡᠨ ᠵᠢᠭᠳᠡᠨ ᠦᠷ᠎ᠡ ᠲᠡᠭᠦᠵᠦ᠂ ᠡᠬᠡ ᠣᠷᠣᠨ ᠤ ᠣᠶᠢᠵᠢᠭᠤᠯᠤᠯᠲᠠ ᠳᠤ | ᠲᠤᠰᠠᠯᠠᠵᠤ ᠪᠠᠶᠢᠳᠠᠭ᠃ ᠵᠢᠭᠳᠡ ᠮᠣᠳᠣ ᠪᠠᠰᠠ ᠶᠠᠰᠤᠯᠢᠭ ᠬᠠᠲᠠᠭᠤ᠂ ᠭᠤᠴᠣ ᠡᠷᠢᠶ᠎ᠡ ᠲᠠᠢ ᠪᠥᠭᠡᠳ ᠠᠪᠳᠠᠷ᠎ᠠ ᠰᠠᠪᠠ | ᠭᠡᠷ ᠤᠨ ᠬᠡᠷᠡᠭᠰᠡᠯ ᠬᠢᠬᠦ ᠳᠤ ᠣᠯᠳᠠᠰᠢ ᠦᠭᠡᠢ ᠬᠤᠪᠣᠷ ᠨᠠᠨᠳᠢᠨ ᠶᠠᠭᠤᠮ᠎ᠠ ᠪᠣᠯᠬᠤᠷ ᠬᠤᠰᠢᠭᠤᠨ ᠤ ᠳᠣᠲᠣᠨ᠎ᠠ | ᠭᠠᠳᠠᠨ᠎ᠠ ᠠᠯᠳᠠᠷᠰᠢᠪᠠ᠃ | ᠭᠠᠰᠢᠭᠤᠨ ᠨᠠᠭᠤᠷ—— ᠵᠢᠦᠢ ᠶᠠᠨ ᠬᠠᠢ | ᠣᠳᠣ ᠡᠵᠡᠨ᠎ᠡ ᠶᠢᠨ ᠬᠢᠯᠢ ᠳᠣᠲᠣᠷ᠎ᠠ ᠡᠷᠲᠡᠨ ᠤ ᠠᠴᠠ ᠪᠠᠨ ᠠᠪᠤᠭᠠᠳ ᠠᠯᠳᠠᠷ ᠲᠠᠢ ᠬᠤᠶᠠᠷ ᠨᠠᠭᠤᠷ ᠪᠤᠢ᠃ | ᠪᠠᠷᠠᠭᠤᠨ ᠲᠠᠯ᠎ᠠ ᠶᠢᠨ ᠬᠢ ᠨᠢ ᠭᠠᠰᠢᠭᠤᠨ ᠨᠠᠭᠤᠷ ︵ᠪᠠᠰᠠ ᠵᠢᠦᠢ ᠶᠠᠨ ᠬᠠᠢ ᠪᠤᠶᠤ ᠰᠢ ᠬᠠᠢ ᠽᠢ︶ ᠭᠡᠳᠡᠭ᠂ ᠵᠡᠭᠦᠨ | ᠲᠠᠯ᠎ᠠ ᠶᠢᠨ ᠬᠢ ᠨᠢ ᠰᠤᠪᠨᠠᠭᠤᠷ ︵ᠳ᠋ᠦᠩ ᠬᠠᠢ ᠽᠢ︶ ᠭᠡᠳᠡᠭ ᠪᠢᠯᠡ᠃ ᠡᠷᠳᠡᠮᠲᠡᠳ ᠤᠨ ᠲᠣᠳᠣᠯᠠᠭᠰᠠᠨ ᠢᠶᠠᠷ ᠡᠨᠡ | ᠬᠤᠶᠠᠷ ᠨᠠᠭᠤᠷ ᠡᠷᠲᠡ ᠦᠶ᠎ᠡ ᠳᠡᠭᠡᠨ ᠨᠢᠭᠡᠯᠡ ᠴᠣᠭᠴᠠ ᠪᠠᠶᠢᠭᠠᠳ᠂ ᠶᠡᠷᠦᠩᠬᠡᠶᠢᠯᠡᠭᠡᠳ ᠵᠢᠦᠢ ᠶᠠᠨ ᠽᠧᠢ ᠪᠤᠶᠤ | ᠵᠢᠦᠢ ᠶᠠᠨ ᠬᠠᠢ ᠭᠡᠵᠦ ᠨᠡᠷᠡᠶᠢᠳᠴᠦ ᠢᠷᠡᠪᠡ᠃ ᠮᠠᠰᠢ ᠡᠷᠲᠡᠨ ᠤ ᠴᠦᠨ ᠴᠢᠦ ᠶᠢᠨ ᠦᠶ᠎ᠡ ᠶᠢᠨ ᠪᠢᠴᠢᠭ | ᠰᠤᠳᠤᠷ ᠲᠤ ᠯᠢᠦ ᠱᠠ ᠬᠡᠮᠡᠨ ᠵᠢᠦᠢ ᠶᠠᠨ ᠢ ᠵᠢᠭᠠᠵᠤ ᠪᠠᠶᠢᠭᠰᠠᠨ ᠪᠣᠯᠤᠯᠲᠠᠢ᠃ ᠬᠠᠨ ᠤᠯᠤᠰ ᠤᠨ ᠰᠧ ᠮᠠ | ᠪᠢᠶᠣᠣ ᠶᠢᠨ ᠪᠢᠴᠢᠭᠰᠡᠨ ᠬᠠᠨ ᠤ ᠪᠢᠴᠢᠭ ᠲᠤ᠂ ᠵᠢᠦᠢ ᠶᠠᠨ ᠤ ᠭᠠᠵᠠᠷ ᠲᠤ ᠵᠢᠦᠢ ᠶᠠᠨ ᠽᠧ ᠪᠤᠢ᠂ ᠡᠷᠲᠡᠨ ᠳᠡᠭᠡᠨ | ᠯᠢᠦ ᠱᠠ ᠭᠡᠵᠦ ᠬᠡᠯᠡᠳᠡᠭ ᠪᠠᠶᠢᠪᠠ ᠭᠡᠵᠡᠢ᠃ ︽ᠰᠦᠢ ᠵᠢᠩ ᠵᠦ︾ ᠪᠢᠴᠢᠭ ᠲᠤ ᠯᠢᠦ ᠱᠠ ᠬᠡᠮᠡᠬᠦ ᠭᠠᠵᠠᠷ ᠪᠣᠯ ᠵᠠᠩ | ᠶᠧ ᠶᠢᠨ ᠵᠢᠦᠢ ᠶᠠᠨ ᠰᠢᠶᠠᠨ ᠤ ᠵᠡᠭᠦᠨ ᠬᠤᠶᠢᠨ᠎ᠠ ︵ᠡᠳᠦᠭᠡ ᠶᠢᠨ ᠳ᠋ᠢᠩ ᠰᠢᠨ ᠤ ᠮᠣᠣ ᠮᠦ ᠬᠤᠲᠠ︶ ᠪᠠᠶᠢᠨ᠎ᠠ | ᠭᠡᠵᠡᠢ᠃ ᠪᠠᠰᠠ ᠲᠠᠶᠢᠯᠪᠤᠷᠢ ᠳᠠᠭᠠᠨ ᠵᠢᠦᠢ ᠶᠠᠨ ᠽᠧ ᠪᠣᠯ ᠵᠢᠦᠢ ᠶᠠᠨ ᠰᠢᠶᠠᠨ ᠬᠤᠲᠠ ᠶᠢᠨ ᠵᠡᠭᠦᠨ ᠬᠤᠶᠢᠨ᠎ᠠ | ᠪᠠᠶᠢᠨ᠎ᠠ᠂ ᠪᠢᠴᠢᠭ ᠰᠤᠳᠤᠷ ᠲᠤ ᠯᠢᠦ ᠱᠠ ᠭᠡᠵᠦ ᠪᠠᠶᠢᠬᠤ ᠨᠢ ᠪᠦᠷ ᠵᠢᠦᠢ ᠶᠠᠨ ᠽᠧ ᠶᠢ ᠬᠡᠯᠡᠵᠦ ᠪᠤᠢ᠃ ᠬᠠᠪᠢᠷᠭᠠᠨ | ᠰᠠᠷᠠᠨ ᠤ ᠬᠡᠯᠪᠡᠷᠢᠲᠡᠢ ᠶᠤᠮ ᠭᠡᠵᠡᠢ᠃ ᠡᠶᠢᠮᠦ ᠠᠴᠠ ᠡᠷᠲᠡᠨ ᠳᠡᠭᠡᠨ ᠡᠨᠡ ᠬᠤᠶᠠᠷ ᠨᠠᠭᠤᠷ ᠨᠢᠭᠡᠯᠡ ᠪᠠᠶᠢᠭᠰᠠᠨ | ᠪᠥᠭᠡᠳ ᠠᠳᠠᠭ ᠲᠠᠭᠠᠨ ᠬᠤᠶᠠᠷ ᠮᠢᠩᠭᠠᠨ ᠵᠢᠯ ᠤᠨ ᠡᠮᠦᠨ᠎ᠡ ᠲᠤᠬᠠᠶᠢᠯᠠᠪᠠᠯ ᠬᠠᠨ ᠤᠯᠤᠰ ᠠᠴᠠ ᠤᠷᠢᠳ ᠵᠢᠦᠢ ᠶᠠᠨ | ᠽᠧ ᠭᠡᠵᠦ ᠨᠡᠷᠡᠶᠢᠳᠴᠦ ᠪᠠᠶᠢᠵᠠᠢ᠃ ᠸᠧᠢ᠂ ᠶᠢᠨ ᠤ ᠦᠶ᠎ᠡ ᠳᠤ ᠰᠢ ᠬᠠᠢ ᠭᠡᠵᠦ ᠪᠠᠶᠢᠭᠠᠳ᠂ ᠵᠢᠦᠢ ᠶᠠᠨ | ᠣᠷᠣᠨ ᠳᠤ ᠰᠢ ᠬᠠᠢ ᠵᠢᠶᠦ᠋ᠨ ᠪᠠᠶᠢᠭᠤᠯᠤᠭᠰᠠᠨ ᠢᠶᠠᠷ ᠦᠵᠡᠬᠦᠯ᠎ᠡ᠂ ᠪᠠᠷᠤᠭ ᠲᠡᠷᠡ ᠦᠶ᠎ᠡ ᠠᠴᠠ ᠡᠬᠢᠯᠡᠨ ᠤᠰᠤ ᠨᠢ | ᠬᠤᠮᠰᠠᠳᠠᠭᠠᠳ ᠬᠤᠶᠠᠷ ᠲᠠᠰᠤᠷᠠᠭᠰᠠᠨ ᠪᠠᠶᠢᠵᠤ ᠮᠡᠳᠡᠨ᠎ᠡ᠃ ᠭᠠᠰᠢᠭᠤᠨ ᠨᠠᠭᠤᠷ ᠭᠡᠰᠡᠨ ᠨᠢ ᠴᠢᠩ ᠤᠯᠤᠰ ᠤᠨ | ᠦᠶ᠎ᠡ ᠳᠤ ᠲᠣᠷᠭᠤᠳ ᠬᠥᠮᠦᠨ ᠢᠷᠡᠭᠰᠡᠨ ᠤ ᠰᠡᠭᠦᠯᠡᠷ ᠤᠰᠤᠨ ᠤ ᠴᠢᠨᠠᠷ ᠢᠶᠠᠷ ᠨᠢ ᠥᠭᠭᠦᠭᠰᠡᠨ ᠨᠡᠷ᠎ᠡ ᠮᠥᠨ᠃ | ᠭᠠᠭᠴᠠ ᠨᠠᠭᠤᠷ ᠪᠠᠶᠢᠬᠤ ᠳᠠᠭᠠᠨ ᠴᠡᠩᠭᠡᠭ ᠤᠰᠤ ᠲᠠᠢ ᠪᠠᠶᠢᠭᠠᠳ ᠰᠡᠭᠦᠯᠡᠷ ᠬᠤᠶᠠᠷ ᠲᠠᠰᠤᠷᠠᠭᠰᠠᠨ ᠤ ᠳᠠᠷᠠᠭ᠎ᠠ᠂ | ᠪᠠᠷᠠᠭᠤᠨ ᠨᠠᠭᠤᠷ ᠨᠢ ᠬᠤᠵᠢᠷ ᠱᠤᠤ ᠶᠡᠬᠡᠲᠡᠢ ᠠᠴᠠ ᠭᠠᠰᠢᠭᠤᠷᠠᠭᠰᠠᠨ ᠪᠠᠶᠢᠬ᠎ᠠ ᠭᠡᠵᠦ ᠬᠤᠸᠠᠩ ᠸᠧᠨ ᠪᠢ ᠶᠢᠨ ᠵᠢᠦᠢ | ᠶᠠᠨ ᠬᠠᠢ ᠶᠢᠨ ᠰᠢᠨᠵᠢᠯᠡᠯ ᠳᠤ ᠪᠢᠴᠢᠭᠳᠡᠭᠰᠡᠨ ᠪᠠᠶᠢᠪᠠ᠃ ᠭᠠᠰᠢᠭᠤᠨ ᠨᠠᠭᠤᠷ ᠲᠤ ᠭᠠᠯᠠᠭᠤ ᠰᠢᠪᠠᠭᠤ ᠰᠠᠭᠤᠳᠠᠭ | ᠦᠭᠡᠢ᠂ ᠵᠢᠭᠠᠰᠤ ᠵᠢᠷᠠᠭᠠᠬᠠᠢ ᠠᠮᠢᠳᠤᠷᠠᠳᠠᠭ ᠦᠭᠡᠢ᠂ ᠠᠮᠢᠲᠠᠨ ᠠᠷᠢᠶᠠᠲᠠᠨ ᠤᠮᠳᠠᠯᠠᠳᠠᠭ ᠦᠭᠡᠢ᠂ ᠭᠢᠰᠬᠢᠪᠡᠯ | ᠲᠤᠭᠤᠷᠠᠢ ᠨᠢ ᠲᠠᠰᠤᠷᠠᠵᠤ ᠤᠨᠠᠭᠠᠳ᠂ ᠤᠤᠭᠤᠪᠠᠯ ᠳᠣᠣᠷ᠎ᠠ ᠪᠠᠨ ᠬᠤᠣᠷᠳᠠᠵᠤ ᠦᠬᠦᠳᠡᠭ ᠭᠡᠵᠦ ᠬᠡᠯᠡᠯᠴᠡᠳᠡᠭ᠃ | ᠮᠢᠩᠭ᠎ᠠ ᠶᠢᠰᠦᠨ ᠵᠠᠭᠤ ᠲᠠᠪᠢᠨ ᠳᠣᠯᠣᠳᠤᠭᠠᠷ ᠣᠨ ᠳᠤ ᠲᠥᠪ ᠤᠨ ᠭᠠᠵᠠᠷ ᠰᠢᠨᠵᠢᠯᠡᠭᠡᠨ ᠤ ᠬᠢᠨ ᠲᠡᠭᠦᠨ ᠤ | ᠤᠰᠤ ᠶᠢ ᠪᠡᠭᠡᠵᠢᠩ ᠳᠤ ᠠᠪᠠᠴᠢᠨ ᠰᠢᠯᠭᠠᠭᠰᠠᠨ ᠳ᠋ᠦᠩ ᠳᠤ ᠠᠷᠪᠠᠨ ᠭᠤᠷᠪᠠᠨ ᠵᠦᠢᠯ ᠤᠨ ᠠᠭᠤᠷᠬᠠᠢ ᠶᠢᠨ ᠪᠣᠳᠠᠰ | ᠬᠤᠯᠢᠯᠳᠤᠵᠤ ᠪᠠᠶᠢᠭ᠎ᠠ ᠪᠣᠯᠬᠤᠷ ᠬᠤᠣᠷ ᠲᠠᠢ ᠪᠠᠶᠢᠨ᠎ᠠ ᠭᠡᠵᠦ ᠲᠣᠳᠣᠯᠠᠭᠰᠠᠨ ᠪᠢᠯᠡ᠃ ᠬᠡᠳᠦᠢ ᠬᠤᠣᠷᠲᠠᠢ ᠭᠡᠪᠡᠴᠦ | ᠠᠮᠰᠠᠭᠰᠠᠭᠠᠷ ᠦᠬᠦᠴᠢᠬᠡᠳᠡᠭ ᠶᠠᠪᠤᠳᠠᠯ ᠴᠤ ᠦᠭᠡᠢ ᠪᠠᠶᠢᠯᠭᠦᠢ ᠳ᠋ᠠ᠃ | ᠡᠵᠡᠨ᠎ᠡ ᠳᠤ ᠭᠠᠰᠢᠭᠤᠨ ᠨᠠᠭᠤᠷ ᠤᠨ ᠲᠤᠬᠠᠢ ᠪᠠᠰᠠ ᠨᠢᠭᠡᠨ ᠳᠣᠮᠤᠭ ᠪᠠᠶᠢᠳᠠᠭ ᠶᠤᠮ᠃ ᠡᠷᠲᠡ ᠤᠷᠢᠳᠤ ᠶᠢᠨ | ᠴᠠᠭ ᠲᠤ ᠡᠨᠡ ᠣᠷᠣᠨ ᠳᠤ ᠱᠤᠯᠤᠮ ᠬᠥᠮᠦᠨ ᠠᠮᠢᠲᠠᠨ ᠳᠤ ᠶᠡᠭᠡ ᠯᠡ ᠬᠥᠨᠥᠭᠡᠯ ᠪᠣᠯᠵᠤ ᠪᠠᠶᠢᠵᠠᠢ᠃ ᠪᠤᠷᠬᠠᠨ | ᠪᠠᠭᠰᠢ ᠮᠡᠳᠡᠵᠦ᠂ ᠱᠤᠯᠤᠮ ᠲᠠᠢ ᠪᠠᠶᠢᠯᠳᠤᠭᠰᠠᠨᠠ ᠱᠤᠯᠤᠮ ᠳᠡᠶᠢᠯᠦᠭᠳᠡᠵᠦ ᠳᠤᠲᠠᠭᠠᠵᠠᠢ᠃ ᠲᠡᠭᠡᠭᠡᠳ ᠵᠠᠮ ᠳᠠᠭᠠᠨ | ᠭᠠᠰᠢᠭᠤᠨ ᠨᠠᠭᠤᠷ ᠲᠤ ᠰᠢᠭᠡᠴᠢᠬᠡᠭᠡᠳ ᠳᠠᠬᠢᠨ ᠵᠡᠭᠦᠨ ᠨᠠᠭᠤᠷ ᠤᠷᠤᠭᠤ ᠳᠤᠲᠠᠭᠠᠭᠰᠠᠨ ᠭᠡᠨ᠎ᠡ᠃ ᠪᠤᠷᠬᠠᠨ ᠪᠠᠭᠰᠢ | ᠲᠡᠭᠷᠢ ᠶᠢᠨ ᠦᠬᠡᠷ ᠬᠠᠷ᠎ᠠ ᠴᠢᠯᠠᠭᠤ᠂ ᠦᠬᠡᠷ ᠴᠠᠭᠠᠨ ᠴᠢᠯᠠᠭᠤ ᠪᠠᠷ ᠴᠣᠬᠢᠨ ᠤᠨᠠᠭᠠᠭᠠᠳ ᠲᠡᠨᠳᠡ ᠨᠢ ᠳᠠᠷᠤᠵᠤ | ᠬᠠᠶᠠᠭᠰᠠᠨ ᠭᠡᠨ᠎ᠡ᠃ ᠢᠩᠭᠢᠭᠰᠡᠨ ᠠᠴᠠ ᠬᠤᠶᠢᠰᠢ ᠱᠤᠯᠤᠮ ᠤᠨ ᠰᠢᠭᠡᠭᠰᠡᠨ ᠪᠠᠷᠠᠭᠤᠨ ᠨᠠᠭᠤᠷ ᠨᠢ ᠭᠠᠰᠢᠭᠤᠨ | ᠪᠣᠯᠵᠤ᠂ ᠵᠡᠭᠦᠨ ᠨᠠᠭᠤᠷ ᠤᠨ ᠤᠰᠤ ᠨᠢ ᠴᠡᠩᠭᠡᠭ ᠶᠣᠰᠣᠭᠠᠷ ᠢᠶᠠᠨ ᠪᠠᠶᠢᠨ᠎ᠠ ᠭᠡᠵᠦ ᠣᠳᠣ ᠬᠦᠷᠲᠡᠯ᠎ᠡ ᠬᠡᠯᠡᠯᠴᠡᠳᠡᠭ | ᠪᠢᠯᠡ᠃ ᠣᠳᠣ ᠰᠤᠪᠨᠠᠭᠤᠷ ᠤᠨ ᠪᠠᠷᠠᠭᠤᠨ ᠬᠤᠶᠢᠲᠤ ᠬᠥᠪᠡᠭᠡᠨ ᠳᠤ ᠦᠬᠡᠷ ᠤᠨ ᠴᠢᠨᠡᠭᠡ ᠬᠠᠷ᠎ᠠ ᠴᠢᠯᠠᠭᠤ ᠪᠤᠢ᠃ | ᠭᠠᠰᠢᠭᠤᠨ ᠨᠠᠭᠤᠷ ᠲᠠᠪᠤᠨ ᠵᠠᠭᠤᠨ ᠬᠠᠪᠲᠠᠭᠠᠢ ᠳᠥᠷᠪᠡᠯᠵᠢᠨ ᠺᠢᠯᠣᠮᠧᠲᠷ ︵ᠬᠠᠮᠤᠭ ᠪᠠᠭ᠎ᠠ ᠬᠡᠪᠴᠢᠶ᠎ᠡ︶ ᠪᠤᠢ᠃ | ᠲᠡᠭᠰᠢᠳᠬᠡᠭᠡᠳ1.5 ᠮᠧᠲᠷ ᠭᠦᠨ᠂ ᠮᠥᠷᠡᠨ ᠭᠤᠣᠯ ᠤᠨ ᠤᠰᠤ ᠲᠤᠰ ᠨᠠᠭᠤᠷ ᠲᠤ ᠴᠢᠳᠬᠤᠯᠠᠳᠠᠭ ᠪᠠᠶᠢᠨ᠎ᠠ᠃ | ᠲᠦᠷᠦᠭᠦᠴᠢ ᠶᠢᠨ ᠬᠡᠳᠦᠨ ᠵᠢᠯ ᠳᠤ ᠨᠠᠭᠤᠷ ᠤᠨ ᠤᠰᠤ ᠬᠠᠲᠠᠪᠠ᠃ ᠡᠨᠡ ᠬᠡᠳᠦᠨ ᠵᠢᠯ ᠳᠤ ᠳᠠᠬᠢᠨ ᠤᠰᠤ | ᠣᠷᠣᠭᠤᠯᠵᠤ᠂ ᠣᠳᠣ ᠨᠡᠯᠢᠶᠡᠳ ᠶᠡᠭᠡ ᠤᠰᠤ ᠲᠠᠢ ᠪᠠᠶᠢᠨ᠎ᠠ᠃ ᠭᠠᠰᠢᠭᠤᠨ ᠨᠠᠭᠤᠷ ᠤᠨ ᠤᠰᠤ ᠬᠡᠳᠦᠶᠢᠪᠡᠷ | ᠠᠮᠲᠠᠯᠠᠵᠤ ᠪᠣᠯᠤᠰᠢ ᠦᠭᠡᠢ ᠬᠤᠣᠷ ᠲᠠᠢ ᠪᠣᠯᠪᠠᠴᠤ ᠲᠡᠭᠦᠨ ᠤ ᠤᠰᠤ ᠳᠦᠭᠦᠷᠡᠩ ᠪᠠᠶᠢᠭᠰᠠᠨ ᠴᠠᠭ ᠲᠤ ᠡᠵᠡᠨ᠎ᠡ ᠶᠢᠨ | ᠠᠭᠤᠷ ᠠᠮᠢᠰᠬᠤᠯ ᠰᠣᠷᠭᠤᠭ ᠴᠢᠭᠢᠭᠲᠡᠢ ᠪᠣᠯᠵᠤ ᠡᠪᠡᠰᠦᠲᠦ ᠪᠡᠯᠴᠢᠭᠡᠷ ᠰᠠᠶᠢᠵᠢᠷᠠᠨ᠂ ᠮᠠᠯ ᠠᠵᠤ ᠠᠬᠤᠢ ᠳᠤ ᠶᠡᠬᠡᠯ᠎ᠡ | ᠠᠰᠢᠭᠲᠠᠢ ᠪᠣᠯᠳᠠᠭ᠃ ᠨᠡᠩ ᠢᠯᠠᠩᠭᠤᠶ᠎ᠠ ᠡᠵᠡᠨ᠎ᠡ ᠶᠢᠨ ᠭᠤᠷᠪᠠᠨ ᠲᠣᠮᠣ ᠨᠠᠭᠤᠷ ᠲᠤ ᠳᠦᠭᠦᠷᠡᠩ ᠤᠰᠤ ᠲᠠᠢ ᠯᠡ | ᠪᠠᠶᠢᠭᠰᠠᠨ ᠦᠶ᠎ᠡ ᠳᠤ ᠭᠠᠩ ᠬᠠᠭᠰᠠᠷᠠᠭᠠᠨ ᠢ ᠪᠠᠷᠤᠭ ᠮᠡᠳᠡᠳᠡᠭ ᠦᠭᠡᠢ ᠪᠠᠶᠢᠭᠰᠠᠨ ᠲᠡᠦᠬᠡ ᠲᠠᠢ᠃ | ᠰᠤᠪᠨᠠᠭᠤᠷ—— ᠳ᠋ᠦᠩ ᠬᠠᠢ ᠽᠢ | ᠢᠵᠠᠭᠤᠷ ᠤᠨ ᠲᠡᠦᠬᠡ ᠨᠢ ᠭᠠᠰᠢᠭᠤᠨ ᠨᠠᠭᠤᠷ ᠲᠠᠢ ᠠᠳᠠᠯᠢᠬᠠᠨ ᠲᠤᠯᠠ ᠳᠠᠬᠢᠨ ᠨᠤᠷᠱᠤᠬᠤ ᠦᠭᠡᠢ᠃ | ᠡᠳᠦᠭᠡ ᠶᠢᠨ ᠡᠵᠡᠨ᠎ᠡ ᠬᠤᠰᠢᠭᠤᠨ ᠤ ᠰᠤᠪᠨᠠᠭᠤᠷ ᠰᠤᠮᠤᠨ ᠤ ᠬᠡᠪᠴᠢᠶᠡᠨ ᠳᠤ ᠪᠤᠢ᠃ ᠬᠢᠵᠠᠭᠠᠷ ᠤᠨ ᠳᠣᠲᠣᠷᠠᠬᠢ | ᠨᠠᠭᠤᠷ ᠤᠨ ᠢᠶᠠᠨ ᠨᠡᠷ᠎ᠡ ᠶᠢ ᠠᠪᠴᠠᠢ᠃ ᠰᠤᠪ ᠭᠡᠵᠦ ᠬᠠᠯᠢᠭᠤ ᠮᠥᠨ᠃1704 ᠣᠨ ᠳᠤ ᠨᠢᠭᠡᠨ ᠰᠠᠯᠠᠭ᠎ᠠ | ᠲᠣᠷᠭᠤᠳ ᠤᠯᠤᠰ ᠳᠠᠭᠠᠨ ᠪᠤᠴᠠᠵᠤ ᠢᠷᠡᠭᠡᠳ ᠵᠢᠶᠠ ᠢᠦᠢ ᠭᠤᠸᠠᠨ ᠤ ᠭᠠᠳᠠᠨ᠎ᠠ ᠨᠤᠲᠤᠭᠯᠠᠵᠤ ᠪᠠᠶᠢᠬᠤ ᠳᠠᠭᠠᠨ | ᠡᠵᠡᠨ᠎ᠡ ᠭᠤᠣᠯ ᠳᠠᠭᠠᠤ ᠭᠠᠵᠠᠷ ᠢ ᠬᠠᠶᠢᠨ ᠪᠠᠶᠢᠴᠠᠭᠠᠭᠰᠠᠨ ᠲᠡᠦᠬᠡ ᠲᠠᠢ᠃ ᠡᠨᠡ ᠪᠣᠯ ᠠᠷᠠᠪᠵᠤᠤᠷ ᠨᠠᠰᠤ | ᠪᠠᠷᠠᠬᠤ ᠠᠴᠠ ᠡᠮᠦᠨᠡᠬᠢ ︵1716 ᠣᠨ ᠠᠴᠠ ᠤᠷᠢᠳᠤᠬᠢ︶ ᠬᠡᠷᠡᠭ ᠪᠣᠯᠣᠨ᠎ᠠ᠃ ᠠᠷᠠᠪᠵᠤᠤᠷ ᠳᠠᠭᠠᠯᠲᠠ ᠪᠠᠨ | ᠳᠠᠶᠢᠴᠢᠯᠠᠵᠤ᠂ ᠣᠳᠣ ᠶᠢᠨ ᠰᠤᠪᠨᠠᠭᠤᠷ ᠤᠨ ᠬᠥᠪᠡᠭᠡᠨ ᠤ ᠪᠣᠷᠣ ᠣᠪᠣᠭ᠎ᠠ ᠳᠤ ᠪᠠᠭᠤᠵᠠᠢ᠃ ᠪᠠᠭᠤᠵᠠᠭᠠᠭᠠᠳ | ᠨᠠᠭᠤᠷ ᠤᠨ ᠬᠥᠪᠡᠭᠡ ᠪᠠᠷ ᠲᠣᠭᠤᠷᠢᠨ ᠵᠤᠭᠠᠴᠠᠬᠤ ᠦᠶ᠎ᠡ ᠳᠤ ᠰᠤᠪ ︵ᠬᠠᠯᠢᠭᠤ︶ ᠭᠡᠭᠴᠢ ᠤᠰᠤ ᠬᠠᠭᠤᠷᠠᠢ ᠶᠢᠨ | ᠠᠮᠢᠲᠠᠨ ᠬᠠᠷᠠᠭᠳᠠᠪᠠ᠃ ᠡᠭᠦᠨ ᠠᠴᠠ ᠡᠨᠡ ᠨᠠᠭᠤᠷ ᠴᠢᠨᠢ ᠰᠤᠪ ᠲᠠᠢ ᠶᠤᠮ ᠪᠠᠶᠢᠨ᠎ᠠ᠂ ᠰᠤᠪᠨᠠᠭᠤᠷ ᠭᠡᠪᠡᠯ ᠵᠣᠬᠢᠨ᠎ᠠ | ᠭᠡᠰᠡᠨ ᠢᠶᠠᠷ ᠬᠤᠶᠢᠴᠢ ᠦᠶ᠎ᠡ ᠶᠢᠨ ᠬᠢᠨ ᠡᠶᠢᠨ ᠬᠦ ᠨᠡᠷ᠎ᠡ ᠲᠣᠭᠲᠠᠭᠠᠭᠰᠠᠨ ᠭᠡᠨ᠎ᠡ᠃ ᠭᠠᠰᠢᠭᠤᠨ ᠨᠠᠭᠤᠷ ᠢ ᠴᠤ ᠮᠥᠨ | ᠠᠷᠠᠪᠵᠤᠤᠷ ᠤᠨ ᠦᠶ᠎ᠡ ᠠᠴᠠ ᠨᠡᠷᠡᠯᠡᠭᠰᠡᠨ ᠪᠣᠯᠤᠯᠲᠠᠢ ᠭᠡᠵᠦ ᠨᠠᠰᠤᠲᠠᠶᠢᠴᠤᠳ ᠬᠠᠭᠤᠴᠢᠯᠠᠵᠤ ᠪᠤᠢ᠃ | ᠥᠩᠭᠡᠷᠡᠭᠰᠡᠨ ᠳᠤ ᠰᠤᠪᠨᠠᠭᠤᠷ ᠢ ᠣᠯᠠᠩᠬᠢ ᠬᠥᠮᠦᠨ ᠰᠤᠭᠤᠨᠠᠭᠤᠷ ᠭᠡᠵᠦ ᠪᠠᠶᠢᠪᠠ᠃ ᠪᠤᠭᠤ ᠰᠤᠭᠤ ᠪᠠᠶᠢᠭᠰᠠᠨ ᠠᠴᠠ | ᠲᠡᠭᠡᠵᠦ ᠨᠡᠷᠡᠰᠢᠭᠰᠡᠨ ᠭᠡᠵᠡᠭᠡᠳᠡᠭ᠃ ᠪᠢᠳᠡ ᠳᠠᠬᠢᠨ ᠳᠠᠪᠲᠠᠨ ᠨᠠᠷᠢᠨ ᠪᠠᠶᠢᠴᠠᠭᠠᠭᠰᠠᠨ ᠠᠴᠠ ᠡᠨᠡ ᠮᠠᠭᠠᠳᠯᠠᠯ ᠢ | ᠦᠭᠡᠶᠢᠰᠬᠡᠪᠡ᠃ ᠲᠡᠦᠬᠡᠨ ᠲᠡᠭᠡᠷ᠎ᠡ ᠡᠨᠡ ᠨᠠᠭᠤᠷ ᠤᠨ ᠬᠥᠪᠡᠭᠡᠨ ᠳᠤ ᠪᠤᠭᠤ ᠰᠤᠭᠤ ᠪᠠᠶᠢᠭᠰᠠᠨ ᠤᠴᠢᠷ ᠦᠭᠡᠢ᠃ | ᠡᠵᠡᠨ᠎ᠡ ᠳᠤ ᠴᠤ ᠪᠤᠭᠤ ᠰᠤᠭᠤ ᠪᠠᠶᠢᠭᠰᠠᠨ ᠦᠭᠡᠢ᠂ ᠡᠶᠢᠮᠦ ᠠᠴᠠ ᠪᠢᠳᠡ ᠲᠡᠦᠬᠡ ᠶᠢ ᠬᠦᠨᠳᠦᠳᠬᠡᠬᠦ᠂ ᠦᠨᠡᠨ ᠠᠴᠠ | ᠵᠥᠪ ᠢ ᠡᠷᠢᠬᠦ ᠣᠪᠣᠷ ᠢᠶᠠᠷ ᠰᠤᠪᠨᠠᠭᠤᠷ ᠭᠡᠵᠦ ᠵᠠᠰᠠᠨ ᠨᠡᠷᠡᠶᠢᠳᠪᠡ᠃ | ᠰᠤᠪᠨᠠᠭᠤᠷ ᠪᠣᠯ ᠴᠡᠩᠭᠡᠭ ᠤᠰᠤ ᠲᠠᠢ ᠨᠠᠭᠤᠷ ᠪᠣᠯᠣᠨ᠎ᠠ᠃ ᠵᠢᠷᠠᠨ ᠬᠠᠪᠲᠠᠭᠠᠢ ᠳᠥᠷᠪᠡᠯᠵᠢᠨ ᠺᠢᠯᠣᠮᠧᠲᠷ᠂ | ᠲᠡᠭᠰᠢᠳᠬᠡᠭᠡᠳ ᠬᠤᠶᠠᠷ ᠮᠧᠲᠷ ᠭᠦᠨ ᠪᠠᠶᠢᠬᠤ ᠪᠠ ᠡᠮᠦᠨ᠎ᠡ ᠭᠤᠣᠯ ᠡᠨᠡ ᠨᠠᠭᠤᠷ ᠲᠤ ᠴᠢᠳᠬᠤᠯᠠᠳᠠᠭ ᠶᠤᠮ᠃ | ᠨᠠᠭᠤᠷ ᠲᠤ ᠨᠢ ᠲᠣᠮᠣ ᠲᠣᠯᠣᠭᠠᠶᠢᠲᠤ ᠵᠢᠭᠠᠰᠤ ᠪᠠ ᠪᠤᠰᠤᠳ ᠬᠠᠪᠲᠠᠭᠠᠢ ᠵᠢᠭᠠᠰᠤ ᠮᠡᠲᠦ ᠶᠢᠨ ᠬᠠᠶᠢᠷᠰᠤᠲᠤ ᠠᠮᠢᠲᠠᠨ | ᠦᠯᠡᠮᠵᠢᠬᠡᠨ ᠪᠠᠶᠢᠳᠠᠭ᠃ ᠨᠠᠩᠳᠠ ᠲᠣᠮᠣ ᠲᠣᠯᠣᠭᠠᠶᠢᠲᠤ ᠵᠢᠭᠠᠰᠤ ᠬᠡᠮᠡᠭᠴᠢ ᠮᠢᠬ᠎ᠠ ᠨᠢ ᠵᠥᠭᠡᠯᠡᠨ ᠪᠥᠭᠡᠳ ᠨᠠᠷᠢᠯᠢᠭ᠂ | ᠠᠮᠲᠠᠲᠠᠢ ᠪᠥᠭᠡᠳ ᠱᠥᠯᠥᠷᠬᠡᠭ᠂ ᠮᠢᠬ᠎ᠠ ᠶᠡᠭᠡ ᠶᠠᠰᠤ ᠪᠠᠭ᠎ᠠ ᠲᠠᠢ ᠣᠬᠢ ᠰᠠᠶᠢᠨ ᠰᠢᠮ᠎ᠡ ᠲᠡᠵᠢᠭᠡᠯ ᠲᠠᠢ ᠵᠠᠭᠤᠰᠢ | ᠪᠢᠯᠡ᠃ ᠰᠤᠪᠨᠠᠭᠤᠷ ᠨᠢ ᠪᠠᠰᠠᠴᠤ ᠤᠰᠤᠨ ᠤ ᠰᠢᠪᠠᠭᠤᠳ ᠥᠰᠥᠨ ᠦᠷᠡᠵᠢᠳᠡᠭ ᠲᠠᠪᠢᠯᠠᠩᠲᠤ ᠣᠷᠣᠨ ᠮᠥᠨ᠂ | ᠬᠠᠪᠤᠷ ᠤᠨ ᠤᠯᠠᠷᠢᠯ ᠪᠣᠯᠣᠭᠠᠳ ᠬᠤᠷᠠᠭᠰᠠᠨ ᠴᠠᠰᠤ ᠬᠠᠶᠢᠯᠤᠨ᠂ ᠬᠥᠯᠳᠡᠭᠰᠡᠨ ᠭᠤᠣᠯ ᠵᠠᠳᠠᠷᠠᠬᠤ ᠦᠶᠡᠰ ᠲᠤ | ᠬᠠᠯᠢᠭᠤᠨ ᠭᠠᠯᠠᠭᠤ᠂ ᠬᠤᠩᠭᠤᠷ ᠭᠠᠯᠠᠭᠤ᠂ ᠠᠩᠭᠢᠷ ᠭᠠᠯᠠᠭᠤ᠂ ᠰᠢᠷ᠎ᠠ ᠨᠤᠭᠤᠰᠤ᠂ ᠨᠡᠩ ᠢᠯᠠᠩᠭᠤᠶ᠎ᠠ ᠬᠥᠮᠦᠰ ᠤᠨ | ᠳᠤᠷ᠎ᠠ ᠪᠠᠭ᠋ᠠᠷᠠᠯ ᠢ ᠲᠠᠲᠠᠭᠰᠠᠨ ᠬᠤᠨ ᠭᠠᠯᠠᠭᠤ᠂ ᠲᠦᠮᠡᠨ ᠠᠭᠤᠯᠠ ᠮᠢᠩᠭᠠᠨ ᠤᠰᠤᠨ ᠤ ᠲᠡᠷᠳᠡᠭᠡᠬᠢ ᠡᠮᠦᠨᠡᠲᠦ | ᠭᠠᠵᠠᠷ ᠠᠴᠠ ᠠᠶᠢᠯᠴᠢᠯᠠᠨ ᠢᠷᠡᠵᠦ᠂ ᠡᠨᠡ ᠬᠦ ᠲᠣᠬᠢᠲᠠᠢ ᠣᠷᠣᠨ ᠥᠩ ᠲᠠᠢ ᠨᠤᠲᠤᠭ ᠲᠤ ᠥᠨᠳᠡᠭᠡ ᠵᠤᠯᠵᠠᠭ᠎ᠠ ᠪᠠᠨ | ᠭᠠᠷᠭᠠᠵᠤ᠂ ᠦᠷ᠎ᠡ ᠲᠥᠯ ᠢᠶᠠᠨ ᠪᠣᠶᠢᠵᠢᠭᠤᠯᠤᠭᠠᠳ᠂ ᠥᠷᠯᠥᠭᠡ ᠠᠴᠠ ᠠᠪᠤᠭᠠᠳ ᠦᠳᠡᠰᠢ ᠬᠦᠷᠲᠡᠯ᠎ᠡ ᠳᠠᠭᠤᠨ | ᠲᠠᠰᠤᠷᠠᠰᠢ ᠦᠭᠡᠢ ᠭᠠᠩᠭᠠᠷ ᠭᠤᠩᠭᠤᠷ ᠳᠠᠭᠤᠯᠠᠯᠳᠤᠨ᠂ ᠡᠵᠡᠨ᠎ᠡ ᠶᠢᠨ ᠠᠭᠤᠳᠠᠮ ᠥᠷᠭᠡᠨ ᠭᠤᠪᠢ ᠨᠤᠲᠤᠭ ᠢ | ᠴᠠᠭᠯᠠᠰᠢ ᠦᠭᠡᠢ ᠬᠦᠷ ᠬᠥᠭᠵᠢᠶᠡᠨ ᠪᠠ ᠠᠮᠢᠳᠤ ᠬᠦᠴᠦᠨ ᠲᠠᠢ ᠪᠣᠯᠭᠠᠳᠠᠭ ᠶᠤᠮ᠃ | —— ︽ᠡᠵᠡᠨ᠎ᠡ ᠬᠤᠰᠢᠭᠤᠨ ᠤ ᠰᠣᠶᠣᠯ ᠲᠡᠦᠬᠡ ᠶᠢᠨ ᠮᠠᠲ᠋ᠧᠷᠢᠶᠠᠯ︾ ︵1— 2︶ | |