ᠮᠠᠨ ᠤ ᠣᠯᠤᠰ ᠳᠥᠷᠪᠡᠨ ᠬᠡᠮᠵᠢᠯᠳᠦ ᠥᠨᠳᠥᠷ ᠥᠵᠡᠮᠵᠢ ᠶᠢᠨ ᠬᠤᠶᠠᠳᠤᠭᠠᠷ ᠨᠣᠮᠧᠷᠲᠤ 03᠂ 04 ᠳᠠᠭᠠᠭᠤᠯᠢ ᠣᠲᠣ ᠶᠢ ᠠᠮᠵᠢᠯᠲᠠ ᠲᠠᠢ ᠬᠠᠷᠪᠤᠪᠠ
ᠨᠡᠶᠢᠲᠡᠯᠡᠭᠰᠡᠨ ᠴᠠᠭ᠄
2024/12/2
    11 ᠰᠠᠷ᠎ᠠ ᠶᠢᠨ 25᠎ ᠤ ᠡᠳᠦᠷ ᠤᠨ 7 ᠴᠠᠭ 39 ᠮᠢᠨᠦ᠋ᠲ ᠲᠤ᠂ ᠮᠠᠨ ᠤ ᠤᠯᠤᠰ ᠳ᠋ᠦᠩᠹᠧᠩ ᠰᠠᠨᠰᠠᠷ ᠤᠨ ᠬᠤᠲᠠ ᠳᠤ ᠴᠠᠩ ᠵᠧᠩ ᠬᠤᠶᠠᠳᠤᠭᠠᠷ ᠨᠣᠮᠧᠷᠲᠤ ᠪᠢᠩ — ᠳᠡᠭᠡᠭᠡᠪᠤᠷᠢ ᠶᠢᠨ ᠲᠡᠶᠢᠷᠦᠯᠲᠦ ᠰᠤᠮᠤ ᠎ ᠪᠠᠷ ᠳᠥᠷᠪᠡᠨ ᠬᠡᠮᠵᠢᠯᠳᠦ ᠥᠨᠳᠥᠷ ᠥᠵᠡᠮᠵᠢ ᠶᠢᠨ ᠬᠤᠶᠠᠳᠤᠭᠠᠷ ᠨᠣᠮᠧᠷᠲᠤ 03᠂ 04 ᠳᠠᠭᠠᠭᠤᠯᠢ ᠣᠲᠣ ᠶᠢ ᠠᠮᠵᠢᠯᠲᠠ ᠲᠠᠢ ᠪᠠᠷ ᠬᠠᠷᠪᠤᠵᠤ᠂ ᠳᠠᠭᠠᠭᠤᠯᠢ ᠣᠲᠣ ᠶᠢ ᠵᠢᠱᠢᠭᠰᠡᠨ ᠲᠣᠭᠤᠷᠢᠯᠲᠠ ᠶᠢᠨ ᠵᠠᠮ ᠳᠤ ᠠᠮᠵᠢᠯᠲᠠ ᠲᠠᠢ ᠣᠷᠣᠭᠤᠯᠤᠨ᠂ ᠬᠠᠷᠪᠤᠯᠲᠠ ᠶᠢᠨ ᠡᠭᠦᠷᠭᠡ  ᠪᠠᠨ ᠲᠡᠭᠦᠰ ᠠᠮᠵᠢᠯᠲᠠ ᠲᠠᠢ ᠪᠡᠶᠡᠯᠡᠬᠦᠯᠪᠠ᠃ ᠲᠣᠰ ᠤᠳᠠᠭᠠᠨ ᠤ ᠡᠭᠦᠷᠭᠡ ᠪᠣᠯ ᠴᠠᠩ ᠵᠧᠩ ᠰᠢᠷᠢᠰ ᠳᠡᠭᠡᠭᠡᠪᠤᠷᠢ ᠶᠢᠨ ᠲᠡᠶᠢᠷᠦᠯᠲᠦ ᠰᠤᠮᠤᠨ ᠤ 547 ᠳ᠋ᠤᠭᠠᠷ ᠤᠳᠠᠭᠠᠨ ᠤ ᠨᠢᠰᠦᠯᠲᠡ ᠪᠠᠶᠢᠵᠦ᠂ ᠡᠨᠠᠬᠦ ᠳᠥᠷᠪᠡᠨ ᠬᠡᠮᠵᠢᠯᠳᠦ ᠥᠨᠳᠥᠷ ᠦᠵᠡᠮᠵᠢ ᠶᠢᠨ ᠬᠤᠶᠠᠳᠤᠭᠠᠷ ᠨᠣᠮᠧᠷᠲᠤ 03 . 04 ᠣᠲᠣ ᠪᠣᠯ ᠳᠠᠷᠤᠢ ᠥᠨᠳᠥᠷ ᠢᠯᠭᠠᠮᠵᠢᠲᠤ ᠷᠠᠳᠠᠷ ᠤᠨ ᠬᠤᠶᠠᠷ ᠳᠠᠭᠠᠭᠤᠯᠢ ᠣᠲᠣ ᠪᠣᠯᠤᠨ᠎ᠠ᠂ ᠲᠡᠷᠡ ᠨᠢ ᠪᠦᠬᠦᠯᠢ ᠡᠳᠦᠷ ᠢᠶᠠᠷ ᠥᠨᠳᠥᠷ ᠢᠯᠭᠠᠮᠵᠢᠲᠤ ᠷᠠᠳᠠᠷ ᠤᠨ ᠵᠢᠷᠤᠭ ᠳᠦᠷᠰᠦ ᠶᠢ ᠬᠠᠩᠭᠠᠵᠤ᠂ ᠭᠤᠤᠯᠳᠠᠭᠤ ᠪᠠᠶᠢᠭᠠᠯᠢ ᠶᠢᠨ ᠡᠬᠢ ᠪᠠᠶᠠᠯᠢᠭ᠂ ᠬᠤᠲᠠ ᠶᠢᠨ ᠠᠮᠤᠷ ᠲᠦᠪᠰᠢᠨ᠂ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠪᠠ ᠲᠡᠯᠡᠶ ᠲᠠᠩᠭᠢᠰ ᠤᠨ ᠬᠡᠷᠡᠭ ᠪᠠᠶᠢᠳᠠᠯ ᠵᠡᠷᠭᠡ ᠣᠯᠠᠨ ᠬᠦᠷᠢᠶᠡᠨ ᠳᠤ ᠤᠶᠢᠯᠡᠴᠢᠯᠡᠵᠦ ᠪᠤᠢ᠃
 
ᠢᠷᠡᠯᠲᠡ᠄ ᠡᠵᠡᠨ᠎ᠡ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号