ᠬᠢᠵᠢᠭ ᠢ ᠬᠡᠵᠢᠶᠡᠳᠡ ᠰᠡᠷᠭᠡᠶᠢᠯᠡ ᠤᠨᠴᠠᠭᠠᠢ ᠰᠡᠷᠭᠡᠶᠢᠯᠡ
ᠨᠡᠶᠢᠲᠡᠯᠡᠭᠰᠡᠨ ᠴᠠᠭ᠄
2020-02-16
                      ᠡᠷᠬᠢᠮᠪᠢᠮᠪᠠ ᠲᠦᠷᠦ ᠶᠢᠨ ᠠᠩᠬᠠᠷᠤᠯ ᠢ ᠲᠠᠲᠠᠭᠰᠠᠨ ᠲᠦᠢᠳᠭᠡᠷ ᠲᠠᠢ ᠡᠨᠡ ᠬᠢᠵᠢᠭ ᠢ ᠤᠯᠠᠨ ᠤ ᠰᠡᠳᠬᠢᠯ ᠢ ᠦᠢᠮᠡᠭᠦᠯᠦᠭᠰᠡᠨ ᠤᠯᠢᠭ ᠦᠭᠡᠢ ᠡᠨᠡ  ᠲᠠᠬᠤᠯ ᠢ                       ᠤᠨᠴᠠᠭᠠᠢ ᠰᠡᠷᠭᠡᠶᠢᠯᠡ ᠲᠦᠮᠡᠨ ᠮᠢᠨᠢ ᠵᠢᠯ ᠨᠠᠰᠤ ᠶᠢ ᠢᠯᠭᠠᠳᠠᠭ ᠦᠭᠡᠢ ᠵᠢᠭᠳᠡᠢ ᠬᠠᠯᠳᠠᠳᠠᠭ ᠡᠨᠡ ᠬᠢᠵᠢᠭ ᠢ ᠠᠷᠠᠰᠤᠲᠠᠨ ᠶᠠᠰᠤᠳᠠᠨ ᠢ ᠭᠤᠯᠤᠳᠠᠭ ᠦᠭᠡᠢ ᠠᠮᠠᠷᠬᠠᠨ ᠨᠠᠭᠠᠯᠳᠤᠳᠠᠭ ᠡᠨᠡ ᠲᠠᠬᠤᠯ ᠢ                       ᠤᠨᠴᠠᠭᠠᠢ ᠰᠡᠷᠭᠡᠶᠢᠯᠡ ᠠᠷᠠᠳ ᠮᠢᠨᠢ ᠡᠪᠡᠳᠴᠢᠨ ᠠᠮᠠ ᠪᠠᠷ ᠤᠷᠤᠳᠠᠭ ᠭᠡᠳᠡᠭ ᠢ ᠡᠪᠡᠳᠴᠢᠯᠡᠭᠰᠡᠨ ᠤ ᠠᠷᠤ ᠳᠤ ᠡᠮᠨᠡᠭᠦᠯᠵᠦ ᠤᠬᠠᠭᠠᠷᠠᠳᠠᠭ ᠬᠢᠵᠢᠭ ᠲᠠᠬᠤᠯ ᠠᠮᠢᠰᠬᠤᠯ ᠢᠶᠠᠷ ᠴᠢᠨᠢ ᠬᠠᠯᠳᠠᠵᠤ ᠢᠷᠡᠬᠦ ᠳᠤ ᠬᠡᠷᠡᠭ ᠨᠢᠭᠡᠨᠳᠡ ᠪᠢᠰᠢ ᠪᠤᠯᠤᠭᠰᠠᠨ ᠢᠶᠠᠨ ᠰᠠᠨᠠᠵᠤ ᠤᠯᠤᠭᠠᠷᠠᠢ                       ᠤᠨᠴᠠᠭᠠᠢ ᠰᠡᠷᠭᠡᠶᠢᠯᠡ ᠨᠥᠬᠦᠳ ᠮᠢᠨᠢ ᠴᠢᠳᠬᠦᠷ ᠰᠢᠩᠭᠡᠭᠡᠭᠰᠡᠨ ᠡᠨᠡ ᠬᠢᠵᠢᠭ ᠴᠢᠨᠤ ᠠᠮᠢᠳᠤᠷᠠᠯ ᠤᠨ ᠰᠠᠯᠠᠩ ᠢ ᠬᠦᠯᠢᠶᠡᠵᠦ ᠪᠠᠶᠢᠳᠠᠭ ᠬᠦᠮᠦᠨ ᠤ ᠦᠭᠡ ᠶᠢ ᠰᠤᠨᠤᠰᠤᠯ ᠦᠭᠡᠢ ᠲᠡᠨᠦᠭᠡᠳ ᠪᠠᠶᠢᠪᠠᠯ ᠬᠦᠵᠦᠬᠦᠦ ᠪᠠᠷ ᠴᠢᠨᠢ ᠲᠡᠪᠡᠷᠢᠨ᠎ᠡ ᠳ᠋ᠠ ᠡᠨᠡ ᠲᠠᠬᠤᠯ                       ᠤᠨᠴᠠᠭᠠᠢ ᠰᠡᠷᠭᠡᠶᠢᠯᠡ ᠨᠠᠶᠢᠵᠠ ᠨᠠᠷ ᠮᠢᠨᠢ ᠪᠠᠴᠢᠮᠳᠠᠵᠤ ᠤᠶᠢᠳᠮᠠᠷ ᠰᠡᠷᠭᠡᠶᠢᠯᠡᠯ ᠤᠨ ᠬᠤᠪᠴᠠᠰᠤ ᠲᠠᠢ ᠡᠮᠴᠢ ᠨᠠᠷ ᠢ ᠪᠠᠷᠢᠯᠭ᠎ᠠ ᠭᠡᠷ ᠪᠠᠷᠢᠭᠠᠳ ᠵᠢᠳᠬᠦᠵᠦ ᠶᠠᠪᠤᠭ᠎ᠠ  ᠠᠵᠢᠯᠳᠠᠨ ᠢ ᠲᠦᠮᠡᠨ ᠤ ᠵᠢᠷᠤᠮ ᠢ ᠴᠡᠭᠴᠡᠯᠡᠵᠦ ᠵᠢᠯᠤᠭᠤᠳᠤᠭᠰᠠᠨ ᠴᠡᠷᠢᠭ ᠴᠠᠭᠳᠠᠭ᠎ᠠ ᠪᠠᠨ ᠲᠥᠬᠦᠷᠢᠭ ᠮᠥᠩᠭᠦ  ᠎ ᠪᠠᠷ ᠳᠡᠮᠵᠢᠵᠦ ᠲᠤᠰᠠᠯᠠᠭᠰᠠᠨ ᠬᠠᠶᠢᠷᠠᠳᠤ ᠠᠷᠠᠳ ᠢᠶᠠᠨ                      ᠤᠨᠴᠠᠭᠠᠢ ᠬᠠᠶᠢᠷᠠᠯᠠᠵᠤ ᠶᠠᠪᠤᠶ᠎ᠠ ᠪᠢᠳᠠᠨᠠᠷᠷᠠᠳᠢᠤ᠋ ᠲᠧᠯᠸᠢᠰ ᠳᠡᠭᠡᠷ᠎ᠡ ᠶᠠᠷᠢᠭᠰᠠᠨ ᠤᠯᠠᠨ ᠲᠥᠷᠥᠯ ᠤᠨ ᠤᠬᠠᠭᠤᠯᠭ᠎ᠠ ᠶᠢ ᠠᠷᠠᠳ ᠢᠶᠠᠷ ᠢᠶᠠᠨ ᠤᠷᠤᠯᠴᠠᠭᠰᠠᠨ ᠰᠡᠷᠭᠡᠶᠢᠯᠡᠯ ᠤᠨ ᠴᠢᠨᠠᠷᠳᠠᠢ ᠡᠨᠡ ᠬᠥᠳᠡᠯᠭᠡᠭᠡᠨ ᠢ ᠡᠯ᠎ᠡ ᠮᠤᠵᠢ ᠤᠷᠤᠨ ᠠᠴᠠ ᠦᠬᠠᠨ ᠤᠷᠤᠭᠤ ᠨᠢᠰᠦᠭᠰᠡᠨ ᠡᠮᠨᠡᠯᠭᠡ ᠶᠢᠨ ᠡᠩᠨᠡᠭᠡ ᠶᠢ ᠡᠬᠡ ᠤᠯᠤᠰ ᠮᠢᠨᠢ ᠯᠠᠪᠳᠠᠢ ᠡᠳᠡᠭᠡᠵᠦ ᠴᠢᠳᠠᠨ᠎ᠠ ᠭᠡᠰᠡᠨ ᠡᠨᠡ ᠵᠤᠷᠢᠭ ᠢ                      ᠤᠨᠴᠠᠭᠠᠢ ᠤᠶᠢᠯᠠᠭᠠᠵᠤ ᠶᠠᠪᠤᠶ᠎ᠠ ᠪᠢᠳᠠᠨᠠᠷ
 
ᠢᠷᠡᠯᠲᠡ᠄ ᠡᠵᠡᠨ᠎ᠡ ᠬᠤᠰᠢᠭᠤᠨ ᠤ ᠣᠳᠬ᠎ᠠ ᠤᠷᠠᠯᠠᠭ ᠤᠨᠬᠢᠨ ᠦ ᠬᠤᠯᠪᠤᠭ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号