ᠤᠲᠤᠭ᠎ᠠ ᠦᠭᠡᠢ ᠳᠠᠶᠢᠨ ᠳᠤ ᠤᠬᠠᠮᠰᠠᠷ ᠥᠨᠳᠦᠷ ᠴᠢᠬᠤᠯᠠ
ᠨᠡᠶᠢᠲᠡᠯᠡᠭᠰᠡᠨ ᠴᠠᠭ᠄
2020-02-12
                              ᠡᠷᠬᠢᠮᠪᠢᠮᠪᠠ   ᠨᠠᠮ ᠤᠨ ᠲᠥᠪ ᠬᠤᠷᠢᠶ᠎ᠠ ᠶᠢᠨ ᠨᠢᠭᠡᠯᠡ ᠵᠠᠷᠯᠢᠭ ᠢᠶᠠᠷ ᠨᠠᠭᠠᠳᠤᠮ ᠬᠢᠮᠡᠷ ᠦᠭᠡᠢ ᠪᠤᠵᠠᠷ ᠳᠠᠬᠤᠯ ᠢ ᠨᠠᠷᠠᠳᠤ ᠪᠦᠮᠪᠦᠷᠴᠡᠭ ᠠᠴᠠ ᠤᠰᠠᠳᠬᠠᠵᠤ ᠠᠷᠢᠯᠭᠠᠬᠤ ᠪᠠᠷ ᠨᠠᠶᠢᠷᠯᠠᠬᠤ ᠪᠠᠨ ᠵᠤᠭᠰᠤᠭᠠᠳ ᠲᠦᠮᠡᠨ ᠮᠢᠨᠢ ᠬᠥᠳᠡᠯᠦᠯ᠎ᠡ ᠬᠠᠮᠢᠭ᠎ᠠ ᠶᠠᠮᠠᠷ ᠶᠠᠩᠵᠤ ᠶᠢᠨ ᠬᠦᠴᠢᠷᠳᠡᠯ ᠲᠤᠯᠭᠠᠷᠠᠭᠰᠠᠨ ᠴᠤ ᠬᠠᠷᠢᠭᠤᠴᠠᠯᠭ᠎ᠠ ᠪᠠᠷ ᠴᠢᠩᠭ᠎ᠠ ᠤᠳᠤᠷᠢᠳᠬᠤ ᠨᠠᠮ ᠲᠠᠢ ᠶᠤᠮ ᠲᠦᠷᠦ ᠮᠢᠨᠢ ᠬᠠᠮᠢᠭ᠎ᠠ ᠶᠠᠮᠠᠷ ᠶᠠᠩᠵᠤ ᠶᠢᠨ ᠭᠠᠮᠰᠢᠭ ᠭᠠᠷᠤᠭᠰᠠᠨ ᠴᠤ ᠬᠠᠰᠢᠵᠤ ᠲᠤᠯᠤᠭᠠᠳ ᠢᠯᠠᠵᠤ ᠴᠢᠳᠠᠳᠠᠭ ᠲᠦᠮᠡᠨ ᠲᠠᠢ ᠶᠤᠮ ᠤᠯᠤᠰ ᠮᠢᠨᠢ ᠵᠤᠷᠢᠭ ᠢᠶᠠᠨ ᠢᠯᠡᠳᠭᠡᠭᠰᠡᠨ ᠡᠮᠨᠡᠯᠭᠡ ᠶᠢᠨ ᠮᠡᠷᠭᠡᠵᠢᠯ ᠢᠶᠠᠷ ᠥᠨᠳᠦᠷ ᠡᠮᠴᠢ ᠨᠠᠷ ᠵᠤᠭᠰᠤᠯᠳᠠ ᠦᠭᠡᠢ ᠠᠵᠢᠯᠯᠠᠭᠰᠠᠨ ᠡᠮᠬᠢ ᠴᠡᠭᠴᠡ ᠲᠠᠢ ᠪᠠᠶᠢᠭᠤᠯᠭ᠎ᠠ ᠨᠢᠭᠡᠴᠡ ᠨᠠᠷ ᠡᠪᠡᠳᠴᠢᠨ ᠤ ᠲᠠᠷᠬᠠᠯᠳᠠ ᠶᠢᠨ ᠲᠥᠪ ᠪᠤᠯᠤᠭᠰᠠᠨ ᠬᠤᠪᠧᠢ ᠮᠤᠵᠢ ᠤᠷᠤᠭᠤ ᠡᠷᠳᠡ ᠠᠴᠠ ᠡᠷᠳᠡ ᠤᠮᠤᠭ ᠰᠦᠰᠦ ᠲᠠᠢ ᠪᠠᠷ ᠰᠢᠭᠤᠷᠬᠠᠶᠢᠯᠠᠨ ᠤᠷᠤᠯ᠎ᠠ ᠤᠬᠤᠷᠬᠠᠨ ᠬᠤᠭᠤᠴᠠᠭᠠᠨ ᠳᠤ ᠰᠢᠨ᠎ᠡ ᠡᠮᠨᠡᠯᠭᠡ ᠶᠢᠨ ᠬᠤᠷᠢᠶ᠎ᠠ ᠪᠤᠰᠬᠤ ᠶᠤᠮ ᠪᠠᠶᠢᠨ᠎ᠠ ᠤᠳᠤ ᠠᠴᠠ ᠡᠬᠢᠯᠡᠭᠡᠳ ᠬᠡᠰᠡᠭ ᠡᠪᠡᠳᠴᠢᠳᠡᠨ ᠡᠳᠡᠭᠡᠷᠡᠵᠦ ᠪᠠᠶᠢᠬᠤ ᠶᠤᠮ ᠪᠠᠶᠢᠨ᠎ᠠ ᠠᠭᠤᠤ ᠨᠠᠮ ᠤᠨ ᠵᠥᠪ ᠤᠳᠤᠷᠢᠳᠤᠯᠭ᠎ᠠ ᠪᠦᠬᠦ ᠤᠯᠤᠰ ᠤᠨ ᠬᠦᠴᠦᠳᠡᠢ ᠳᠡᠮᠵᠢᠯᠭᠡ ᠪᠠᠷ ᠠᠮᠢ ᠲᠠᠢ ᠬᠡᠯᠡᠴᠡᠭᠰᠡᠨ ᠬᠢᠵᠢᠭ ᠤᠨ ᠳᠠᠶᠢᠨ ᠢ ᠯᠠᠪᠳᠠᠢ ᠢᠯᠠᠨ᠎ᠠ ᠭᠡᠳᠡᠭ ᠢ ᠢᠳᠡᠭᠡᠷᠡᠢ︕                                          
 
ᠢᠷᠡᠯᠲᠡ᠄ ᠡᠵᠡᠨ᠎ᠡ ᠬᠤᠰᠢᠭᠤᠨ ᠤ ᠣᠳᠬ᠎ᠠ ᠤᠷᠠᠯᠠᠭ ᠤᠨᠬᠢᠨ ᠦ ᠬᠤᠯᠪᠤᠭ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号