ᠡᠨᠡ ᠬᠤᠶᠠᠷ ᠡᠳᠦᠷ᠂ ᠮᠠᠠ ᠤ ᠠᠶᠢᠮᠠᠭ ᠤᠨ ᠨᠠᠶᠢᠷᠠᠭᠤᠯᠤᠨ ᠵᠤᠬᠢᠶᠠᠭᠰᠠᠨ ︽ᠠᠯᠳᠠᠨ ᠲᠤᠤᠷᠠᠢ︾ | ᠳᠠᠭᠤᠤ ᠬᠥᠭᠵᠢᠮ ᠤᠨ ᠵᠥᠴᠦᠭᠡ ᠠᠯᠳᠠᠨ ᠲᠤᠤᠷᠠᠢ ᠳᠠᠭᠤᠤ ᠬᠦᠭᠵᠢᠮ ᠤᠨ ᠲᠢᠩᠬᠢᠮ ᠳᠤ ᠶᠠᠪᠤᠭᠳᠠᠵᠦ᠂ ᠥᠵᠡᠭᠴᠢ | ᠤᠯᠠᠠ ᠢᠶᠠᠨ ᠪᠠᠶᠠᠰᠬᠠᠭᠰᠠᠨ ᠪᠠᠶᠢᠨ᠎ᠠ᠃ | 7 ᠰᠠᠷ᠎ᠠ ᠶᠢᠨ ᠡᠬᠢ ᠪᠠᠷ᠂ ᠡᠵᠡᠨ᠎ᠠ ᠬᠤᠰᠢᠭᠤᠨ ᠤ ᠤᠯᠠᠭᠠᠨᠮᠦ᠋ᠴᠢᠷ ᠤᠨ ᠬᠢᠨ ᠥᠪᠤᠷ ᠮᠤᠩᠭᠤᠯ ᠤᠨ | ᠲᠠᠯ᠎ᠠ ᠨᠤᠳᠤᠭ ᠤᠨ ᠰᠤᠶᠤᠯ ᠢ ᠬᠠᠮᠠᠭᠠᠯᠠᠠ ᠬᠥᠭᠵᠢᠬᠦᠯᠬᠦ ᠰᠠᠭᠤᠷᠢ ᠮᠥᠡᠭᠬᠦᠨ ᠤ ᠨᠡᠶᠢᠬᠡᠮᠯᠢᠭ ᠲᠠᠢ ᠬᠠᠮᠳᠤᠷᠠᠨ᠂ | ᠲᠤᠮᠤ ᠬᠡᠯᠪᠡᠷᠢ ᠶᠢᠨ ︽ᠠᠯᠳᠠᠨ ᠲᠤᠤᠷᠠᠢ︾ ᠳᠠᠭᠤᠤ ᠬᠥᠭᠵᠢᠮ ᠤᠨ ᠵᠥᠴᠦᠭᠡ ᠶᠢ ᠨᠠᠶᠢᠷᠠᠭᠤᠯᠤᠨ ᠵᠤᠬᠢᠶᠠᠵᠦ᠂ | ᠠᠮᠧᠷᠢᠺᠠ ᠤᠯᠤᠰ ᠤᠨ ᠪᠠᠢ ᠯᠤᠥ ᠬᠤᠢ ᠳᠠᠭᠤᠤ ᠬᠥᠭᠵᠢᠮ ᠤᠨ ᠵᠥᠴᠦᠭᠡ ᠶᠢᠨ ᠤᠢᠢᠯᠡᠳᠦᠭᠴᠢ ᠳ᠋ᠦᠩ ᠹᠠᠩ | ᠰᠧ ᠪᠠᠷ ᠶᠡᠷᠦᠩᠭᠡᠢ ᠵᠢᠯᠤᠭᠤᠳᠤᠬᠴᠢ ᠪᠤᠯᠭᠠᠠ᠂ ᠥᠪᠡᠷᠳᠡᠭᠡᠨ ᠵᠠᠰᠠᠬᠤ ᠤᠷᠤᠨ ᠤ ᠨᠡᠷᠡᠳᠤ ᠲᠤᠬᠯᠠᠬᠴᠢ ᠰᠡᠴᠡᠨᠴᠤᠬ᠂ | ᠨᠤᠮᠢᠨᠳᠠᠯᠠᠢ᠂ ᠪᠤᠷᠬᠢᠯ ᠵᠡᠷᠭᠡ ᠵᠥᠴᠦᠭᠡᠴᠢᠨ ᠢᠶᠠᠷ ᠬᠦᠢᠴᠡᠳᠭᠡᠭᠴᠢ ᠵᠢᠯᠤᠭᠤᠳᠤᠬᠴᠢ ᠪᠤᠯᠤᠨ ᠭᠤᠤᠯ ᠲᠤᠬᠯᠬᠠᠴᠢ | ᠪᠤᠯᠭᠠᠠ᠂ ᠵᠥᠴᠦᠭᠡ ᠶᠢᠨ ᠳᠡᠪᠳᠡᠷ᠂ ᠪᠥᠵᠢᠭ᠂ ᠭᠤᠤᠯ ᠲᠥᠷᠢ᠂ ᠪᠥᠵᠢᠭ ᠤᠨ ᠭᠤᠶᠤᠯᠠᠯ ᠵᠡᠷᠭᠡ ᠳᠤ | ᠲᠤᠬᠢᠷᠠᠭᠤᠯᠤᠯᠳᠠ ᠬᠢᠵᠤ᠂ ᠠᠯᠠᠱᠠ ᠵᠡᠬᠦᠨ ᠬᠤᠰᠢᠭᠤ ᠪᠤᠯᠤᠨ ᠡᠵᠡᠨ᠎ᠠ ᠬᠤᠰᠢᠭᠤ᠂ ᠥᠪᠤᠷ ᠮᠤᠩᠭᠤᠯ ᠤᠨ ᠲᠠᠯ᠎ᠠ | ᠨᠤᠳᠤᠭ ᠤᠨ ᠰᠤᠶᠤᠯ ᠢ ᠬᠠᠮᠠᠭᠠᠯᠠᠠ ᠬᠥᠭᠵᠢᠬᠦᠯᠬᠦ ᠰᠠᠭᠤᠷᠢ ᠮᠥᠡᠭᠬᠦᠨ ᠤ ᠨᠡᠶᠢᠬᠡᠮᠯᠢᠭ ᠤᠨ ᠨᠠᠶᠠᠭᠠᠳ ᠲᠤᠬᠯᠠᠬᠴᠢ | ᠤᠷᠤᠯᠴᠠᠵᠠᠢ᠃ ᠲᠤᠰ ᠵᠦᠴᠦᠬᠡ ᠳᠤ ᠲᠤᠤᠷᠡᠢ ᠶᠢᠨ ᠤᠢ ᠪᠠᠷ ᠠᠷᠤ ᠦᠵᠡᠭᠳᠡᠯ ᠢᠶᠠᠨ ᠪᠤᠯᠭᠠᠵᠦ᠂ ᠮᠤᠩᠭᠤᠯ | ᠥᠨᠳᠦᠰᠦᠳᠡᠨ ᠤ ᠳᠠᠭᠤᠤ ᠪᠥᠵᠢᠭ ᠪᠤᠯᠤᠨ ᠠᠮᠧᠷᠢᠺᠠ ᠤᠯᠤᠰ ᠤᠨ ᠪᠠᠢ ᠯᠤᠥ ᠬᠤᠢ ᠳᠠᠭᠤᠤ ᠬᠥᠭᠵᠢᠮ ᠤᠨ | ᠵᠥᠴᠦᠭᠡ ᠶᠢ ᠤᠶᠠᠯᠳᠤᠭᠤᠯᠤᠨ ᠲᠤᠬᠯᠠᠯᠳᠠ ᠶᠢᠨ ᠬᠡᠯᠪᠡᠷᠢ ᠪᠠᠨ ᠰᠢᠨᠡᠴᠢᠯᠡᠵᠤ᠂ ᠡᠵᠡᠨ᠎ᠠ ᠨᠤᠳᠤᠭ ᠤᠨ ᠬᠥᠭᠵᠢᠯᠳᠡ | ᠬᠤᠪᠢᠷᠠᠯᠳᠠ ᠪᠤᠯᠤᠨ ᠥᠯᠢᠭᠡᠷ ᠳᠡᠤᠭᠡ ᠶᠢ ᠠᠮᠢᠳᠤᠯᠢᠭ ᠢᠯᠠᠷᠠᠬᠦᠯᠥᠭᠰᠠᠨ ᠪᠠᠶᠢᠨ᠎ᠠ᠃ | ︽ᠠᠯᠳᠠᠨ ᠲᠤᠤᠷᠠᠢ︾ ᠲᠠᠭᠤᠤ ᠬᠦᠭᠵᠢᠮ ᠤᠨ ᠵᠥᠴᠦᠭᠡ ᠶᠢᠨ ᠤᠢᠢᠯᠡᠳᠦᠭᠴᠢ ᠪᠤᠤ ᠢᠤᠢ ᠷᠦᠩ | ᠲᠠᠨᠢᠯᠴᠠᠭᠤᠯᠬᠤ ᠳᠠᠭᠠᠨ᠂ 2010 ᠤᠨ ᠠᠴᠠ ᠡᠬᠢᠯᠡᠡ ᠪᠤᠳᠠᠳᠤ ᠥᠵᠡᠭᠳᠡᠯ ᠤᠨ ᠲᠤᠬᠯᠠᠯᠳᠠ ᠪᠠᠷ 200 ᠭᠠᠷᠤᠢ | ᠲᠠᠯᠠᠪᠠᠢ ᠲᠤᠬᠯᠠᠯᠳᠠ ᠭᠠᠷᠭᠠᠵᠤ᠂ ᠡᠨᠡ ᠵᠢᠯ ᠤᠨ ︽ᠠᠷᠪᠠᠨ ᠳᠠᠪᠤᠳᠤᠭᠠᠷ ᠬᠤᠭᠤᠴᠠᠭᠠᠨ ᠤ ᠲᠤᠮᠳᠠᠳᠤ ᠤᠯᠤᠰ · | ᠥᠪᠤᠷ ᠮᠤᠩᠭᠤᠯ ᠤᠨ ᠲᠠᠯ᠎ᠠ ᠨᠤᠳᠤᠭ ᠤᠨ ᠰᠤᠶᠤᠯ ᠤᠨ ᠨᠠᠶᠢᠷ︾ ᠲᠤ ᠰᠤᠩᠭᠤᠭᠳᠠᠨ᠂ 8 ᠰᠠᠷ᠎ᠠ ᠶᠢᠨ 11 ᠤ | ᠡᠳᠦᠷ ᠪᠤᠯᠤᠨ 12 ᠤᠨ ᠡᠳᠦᠷ ᠬᠦᠬᠡᠬᠤᠳᠠ ᠶᠢᠨ ᠤᠯᠠᠭᠠᠨ ᠲᠢᠶᠠᠳ᠋ᠷ ᠲᠤ ᠪᠦᠬᠦ ᠤᠷᠤᠨ ᠤ ᠦᠵᠡᠭᠴᠢᠳ ᠲᠠᠢ | ᠵᠤᠯᠭᠠᠬᠤ ᠪᠤᠯᠤᠨ᠎ᠠ ᠬᠡᠵᠦ ᠪᠠᠶᠢᠯ᠎ᠠ᠃ |