︽ᠠᠯᠳᠠᠨ ᠲᠤᠤᠷᠠᠢ︾ ᠵᠦᠴᠤᠭᠡ ᠶᠢ ᠲᠠᠯ᠎ᠠ ᠨᠤᠳᠤᠭ ᠤᠨ ᠰᠤᠶᠤᠯ ᠤᠨ ᠨᠠᠶᠢᠷ ᠲᠠᠭᠡᠷ᠎ᠠ ᠲᠤᠭᠯᠠᠯ᠎ᠠ
ᠨᠡᠶᠢᠲᠡᠯᠡᠭᠰᠡᠨ ᠴᠠᠭ᠄
2018-08-14
        8 ᠰᠠᠷ᠎ᠡ ᠶᠢᠨ 11 — 12᠎ ᠤᠨ ᠤᠷᠤᠢ᠂ ᠠᠷᠪᠠᠨ ᠲᠠᠪᠤᠳᠤᠭᠠᠷ ᠬᠤᠭᠤᠴᠠᠭᠠᠨ ᠤ ᠲᠤᠮᠳᠠᠳᠦ ᠤᠯᠤᠰ · ᠦᠪᠦᠷ ᠮᠤᠩᠭᠤᠯ ᠤᠨ ᠲᠠᠯ᠎ᠠ ᠨᠤᠳᠤᠭ ᠤᠨ ᠰᠤᠶᠤᠯ ᠤᠨ ᠨᠠᠶᠢᠷ ᠤᠨ ᠰᠢᠯᠢᠳᠡᠭ ᠵᠦᠴᠦᠬᠡ ᠶᠢᠨ ᠦᠵᠡᠬᠦᠯᠤᠯᠬᠡ ᠶᠢᠨ ᠲᠤᠭᠯᠠᠯᠳᠠ ᠤᠯᠠᠭᠠᠨ ᠲᠢᠶᠠᠳ᠋ᠷ ᠲᠤ ᠶᠠᠪᠤᠬᠳᠠᠵᠤ᠂ ᠳᠠᠭᠤᠣ ᠬᠦᠭᠵᠢᠮᠳᠦ ᠵᠦᠴᠦᠬᠡ ︽ᠠᠯᠳᠠᠨ ᠲᠤᠤᠷᠠᠢ︾ ᠬᠦᠷᠦᠯᠴᠡᠨ ᠢᠷᠡᠭᠰᠡᠨ ᠦᠵᠡᠭᠴᠢᠳ ᠤᠨ ᠬᠠᠯᠠᠭᠤᠨ ᠮᠡᠯᠮᠡᠢ ᠳᠤ ᠬᠦᠷᠦᠯ᠎ᠠ᠃        2016 ᠤᠨ ᠤ ᠲᠠᠯ᠎ᠠ ᠨᠤᠳᠤᠭ ᠤᠨ ᠰᠤᠶᠤᠯ ᠤᠨ ᠨᠠᠶᠢᠷ ᠢᠶᠠᠷ ᠦᠵᠡᠭᠴᠢᠳ ︽ᠬᠠᠶᠢᠷ᠎ᠠ ᠰᠢᠩᠬᠡᠭᠰᠡᠨ ᠲᠤᠤᠷᠠᠢ︾ ᠬᠡᠬᠦ ᠦᠨᠳᠦᠰᠦᠳᠡᠨ ᠤ ᠲᠠᠭᠤᠤ ᠪᠦᠵᠢᠭᠳᠦ ᠵᠦᠴᠦᠬᠡ ᠶᠢ ᠰᠤᠨᠢᠷᠬᠠᠵᠦ ᠪᠠᠶᠢᠭᠰᠠᠨ ᠪᠤᠯ ᠦᠨᠦ ᠵᠢᠯ ᠤᠨ ᠨᠠᠶᠢᠷ ᠲᠤ ᠪᠠᠰᠨ ᠨᠢᠬᠡᠨ ᠲᠤᠤᠷᠠᠢ ᠶᠢᠨ ᠮᠤᠳᠤ ᠪᠠᠷ ᠰᠡᠳᠤᠪᠯᠡᠭᠰᠡᠨ ᠳᠠᠭᠤᠣ ᠬᠦᠭᠵᠢᠮᠳᠦ ᠵᠦᠴᠦᠬᠡ ᠰᠢᠨ᠎ᠠ ᠪᠠᠷ ᠵᠤᠬᠢᠶᠠᠨ ᠪᠦᠳᠦᠭᠡᠭᠳᠡᠭᠰᠡᠨ ᠨᠢ ᠰᠠᠨᠠᠭᠠᠨ ᠠᠴᠠ ᠭᠠᠳᠠᠭᠤᠷ ᠬᠡᠮᠡᠷ ᠪᠠᠶᠢᠯ᠎ᠠ᠃ ᠦᠵᠡᠰᠬᠦᠯᠡᠩᠳᠦ ᠰᠠᠶᠢᠬᠠᠨ ᠲᠤᠤᠷᠠᠢ ᠶᠢᠨ ᠤᠢ ᠶᠢᠨ ᠲᠤᠮᠳᠠ ᠠᠴᠠ ᠡᠵᠡᠨ᠎ᠡ ᠶᠢᠨ ᠰᠦᠷ ᠵᠢᠪᠬᠤᠭᠠᠳᠤ ᠮᠤᠩᠭᠤᠯ ᠪᠦᠵᠢᠭ ᠤᠯᠠᠨ ᠤ ᠬᠠᠷᠠᠭᠠᠨ᠎ᠠ ᠦᠶᠡᠷᠯᠡᠨ ᠪᠠᠭᠤᠬᠤ ᠳᠤ ᠦᠵᠡᠭᠴᠢᠳ ᠨᠢᠵᠢᠭᠢᠨᠡᠭᠰᠠᠨ ᠠᠯᠠᠭ᠎ᠠ ᠳᠠᠰᠢᠯᠳᠡ ᠪᠠᠨ ᠬᠠᠷᠠᠮ ᠦᠭᠡᠢ ᠦᠭᠴᠦ ᠪᠠᠶᠢᠯ᠎ᠠ᠃        ᠲᠤᠮᠤ ᠬᠡᠯᠪᠡᠷᠢ ᠶᠢᠨ ᠳᠠᠭᠤᠣ ᠬᠦᠭᠵᠢᠮᠳᠦ ᠵᠦᠴᠦᠬᠡ ︽ᠠᠯᠳᠠᠨ ᠲᠤᠤᠷᠠᠢ︾ ᠪᠤᠯ ᠡᠵᠡᠨ᠎ᠠ ᠶᠢᠨ ᠲᠤᠤᠷᠠᠢ ᠶᠢᠨ ᠤᠢ ᠪᠠᠷ ᠠᠷᠦ ᠦᠵᠡᠭᠳᠡᠯ ᠢᠶᠠᠨ ᠪᠤᠯᠭᠠᠵᠤ᠂ ᠬᠠᠨ ᠤᠯᠤᠰ᠂ ᠴᠢᠩ ᠤᠯᠤᠰ ᠠᠴᠠ ᠤᠳᠤ ᠦᠶ᠎ᠠ ᠪᠤᠯᠳᠠᠯᠠᠬᠢ ᠠᠳᠠᠯᠢ ᠪᠤᠰᠤ ᠲᠡᠦᠭᠡᠨ ᠴᠠᠭ ᠦᠶ᠎ᠡ ᠳᠠᠬᠢ ᠡᠵᠡᠨ᠎ᠡ ᠨᠤᠳᠤᠭ ᠤᠨ ᠬᠦᠭᠵᠢᠯᠳᠡ ᠬᠤᠪᠢᠷᠠᠯᠳᠠ ᠪᠠ ᠡ᠊ᠡᠳᠡ ᠡᠬᠦᠰᠦᠭᠰᠡᠨ ᠦᠯᠢᠭᠡᠷ ᠢ ᠲᠤᠭᠯᠠᠪᠠ᠃ ᠵᠦᠴᠦᠭᠡ ᠨᠢ ᠭᠤᠷᠪᠠᠨ ᠦᠵᠡᠭᠳᠡᠯ ᠬᠤᠪᠢᠶᠠᠵᠤ᠂ ᠵᠠᠩ ᠴᠢᠶᠠᠨ ᠤ ᠪᠠᠷᠠᠭᠤᠨᠰᠢ ᠮᠤᠷᠳᠠᠭᠰᠠᠨ᠂ ᠲᠤᠷᠭᠤᠳ ᠠᠶᠢᠮᠠᠭ ᠤᠨ ᠲᠤᠷᠤᠨᠠᠰᠢ ᠪᠤᠴᠠᠭᠰᠠᠨ ᠪᠤᠯᠤᠨ ᠡᠵᠡᠨ᠎ᠠ ᠬᠤᠰᠢᠭᠤᠨ ᠤ ᠡᠯ᠎ᠠ ᠦᠨᠳᠦᠰᠦᠳᠡᠨ ᠤ ᠠᠷᠠᠳ ᠲᠦᠮᠡᠨ ᠤ ᠤᠯᠤᠰ ᠤᠨ ᠪᠠᠳᠤᠯᠠᠨ ᠬᠠᠮᠠᠭᠠᠯᠠᠯᠳᠠ᠂ ᠰᠠᠨᠰᠠᠷ ᠤᠨ ᠦᠢᠯᠡᠰ ᠤᠨ ᠲᠦᠯᠦᠬᠡ ᠨᠤᠳᠤᠭ ᠠᠴᠠ ᠪᠠᠨ ᠨᠡᠬᠦᠭᠰᠡᠨ ᠰᠡᠳᠬᠢᠯ ᠬᠦᠳᠡᠯᠭᠡᠮ᠎ᠡ ᠦᠯᠢᠬᠡᠷ ᠢ ᠲᠤᠭᠯᠠᠭᠰᠠᠨ ᠪᠠᠶᠢᠨ᠎ᠠ᠃ ᠳᠠᠭᠤᠣ ᠬᠦᠭᠵᠢᠮᠳᠦ        ᠵᠦᠴᠦᠬᠡ ᠨᠢ ᠢᠯᠡ ᠲᠤᠳᠤ ᠭᠤᠤᠯ ᠰᠡᠳᠤᠪ ᠲᠠᠢ᠂ ᠬᠦᠨ ᠵᠤᠵᠠᠭᠠᠨ ᠤᠳᠬ᠎ᠠ ᠠᠭᠤᠯᠬ᠋᠎ᠠ ᠲᠠᠢ᠂ ᠢᠷᠠᠭᠤ ᠰᠠᠶᠢᠬᠠᠨ ᠬᠦᠭᠵᠢᠮ ᠤᠨ ᠠᠶᠠᠰ ᠲᠠᠢ᠂ ᠮᠤᠩᠭᠤᠯ ᠦᠨᠳᠦᠰᠦᠳᠡᠨ ᠤ ᠤᠷᠳᠤ ᠶᠢᠨ ᠳᠠᠭᠤᠤ᠂ ᠠᠷᠠᠳ ᠤᠨ ᠳᠠᠭᠤᠤ᠂ ᠬᠦᠬᠡᠮᠡᠢ᠂ ᠰᠠᠪᠡᠷᠳᠡᠩ ᠪᠡᠶᠡᠯᠡᠭᠡ᠂ ᠮᠤᠷᠢᠨ ᠬᠤᠭᠤᠷ᠂ ᠲᠤᠪᠰᠢᠭᠤᠷ᠂ ᠴᠤᠭᠤᠷ᠂ ᠬᠡᠩᠬᠡᠷᠬᠡ ᠵᠡᠷᠭᠡ ᠠᠷᠠᠳ ᠤᠨ ᠤᠷᠠᠯᠢᠭ ᠤᠨ ᠡᠯᠧᠮᠧᠨ᠋ᠲ ᠢ ᠵᠤᠬᠢᠰᠳᠠᠢ ᠠᠭᠤᠰᠬᠠᠨ ᠬᠡᠷᠡᠭᠯᠡᠵᠦ᠂ ᠮᠤᠩᠭᠤᠯ ᠠᠷᠠᠳ ᠤᠨ ᠤᠷᠠᠯᠢᠭ ᠤᠨ ᠭᠠᠶᠢᠬᠠᠮᠰᠢᠭ ᠢ ᠭᠠᠶᠢᠬᠠᠭᠤᠯᠤᠭᠰᠠᠨ ᠲᠡᠳᠦᠢ ᠦᠭᠡᠢ ᠬᠦᠩᠬᠢᠨᠡᠮ᠎ᠠ ᠬᠤᠭᠤᠯᠠᠢ ᠶᠢᠨ ᠳᠠᠭᠤᠯᠠᠯ ᠵᠡᠷᠭᠡ ᠦᠷᠦᠨᠡᠳᠡᠬᠢᠨ ᠤ ᠳᠠᠭᠤᠣ ᠬᠦᠭᠵᠢᠮᠳᠦ ᠵᠦᠴᠦᠬᠡ ᠶᠢᠨ ᠢᠯᠡᠳᠭᠡᠬᠦ ᠠᠷᠭ᠎ᠠ ᠶᠢ ᠴᠤ ᠤᠶᠠᠯᠳᠤᠭᠤᠯᠤᠭᠰᠠᠨ ᠢᠶᠠᠷ ᠵᠦᠴᠦᠭᠡ ᠶᠢᠨ ᠲᠠᠳᠠᠬᠤ ᠬᠦᠴᠦᠨ ᠢ ᠨᠡᠩᠳᠡ ᠨᠡᠮᠡᠭᠳᠡᠬᠦᠯᠪᠡ᠃ ᠵᠦᠴᠦᠬᠡ ᠶᠢ ᠦᠪᠤᠷ ᠮᠤᠩᠭᠤᠯ ᠤᠨ ᠲᠠᠯ᠎ᠠ ᠨᠤᠳᠤᠭ ᠤᠨ ᠰᠤᠶᠤᠯ ᠢ ᠬᠠᠮᠠᠭᠠᠯᠠᠨ ᠬᠦᠭᠵᠢᠬᠦᠯᠬᠦ ᠰᠠᠭᠤᠷᠢ ᠮᠦᠩᠬᠦᠨ ᠤ ᠨᠡᠶᠢᠬᠡᠮᠯᠢᠭ᠂ ᠠᠯᠠᠱᠠ ᠠᠶᠢᠮᠠᠭ ᠤᠨ ᠡᠵᠡᠨ᠎ᠠ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠠᠴᠠ ᠬᠠᠮᠳᠤᠷᠠᠨ ᠵᠤᠬᠢᠶᠠᠨ ᠪᠦᠳᠦᠬᠡᠵᠦ᠂ ᠡᠵᠡᠨ᠎ᠠ ᠬᠤᠰᠢᠭᠤᠨ ᠤ ᠤᠯᠠᠭᠠᠨᠮᠦ᠋ᠴᠢᠷ᠂ ᠠᠯᠠᠱᠠ ᠵᠡᠬᠦᠨ ᠬᠤᠰᠢᠭᠤᠨ ᠤ ᠤᠯᠠᠭᠠᠨᠮᠦ᠋ᠴᠢᠢ ᠤᠨ ᠲᠤᠭᠯᠠᠭᠴᠢᠳ ᠠᠴᠠ ᠬᠠᠮᠳᠤᠷᠠᠨ ᠲᠤᠭᠯᠠᠪᠠ᠃        ︽ᠵᠦᠴᠦᠭᠡ ᠶᠢ 43 ᠲᠤᠬᠯᠠᠬᠴᠢ ᠬᠠᠮᠳᠤᠷᠠᠨ ᠲᠤᠬᠯᠠᠬᠰᠠᠨ ᠶᠤᠮ᠃ 2010 ᠤᠨ ᠠᠴᠠ ᠡᠬᠢᠯᠡᠨ ᠵᠤᠬᠢᠶᠠᠨ ᠪᠦᠳᠦᠬᠡᠭᠰᠡᠨ ᠠᠴᠠ ᠨᠠᠰᠢ 8 ᠵᠢᠯ ᠤᠨ ᠬᠤᠭᠤᠴᠠᠭᠠᠨ ᠳᠤ 200 ᠭᠠᠷᠤᠢ ᠲᠠᠯᠠᠪᠡᠢ ᠲᠤᠭᠯᠠᠵᠤ ᠪᠠᠶᠢᠨ᠎ᠠ᠃ ᠡᠨᠡᠬᠦ ᠪᠤᠳᠠᠳᠤ ᠦᠵᠡᠭᠳᠡᠯᠳᠦ ᠵᠦᠴᠦᠬᠡ ᠶᠢ ᠲᠠᠶᠢᠰᠠᠨ ᠤ ᠬᠡᠯᠪᠡᠷᠢ ᠪᠠᠷ ᠲᠤᠭᠯᠠᠬᠤ ᠬᠡᠳ ᠵᠤᠬᠢᠶᠠᠨ ᠪᠦᠳᠦᠬᠡᠭᠰᠡᠨ ᠠᠴᠠ ᠨᠠᠰᠢ ᠠᠷᠪᠠᠭᠠᠳ ᠤᠳᠠᠭ᠎ᠠ ᠵᠠᠰᠠᠯᠳᠠ ᠤᠷᠤᠭᠤᠯᠪᠠ᠃ ᠵᠦᠴᠦᠭᠡ ᠮᠠᠨᠢ ᠠᠩᠬ᠎ᠠ ᠡᠬᠢᠨ ᠤ ᠲᠤᠤᠷᠠᠢ ᠶᠢᠨ ᠨᠠᠶᠢᠷ ᠤᠨ ᠤᠷᠠᠨ ᠰᠠᠶᠢᠬᠠᠨ ᠤ ᠲᠤᠭᠯᠠᠯᠳᠠ ᠪᠠᠶᠢᠭᠰᠠᠨ ᠠᠴᠠ ᠦᠨᠦᠳᠦᠷ ᠪᠤᠯᠬᠤ ᠳᠤ ᠨᠢᠬᠡᠨᠳᠡ ᠲᠠᠯ᠎ᠠ ᠨᠤᠳᠤᠭ ᠤᠨ ᠰᠤᠶᠤᠯ ᠤᠨ ᠨᠠᠶᠢᠷ ᠤᠨ ᠰᠢᠯᠢᠳᠡᠭ ᠵᠦᠴᠦᠬᠡ ᠶᠢᠨ ᠲᠤᠰᠬᠠᠢ ᠲᠤᠭᠯᠠᠯᠳᠠ ᠪᠤᠯᠵᠦ ᠴᠢᠳᠠᠭᠰᠠᠨ ᠨᠢ ᠮᠠᠨ ᠤ ᠤᠯᠠᠭᠠᠨᠮᠦ᠋ᠴᠢᠷ ᠤᠨ ᠲᠤᠭᠯᠠᠭᠴᠢᠳ ᠤᠨ ᠴᠢᠷᠮᠠᠶᠢᠯᠬ᠋᠎ᠠ ᠠᠴᠠ ᠰᠠᠯᠵᠦ ᠴᠢᠳᠠᠬᠤ ᠦᠬᠡᠢ ᠶᠤᠮ᠃ ᠮᠠᠨ ᠤ ᠲᠤᠭᠯᠠᠭᠴᠢᠳ ᠤᠨ ᠡᠬᠦᠷᠬᠡ ᠶᠡᠭᠡ ᠬᠦᠨᠳᠦ᠂ ᠨᠢᠬᠡ ᠬᠦᠮᠦᠨ ᠬᠡᠳᠦᠨ ᠲᠦᠷᠢ ᠶᠢ ᠲᠤᠭᠯᠠᠵᠦ ᠪᠤᠢ᠂ ᠲᠠᠭᠤᠯᠠᠨ᠎ᠠ᠂ ᠬᠦᠭᠵᠢᠮᠳᠡᠨ᠎ᠠ᠂ ᠶᠠᠷᠢᠨ᠎ᠠ᠂ ᠪᠦᠵᠢᠭᠯᠡᠨ᠎ᠠ᠃ ᠡᠶᠢᠮᠦ ᠠᠴᠠ ᠲᠤᠭᠯᠠᠭᠴᠢᠳ ᠲᠤ ᠴᠢᠩᠭ᠎ᠠ ᠱᠠᠭᠠᠷᠳᠠᠯᠭ᠎ᠠ ᠲᠠᠢ ᠪᠠᠶᠢᠬᠤ ᠨᠢ ᠶᠠᠷᠢᠶᠠᠨ ᠦᠭᠡᠢ᠃ ᠲᠤᠭᠯᠠᠭᠴᠢᠳ ᠮᠠᠨᠢ ᠮᠠᠰᠢ ᠢᠳᠡᠪᠬᠢᠳᠡᠢ ᠲᠤᠭᠯᠠᠳᠠᠭ︾ ᠬᠡᠵᠦ ᠡᠵᠡᠨ᠎ᠠ ᠬᠤᠰᠢᠭᠤᠨ ᠤ ᠤᠯᠠᠭᠠᠨᠮᠦ᠋ᠴᠢᠷ ᠤᠨ ᠲᠠᠷᠤᠭ᠎ᠠ᠂ ᠲᠤᠰ ᠵᠦᠴᠦᠬᠡ ᠶᠢᠨ ᠬᠦᠢᠴᠡᠳᠬᠡᠭᠴᠢ ᠨᠠᠶᠢᠷᠠᠭᠤᠯᠤᠭᠴᠢ ᠯᠸᠢ ᠳ᠋ᠦᠩ ᠰᠢᠤᠸᠠᠢ ᠰᠤᠷᠪᠤᠯᠵᠢᠯᠠᠭᠴᠢ ᠳᠤ ᠶᠠᠷᠢᠵᠤ ᠪᠠᠶᠢᠯ᠎ᠠ᠃ ᠤᠢᠢᠯᠠᠭᠠᠭᠰᠠᠨ ᠢᠶᠠᠷ᠂ ᠵᠦᠴᠦᠭᠡ ᠶᠢᠨ ᠪᠦᠯᠬᠦᠮ ᠤᠨ ᠬᠢᠨ ᠲᠠᠶᠢᠰᠠᠨ ᠤ ᠬᠡᠷᠡᠯᠳᠦᠬᠦᠯᠬᠡ ᠴᠢᠮᠡᠭᠯᠡᠭᠴᠢ᠂ ᠲᠤᠭᠯᠠᠭᠴᠢ ᠶᠢᠨ ᠬᠤᠪᠴᠠᠰᠤᠨ ᠤ ᠵᠠᠭᠪᠤᠷᠴᠢ᠂ ᠵᠢᠰᠦ ᠭᠤᠶᠣᠯᠠᠭᠴᠢ ᠪᠠᠷ ᠲᠤᠰᠬᠠᠢ ᠮᠡᠷᠬᠡᠵᠢᠯ ᠤᠨ ᠪᠠᠭᠰᠢ ᠶᠢ ᠤᠷᠢᠭᠰᠠᠨ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号