ᠡᠵᠠᠨ᠎ᠠ ᠲᠤᠷᠭᠤᠤᠠᠴᠤᠤᠨ ᠰᠢᠨ᠎ᠠ ᠶᠢᠨ ᠨᠢᠭᠡᠨ ᠤ ᠦᠷᠯᠤᠭᠡ ᠲᠡᠭᠷᠢ ᠭᠡᠭᠡᠷᠠᠵᠤ ᠠᠯᠠᠭ᠎ᠠ ᠶᠢᠨ ᠡᠷᠢᠶᠠᠨ | ᠦᠵᠡᠭᠳᠠᠬᠦ ᠠᠴᠠ ᠡᠮᠤᠨ᠎ᠠ ᠪᠤᠰᠴᠤ ᠨᠢᠭᠤᠷ ᠭᠠᠷ ᠢᠶᠠᠨ ᠤᠬᠢᠶᠠᠵᠤ᠂ ᠰᠢᠨ᠎ᠠ ᠶᠢᠨ ᠬᠤᠪᠴᠠᠰᠤ ᠪᠠᠨ ᠡᠮᠤᠰᠵᠠᠭᠡᠨ᠂ | ᠡᠷᠡᠭᠳᠠᠶᠢᠴᠤᠤᠨ ᠨᠢ ᠬᠦᠬᠦᠤᠷ ᠲᠠᠯᠢᠩ᠂ ᠭᠡᠳᠠ ᠬᠢᠳᠤᠭ᠎ᠠ ᠪᠠᠨ ᠵᠠᠬᠦᠵᠤ᠂ ᠪᠦᠰᠠᠬᠦ᠋ᠢᠴᠤᠤᠨ ᠨᠢ ᠦᠰᠤᠨ | ᠲᠠᠷᠤᠭᠤᠯᠭ᠎ᠠ ᠵᠠᠰᠠᠯ ᠴᠢᠮᠡᠭ ᠢᠶᠠᠨ ᠵᠠᠬᠦᠵᠤ᠂ ᠪᠤᠷᠬᠠᠨ ᠳᠠᠭᠠᠨ ᠢᠳᠠᠭᠡᠨ ᠤ ᠲᠠᠭᠡᠵᠢ ᠪᠠᠨ ᠡᠷᠬᠦᠭᠡᠤᠨ᠂ ᠲᠠᠪᠠᠭ ᠲᠠᠢ | ᠪᠤᠤᠪᠤ ᠢᠳᠡᠭᠡ᠂ ᠰᠥ᠂ ᠴᠠᠢ᠂ ᠠᠷᠢᠬᠢ ᠰᠠᠷᠬᠤᠤᠨ ᠢᠶᠠᠨ ᠠᠪᠴᠤ ᠭᠠᠳᠠᠨ᠎ᠠ ᠭᠠᠷᠤᠭᠠᠤᠨ᠂ ᠢᠰᠠᠭᠡᠢ ᠲᠠᠪᠢᠰᠤᠨ | ᠰᠢᠷᠡᠭᠡ ᠲᠠᠯᠪᠢᠵᠤ᠂ ᠭᠡᠷ ᠤᠨ ᠡᠬᠦᠳᠠᠨ ᠤ ᠦᠡᠳᠤᠷ ᠭᠠᠵᠠᠷ ᠤᠨ ᠲᠤᠤᠷᠠᠢ ᠪᠤᠶᠤ ᠰᠤᠬᠠᠢ ᠠᠴᠠ ᠬᠠᠳᠠᠭ ᠰᠠᠮᠪᠠᠢ | ᠤᠶᠠᠵᠤ᠂ ᠡᠵᠠᠨ ᠰᠦᠯᠳᠠ ᠳᠡᠭᠡᠨ ᠮᠦᠷᠬᠦᠳᠡᠭ ᠵᠠᠩᠰᠢᠯ ᠲᠠᠢ ᠶᠤᠮ᠃ ᠭᠡᠬᠦ ᠳᠡᠭᠡᠨ ᠦᠡᠳᠤᠷ ᠭᠠᠵᠠᠷ ᠭᠠᠯ | ᠲᠦᠯᠠᠵᠤ᠂ ᠠᠷᠴᠠ ᠲᠠᠷᠢᠬᠦᠳᠠᠨ ᠢᠶᠠᠷ ᠰᠠᠩ ᠲᠠᠯᠪᠢᠨ᠎ᠠ᠃ ᠠᠷᠢᠬᠢ ᠲᠠᠷᠠᠰᠤ᠂ ᠪᠤᠤᠪᠤ ᠪᠤᠭᠤᠷᠰᠤᠭ᠂ ᠴᠠᠭᠠᠨ | ᠢᠳᠠᠭᠡᠨ ᠤ ᠵᠦᠢᠯ ᠠᠴᠠ ᠭᠠᠯ ᠳᠠᠭᠠᠨ ᠡᠷᠬᠦᠵᠤ᠂ ᠲᠦᠷᠪᠠᠨ ᠵᠦᠭ ᠲᠤ ᠰᠠᠴᠤᠯᠢ ᠡᠷᠬᠦᠭᠡᠤᠨ᠂ ᠰᠦᠯᠳᠠ ᠳᠡᠭᠡᠨ | ᠭᠤᠷᠪᠠ ᠮᠦᠷᠬᠦᠵᠤ᠂ ᠰᠢᠨ᠎ᠠ ᠨᠢᠭᠡᠨ ᠵᠢᠯ ᠳᠤ ᠮᠠᠡᠳᠤ ᠰᠠᠶᠢᠨ ᠶᠠᠪᠤᠬᠤ ᠪᠠᠨ ᠲᠠᠭᠠᠤᠠᠬᠠᠳᠠᠭ ᠪᠢᠯᠨ᠃ ᠡᠨᠡ ᠨᠢ | ᠬᠤᠷ᠎ᠠ ᠪᠤᠷᠤᠭᠠᠨ ᠡᠯᠪᠡᠭ᠂ ᠡᠪᠠᠰᠤ ᠪᠠᠯᠴᠢᠭᠡᠷ ᠰᠠᠶᠢᠨ ᠪᠤᠯᠬᠤ ᠶᠢ ᠰᠦᠯᠳᠠ ᠲᠡᠭᠷᠢ ᠳᠤ ᠰᠦᠰᠥᠭᠯᠠᠨ ᠲᠠᠭᠠᠤᠠᠬᠠᠵᠤ | ᠪᠠᠶᠢᠭ᠎ᠠ ᠶᠤᠮ᠃ ᠢᠡᠭᠬᠢᠭᠡᠤᠨ ᠬᠤᠳᠠ ᠠᠴᠠ ᠪᠠᠨ ᠪᠤᠤᠷ᠎ᠠ ᠬᠦᠳᠤᠯᠵᠤ ᠢᠷᠠᠭᠡᠤᠨ ᠰᠦᠯᠳᠠ ᠪᠠᠨ ᠨᠠᠷᠨ ᠵᠦᠪ | ᠭᠤᠷᠪᠠ ᠡᠷᠬᠢᠬᠦᠯᠵᠤ᠂ ᠰᠠᠩ ᠢᠶᠠᠷ ᠠᠷᠢᠭᠤᠤᠠᠬᠠᠨᠠ᠃ ᠰᠢᠨ᠎ᠠ ᠶᠢᠨ ᠨᠢᠭᠡᠨ ᠤ ᠦᠷᠯᠤᠭᠡ᠂ ᠬᠤᠤᠠᠳᠤᠭ | ᠤᠰᠤᠨ ᠳᠠᠭᠠᠨ ᠴᠠᠭᠠᠨ ᠪᠤᠳᠠᠭ᠎ᠠ ᠪᠤᠯᠤᠨ ᠲᠠᠷᠢᠶ᠎ᠠ ᠶᠢ ᠨᠢᠭᠡ ᠠᠤᠠᠬᠤ ᠬᠢᠳᠡᠭ᠂ ᠡᠨᠡ ᠨᠢ ᠬᠤᠤᠠᠳᠤᠭ ᠤᠰᠤ ᠪᠠᠨ | ᠴᠠᠭᠠᠯᠠᠭᠤᠯᠵᠤ ᠪᠠᠶᠢᠭ᠎ᠠ ᠵᠠᠩᠰᠢᠯ ᠪᠤᠯᠤᠨ᠎ᠠ᠃ | ᠡᠵᠠᠨ ᠰᠦᠯᠳᠠ ᠳᠤ ᠮᠦᠷᠬᠦᠬᠦ ᠶᠤᠰᠤ ᠶᠢ ᠬᠦᠢᠴᠠᠤᠠᠭᠡᠭᠰᠠᠨ ᠤ ᠲᠠᠷᠠᠭ᠎ᠠ ᠴᠠᠬᠢᠭᠤᠷᠳᠤ ᠪᠤᠤ ︵ᠫᠤᠤ︶ ᠪᠠᠨ | ᠨᠢᠭᠡ ᠪᠤᠤᠳᠠᠭᠠᠤᠨ ᠭᠡᠷ ᠲᠡᠭᠡᠨ ᠤᠷᠤᠵᠤ ᠴᠠᠭᠠᠯᠠᠨ᠎ᠠ᠃ ᠴᠠᠭᠠᠯᠠᠬᠤ ᠳᠠᠭᠠᠨ ᠠᠬᠠᠮᠠᠤᠨ ᠦᠶ᠎ᠠ ᠠᠴᠠ ᠨᠢ ᠲᠠᠷᠠᠭᠠᠯᠠᠨ | ᠰᠠᠭᠤᠵᠠᠭᠠᠵᠤ᠂ ᠲᠤᠷᠭᠠᠨ ᠬᠠᠳᠠᠭ ᠲᠠᠯᠭᠡᠨ ᠬᠤᠭᠤᠷᠤᠠᠳᠤ ᠪᠠᠨ ᠴᠠᠭᠠᠯᠠᠨ᠎ᠠ᠃ ᠲᠠᠬᠦᠤ ᠬᠦᠮᠤᠨ ᠪᠤᠯ ᠠᠬᠠᠰ ᠵᠠᠬᠠᠰ | ᠬᠦᠮᠤᠨ ᠤ ᠪᠠᠨ ᠬᠠᠳᠠᠭ ᠤᠨ ᠲᠤᠭᠤᠤᠷ ᠨᠢ ᠦᠪᠠᠷ ᠤᠨ ᠬᠠᠳᠠᠭ ᠢᠶᠠᠨ ᠪᠠᠷᠢᠵᠤ ︽ᠰᠠᠶᠢᠨ ᠴᠠᠭᠠᠯᠠᠪᠠ ᠤᠤ︖︾ | ᠭᠡᠵᠤ ᠠᠰᠠᠭᠤᠬᠤ ᠪᠦᠭᠡᠤᠨ ᠠᠬᠠᠮᠠᠤᠨ ᠬᠦᠮᠤᠨ ᠪᠤᠯ ᠲᠠᠬᠦᠤ ᠬᠦᠮᠤᠨ ᠤ ᠬᠠᠳᠠᠭ ᠤᠨ ᠲᠠᠭᠡᠬᠦᠷ ᠨᠢ ᠦᠪᠠᠷ ᠤᠨ | ᠬᠠᠳᠠᠭ ᠢᠶᠠᠨ ᠪᠠᠷᠢᠵᠤ ᠰᠢᠨ᠎ᠠ ᠵᠢᠯ ᠤᠨ ᠠᠮᠤᠷ ᠮᠠᠡᠳᠤ ᠶᠢ ᠨᠢ ᠠᠰᠠᠭᠤᠳᠠᠭ ᠪᠢᠯᠨ᠃ ᠲᠠᠷᠠᠭ᠎ᠠ ᠨᠢ ᠮᠠᠨᠤ᠂ ᠬᠠᠰ | ᠬᠦᠬᠦᠤᠷ ᠢᠶᠠᠨ ᠪᠠᠷᠠᠭᠤᠨ ᠭᠠᠷ ᠢᠶᠠᠷ ᠰᠤᠯᠢᠯᠴᠠᠵᠤ ︽ᠰᠢᠨ᠎ᠠ ᠵᠢᠯ ᠴᠠᠭᠠᠨ ᠰᠠᠶᠢᠬᠠᠨ ᠪᠤᠯᠪᠠ ᠤᠤ᠂ ᠰᠦᠷᠥᠭ ᠤᠨ | ᠲᠠᠷᠭᠤ ᠰᠠᠶᠢᠨ ᠤᠷᠤᠪᠠ ᠤᠤ᠂ ᠰᠢᠨ᠎ᠠ ᠬᠠᠭᠤᠴᠢᠨ ᠵᠢᠯ ᠳᠤ ᠲᠠᠨ ᠤ ᠪᠠᠶ᠎ᠠ ᠯᠬᠠᠰᠢᠨ ᠰᠠᠶᠢᠨ︾ ᠭᠡᠵᠤ ᠰᠢᠨ᠎ᠠ | ᠵᠢᠯ ᠤᠨ ᠠᠮᠤᠷ ᠮᠠᠡᠳᠤ ᠠᠰᠠᠭᠤᠯᠴᠠᠨ ᠬᠤᠭᠤᠷᠤᠠᠳᠤ ᠪᠠᠨ ᠲᠠᠮᠠᠬᠢᠯᠠᠨᠠ᠂ ᠵᠠᠷᠢᠮ ᠨᠢ ᠪᠠᠰᠠ ᠭᠠᠨᠭ᠍ᠰᠠ ᠲᠠᠮᠠᠬᠢ ᠪᠠᠨ | ᠰᠤᠯᠢᠯᠴᠠᠳᠠᠭ᠃ ᠬᠠᠨᠢ ᠨᠦᠬᠦᠷ ᠬᠤᠶᠠᠷ ᠢ ᠨᠢᠭᠡ ᠪᠠᠶ᠎ᠠ ᠭᠡᠮᠠᠨ ᠦᠵᠠᠳᠡᠭ ᠲᠤᠯᠨ ᠬᠤᠭᠤᠷᠤᠠᠳᠤ ᠪᠠᠨ ᠬᠠᠳᠠᠭ ᠢᠶᠠᠷ | ᠵᠤᠯᠭᠠᠬᠤ ᠶᠢ ᠴᠠᠭᠡᠷᠯᠠᠨ᠎ᠠ᠂ ᠬᠠᠷᠢᠨ ᠲᠠᠮᠠᠬᠢᠯᠠᠵᠤ ᠪᠤᠯᠤᠨ᠎ᠠ᠃ ᠬᠤᠷᠢᠮᠯᠠᠭᠠᠳᠤᠢ ᠬᠦᠤ ᠭᠡᠤᠭᠡᠨ ᠲᠠᠮᠠᠬᠢᠯᠠᠬᠤ ᠶᠤᠰᠤᠨ | ᠦᠭᠡᠢ᠃ ᠭᠡᠤᠭᠡᠤᠨ ᠦᠶ᠎ᠠ ᠶᠢᠨ ᠬᠢᠨ ᠨᠢ ᠠᠪᠤ ᠡᠵᠢ ᠲᠠᠢ ᠪᠠᠨ ᠵᠤᠯᠭᠠᠭᠰᠠᠨ ᠤ ᠲᠠᠷᠠᠭ᠎ᠠ᠂ ᠠᠪᠤ ᠡᠵᠢ ᠨᠢ ᠵᠢᠯ ᠤᠨ | ᠡᠬᠢᠨ ᠤ ᠪᠠᠯᠡᠭ ᠭᠡᠵᠤ ᠭᠡᠤᠭᠡᠰ ᠲᠡᠭᠡᠨ ᠠᠤᠠᠬᠤ ᠰᠢᠬᠢᠷ ᠦᠭᠬᠦᠨ᠎ᠠ᠃ ᠢᠡᠭᠬᠢᠭᠡᠤᠨ ᠭᠡᠷ ᠢᠶᠠᠷ ᠢᠶᠠᠨ ᠰᠢᠨ᠎ᠠ ᠶᠢᠨ ᠴᠠᠢ | ᠤᠤᠭᠤᠵᠠᠭᠠᠨ᠎ᠠ᠂ ᠲᠠᠷᠠᠭ᠎ᠠ ᠨᠢ ᠰᠢᠨ᠎ᠠ ᠶᠢᠨ ᠬᠤᠭᠤᠯᠨ ᠭᠡᠵᠤ ᠤᠯᠠᠩᠬᠢ ᠳᠠᠭᠠᠨ ᠪᠤᠤᠵᠠ ᠪᠠ ᠬᠤᠨᠢᠨ ᠤ ᠮᠢᠬ᠎ᠠ | ᠴᠢᠨᠠᠵᠤ ᠢᠳᠡᠳᠡᠭ ᠪᠢᠯᠨ᠃ | ᠴᠠᠶᠢᠯᠠᠵᠤ ᠬᠤᠭᠤᠯᠠᠯᠠᠭᠰᠠᠨ ᠤ ᠲᠠᠷᠠᠭ᠎ᠠ ᠡᠳᠤᠷ ᠦᠵᠠᠬᠦᠯᠦᠭᠰᠠᠨ ᠵᠦᠭ ᠤᠨ ᠰᠠᠶᠢᠨ ᠳᠤ ᠭᠡᠷ ᠠᠴᠠ ᠪᠠᠨ | ᠭᠠᠷᠤᠭᠠᠤᠨ ᠮᠦᠷ ᠢᠶᠠᠨ ᠭᠠᠷᠭᠠᠨ᠎ᠠ᠃ ᠭᠡᠷ ᠤᠨ ᠡᠵᠠᠨ ᠨᠢ ᠤᠷᠢᠳᠠᠪᠠᠷ ᠤᠨᠤᠭ᠎ᠠ ᠪᠠᠨ ᠤᠨᠤᠵᠤ ᠭᠡᠢ ᠮᠤᠷᠢ ᠶᠢᠨ | ᠵᠦᠭ ᠲᠤ ᠶᠠᠪᠤᠭᠠᠤᠨ ᠭᠡᠰᠢᠭ ᠪᠤᠶᠠᠨ ᠤ ᠵᠦᠭ ᠠᠴᠠ ᠢᠷᠠᠨ᠎ᠠ᠃ ᠲᠠᠷᠠᠭᠠᠯᠨᠨ ᠭᠡᠷ ᠤᠨ ᠬᠢᠨ ᠪᠦᠬᠦᠳᠠᠭᠡᠷ ᠢᠶᠠᠨ | ᠮᠦᠷ ᠢᠶᠠᠨ ᠭᠠᠷᠭᠠᠵᠤ ᠢᠷᠠᠪᠠᠯ ᠪᠦᠳᠤᠨ ᠵᠢᠯ ᠳᠡᠭᠡᠨ ᠬᠠᠮᠢᠭ᠎ᠠ ᠶᠠᠪᠤᠭᠰᠠᠨ ᠴᠤ ᠵᠠᠮ ᠵᠠᠭᠤᠷ᠎ᠠ ᠪᠠᠨ ᠭᠠᠢ ᠪᠠᠷᠴᠢᠤᠨ | ᠲᠤᠬᠢᠶᠠᠯᠳᠤᠬᠤ ᠦᠭᠡᠢ᠂ ᠰᠠᠨᠠᠭᠰᠠᠨ ᠰᠠᠨᠠᠭ᠎ᠠ ᠪᠠᠷ ᠪᠦᠳᠤᠨ᠎ᠠ ᠭᠡᠵᠤ ᠪᠠᠯᠭᠡᠰᠢᠶᠠᠳᠡᠭ᠃ ᠡᠬᠦᠨ ᠢᠶᠠᠨ ᠲᠠᠭᠤᠰᠬᠠᠪᠠᠯ᠂ | ᠠᠶᠢᠯᠴᠢᠯᠠᠬᠤ ᠪᠠᠷ ᠶᠠᠪᠤᠬᠤ ᠨᠢ ᠤᠨᠤᠭ᠎ᠠ ᠮᠠᠯ ᠪᠠ ᠪᠠᠯᠡᠭ ᠰ᠊ ᠠᠯᠳᠠ ᠪᠠᠨ ᠪᠠᠯᠠᠤᠠᠭᠡᠬᠦ᠂ ᠦᠯᠠᠳᠡᠭᠰᠠᠤᠨ ᠨᠢ ᠲᠦᠯ | ᠮᠠᠯ ᠢᠶᠠᠨ ᠲᠠᠯᠪᠢᠵᠤ᠂ ᠭᠡᠶᠢᠴᠢᠨ ᠵᠤᠴᠢᠨ ᠲᠠᠶᠢᠯᠠᠬᠤ ᠪᠠᠷ ᠶᠠᠭᠠᠷᠠᠯᠳᠤᠳᠠᠭ ᠪᠢᠯᠨ᠃ | ᠲᠤᠷᠭᠤᠤᠨ ᠠᠶᠢᠯ ᠤᠨ ᠪᠦᠰᠠᠬᠦᠢ ᠭᠤᠷᠪᠠᠨ ᠬᠤᠨᠤᠭ ᠤᠨ ᠲᠤᠳᠤᠷ᠎ᠠ ᠲᠦᠷᠬᠦᠮ ᠤᠨ ᠳᠡᠭᠡᠨ ᠶᠠᠪᠤᠬᠤ ᠠᠴᠠ | ᠪᠢᠰᠢ ᠦᠭᠡᠷ᠎ᠠ ᠠᠶᠢᠯ ᠳᠤ ᠶᠠᠪᠤᠳᠠᠭ ᠦᠭᠡᠢ ᠴᠠᠭᠡᠷ ᠲᠠᠢ᠃ | ᠲᠤᠷᠭᠤᠤᠨ ᠠᠶᠢᠯ ᠤᠨ ᠪᠠᠷᠢ ᠬᠠᠳᠠᠮ ᠤᠨ ᠳᠠᠭᠠᠨ ᠴᠠᠭᠠᠯᠠᠵᠤ ᠤᠴᠢᠬᠤ ᠳᠤ ᠭᠡᠷ ᠠᠴᠠ ᠪᠠᠨ ᠮᠤᠳᠤᠨ | ᠪᠠᠭᠪᠤᠷ ᠲᠠᠢ ᠵᠤᠯᠨ ᠶᠢᠨ ᠲᠤᠰᠤ᠂ ᠸᠠᠭᠠᠷ ᠰᠠᠪᠠ ᠲᠠᠢ ᠠᠷᠢᠬᠢ ᠠᠪᠴᠤ ᠬᠦᠷᠳᠡᠭ᠃ ᠬᠠᠳᠠᠮ ᠨᠢ ᠪᠠᠷᠢ ᠪᠠᠨ | ᠢᠷᠠᠬᠦ ᠳᠤ ᠭᠠᠳᠠᠨ᠎ᠠ ᠪᠠᠨ ᠢᠰᠠᠭᠡᠢ ᠲᠠᠪᠢᠰᠴᠤ ᠦᠭᠬᠦᠨ᠎ᠠ᠂ ᠪᠠᠷᠢ ᠨᠢ ᠭᠤᠷᠪᠠ ᠮᠦᠷᠬᠦᠵᠤ ᠡᠬᠦᠳᠠᠨ ᠤ | ᠲᠤᠳᠤᠭᠤ ᠠᠴᠠ ᠠᠳᠢᠰ ᠠᠪᠤᠭᠠᠤᠨ ᠭᠡᠷ ᠲᠤ ᠤᠷᠤᠨ᠎ᠠ᠃ ᠲᠠᠭᠡᠭᠡᠤᠨ ᠵᠤᠯᠨ ᠶᠢᠨ ᠲᠤᠰᠤ ᠪᠠᠨ ᠬᠠᠳᠠᠭ ᠲᠠᠢ ᠬᠠᠮᠳᠤ | ᠪᠤᠷᠬᠠᠨ ᠳᠤ ᠲᠠᠯᠪᠢᠳᠠᠭ᠃ ᠬᠠᠳᠠᠮ ᠤᠨ ᠬᠢᠨ ᠴᠠᠢ ᠠᠶᠠᠭᠠᠯᠠᠭᠰᠠᠨ ᠤ ᠲᠠᠷᠠᠭ᠎ᠠ ᠪᠠᠭᠪᠤᠷ ᠲᠤᠨᠢ ᠰᠢᠬᠢᠷ ᠬᠢᠵᠤ | ᠬᠠᠳᠠᠭ ᠲᠠᠢ ᠪᠤᠴᠠᠭᠠᠵᠤ ᠬᠠᠷᠢᠭᠤ ᠪᠠᠯᠡᠭ ᠪᠠᠷᠢᠳᠠᠭ᠃ | ᠴᠠᠭᠠᠨ ᠰᠠᠷ᠎ᠠ ᠲᠠᠬᠦᠤ ᠪᠠᠷᠢ ᠨᠢ ᠬᠠᠳᠠᠮ ᠠᠬ᠎ᠠ ᠶᠢᠨ ᠳᠠᠭᠠᠨ ᠴᠠᠭᠠᠯᠠᠵᠤ ᠤᠴᠢᠬᠤ ᠳᠤ ᠬᠠᠳᠠᠭ ᠢᠶᠠᠷ | ᠰᠢᠭᠤᠤᠨ ᠵᠤᠯᠭᠠᠬᠤ ᠶᠢ ᠴᠠᠭᠡᠷᠯᠠᠵᠤ᠂ ᠲᠤᠮᠳᠠ ᠨᠢ ᠨᠢᠭᠡ ᠬᠦᠮᠤᠨ ᠬᠠᠳᠠᠭ ᠢ ᠨᠢ ᠲᠠᠮᠵᠢᠭᠤᠯᠵᠤ ᠪᠠᠷᠢᠳᠠᠭ᠃ | ᠲᠠᠭᠡᠬᠦ ᠳᠤ ᠬᠠᠳᠠᠮ ᠠᠬ᠎ᠠ ᠨᠢ ᠲᠤᠰᠴᠤ ᠠᠪᠤᠭᠠᠤᠨ᠂ ᠬᠠᠳᠠᠭ ᠲᠤᠨᠢ ᠰᠢᠬᠢᠷ ᠪᠤᠭᠤᠵᠤ ᠲᠠᠷᠨ ᠬᠦᠮᠤᠨ ᠢᠶᠠᠷ ᠲᠠᠬᠢᠨ | ᠲᠠᠬᠦᠤ ᠪᠠᠷᠢ ᠳᠡᠭᠡᠨ ᠲᠠᠮᠵᠢᠭᠤᠯᠵᠤ ᠦᠭᠬᠦᠨ᠎ᠠ᠂ ᠢᠡᠭᠬᠢᠭᠡᠤᠨ ᠪᠠᠷᠠᠪᠠᠯ ᠲᠠᠬᠦᠤ ᠪᠠᠷᠢ ᠨᠢ ᠬᠠᠳᠠᠮ ᠠᠬ᠎ᠠ ᠲᠠᠢ ᠪᠠᠨ | ᠬᠠᠷᠢᠯᠴᠠᠨ ᠬᠦᠬᠦᠤᠷ ᠢᠶᠠᠷ ᠲᠠᠮᠠᠬᠢᠯᠠᠵᠤ ᠪᠤᠯᠤᠨ᠎ᠠ᠃ ᠡᠨᠡ ᠶᠤᠰᠤ ᠶᠢ ᠭᠠᠷ ᠤᠨ ᠵᠦᠪ ᠦᠭᠬᠦᠨ᠎ᠠ ᠭᠡᠵᠤ ᠭᠡᠯᠠᠳᠡᠭ᠃ | ᠭᠡᠷ ᠤᠨ ᠡᠵᠠᠨ ᠨᠢ ᠵᠦᠭ ᠢᠶᠠᠨ ᠭᠠᠷᠭᠠᠵᠤ ᠢᠷᠡᠭᠰᠠᠨ ᠤ ᠲᠠᠷᠠᠭ᠎ᠠ ᠬᠤᠭᠤᠯᠨ ᠢᠳᠠᠵᠤ ᠭᠡᠳᠤᠨ ᠬᠤᠨᠳᠠᠭ᠎ᠠ | ᠰᠠᠭᠠᠯᠢ ᠶᠢᠨ ᠠᠷᠢᠬᠢ ᠲᠠᠷᠤᠭᠤᠯᠵᠤ᠂ ᠵᠤᠯᠭᠠᠯᠳᠠ ᠶᠢᠨ ᠬᠠᠳᠠᠭ ᠢᠶᠠᠨ ᠠᠪᠴᠤ ᠰᠦᠮ᠎ᠠ ᠳᠤ ᠬᠦᠷᠤᠨ᠎ᠠ᠃ ᠭᠡᠷ ᠨᠢ | ᠰᠦᠮ᠎ᠠ ᠭᠡᠶᠢᠤᠨ ᠠᠴᠠ ᠨᠠᠯᠢᠶᠠᠤᠨ ᠵᠠᠶᠢᠳᠠᠢ ᠨᠢᠭᠡ ᠨᠢ ᠰᠦᠨᠢ ᠳᠡᠭᠡᠨ ᠮᠤᠷᠳᠠᠭᠠᠤᠨ᠂ ᠨᠠᠷᠨ ᠮᠠᠡᠳᠤᠬᠤ ᠶᠢᠨ ᠦᠶ᠎ᠠ ᠪᠠᠷ | ᠰᠦᠮ᠎ᠠ ᠳᠤ ᠬᠦᠷᠴᠤ ᠬᠠᠮᠳᠤ ᠪᠠᠷ ᠰᠢᠭᠳᠡᠷ ᠲᠤ ᠮᠦᠷᠬᠦᠨ᠎ᠠ᠃ ᠲᠠᠭᠡᠭᠡᠤᠨ ᠯᠠᠮᠨ ᠬᠤᠸᠠᠷᠠᠭ᠂ ᠰᠠᠶᠢᠤᠨ ᠲᠦᠰᠢᠮᠠᠯ᠂ | ᠡᠭᠡᠯ ᠠᠷᠠᠤᠨ ᠲᠠᠢ ᠬᠤᠭᠤᠷᠤᠠᠳᠤ ᠪᠠᠨ ᠬᠠᠳᠠᠭ ᠢᠶᠠᠷ ᠵᠤᠯᠭᠠᠵᠤ᠂ ᠬᠦᠬᠦᠤᠷ ᠰᠤᠯᠢᠯᠴᠠᠨ ᠲᠠᠮᠠᠬᠢᠯᠠᠳᠠᠭ᠃ ᠰᠢᠨ᠎ᠠ ᠶᠢᠨ | ᠮᠠᠡᠳᠤ ᠰᠤᠷᠠᠯᠴᠠᠭᠰᠠᠨ ᠤ ᠲᠠᠷᠠᠭ᠎ᠠ ᠭᠡᠶᠢᠤᠨ ᠤᠨ ᠴᠠᠢ ᠳᠤ ᠰᠠᠭᠤᠬᠤ᠂ ᠸᠠᠩ ᠨᠤᠶᠠᠨ ᠤ ᠦᠷᠬᠦᠭᠡ ᠶᠢᠨ ᠴᠠᠢ᠂ | ᠬᠤᠰᠢᠭᠤ ᠲᠠᠮᠠᠭ᠎ᠠ ᠶᠢᠨ ᠴᠠᠶᠢᠯᠠᠯᠭ᠎ᠠ ᠳᠤ ᠤᠷᠤᠬᠤ ᠵᠠᠷᠭᠡ ᠭᠡᠳᠤᠨ ᠶᠠᠪᠤᠴᠠ ᠦᠡᠭᠭᠡᠷᠠᠬᠦᠯᠵᠤ ᠨᠠᠯᠢᠶᠠᠤᠨ ᠤᠷᠤᠢ | ᠪᠤᠯᠳᠠᠯ᠎ᠠ ᠨᠠᠶᠢᠷᠯᠠᠭᠠᠤᠨ ᠭᠡᠷ ᠭᠡᠷ ᠲᠡᠭᠡᠨ ᠬᠠᠷᠢᠵᠠᠭᠠᠳᠠᠭ᠃ | ᠴᠠᠭᠠᠨ ᠰᠠᠷ᠎ᠠ ᠶᠢᠨ ᠬᠤᠭᠤᠴᠠᠭᠠᠨ ᠳᠤ ᠬᠤᠰᠢᠭᠤ ᠨᠤᠶᠠᠨ ᠨᠢ ᠬᠢᠶ᠎ᠠ ᠪᠠᠨ ᠲᠠᠭᠠᠭᠤᠯᠵᠤ ᠠᠶᠢᠯ ᠳᠤ ᠶᠠᠪᠤᠵᠤ | ᠨᠠᠰᠤᠳᠠᠶᠢᠴᠤᠤᠨ ᠲᠤ ᠵᠤᠯᠭᠠᠯᠳᠠ ᠬᠢᠳᠡᠭ᠂ ᠨᠤᠶᠠᠨ ᠳᠤ ᠵᠤᠯᠭᠠᠭᠰᠠᠤᠨ ᠬᠠᠳᠠᠭ ᠪᠠᠷᠢᠵᠤ᠂ ᠪᠠᠷᠠᠭᠤᠨ ᠡᠪᠤᠳᠥᠭ ᠢᠶᠠᠨ | ᠲᠠᠷᠤᠵᠤ ᠰᠦᠬᠦᠷᠠᠨ ᠮᠦᠷᠬᠦᠵᠤ ᠴᠠᠭᠠᠯᠠᠳᠠᠭ᠃ | ᠴᠠᠭᠠᠨ ᠰᠠᠷ᠎ᠠ ᠶᠢᠨ ᠠᠷᠪᠠᠨ ᠲᠠᠪᠤᠨ ᠪᠤᠯᠬᠤ ᠳᠤ ᠰᠦᠮ᠎ᠠ ᠶᠢᠨ ᠤᠢᠢᠷ᠎ᠠ ᠬᠠᠪᠢ ᠶᠢᠨ ᠠᠶᠢᠯ ᠤᠳ | ᠰᠦᠮ᠎ᠠ ᠶᠢᠨ ᠮᠠᠶᠢᠳᠠᠷᠢ ᠶᠢᠨ ᠬᠤᠷᠠᠯ ᠬᠤᠷᠠᠬᠤ ᠳᠤ ᠤᠴᠢᠳᠠᠭ ᠵᠠᠩᠰᠢᠯ ᠲᠠᠢ᠃ ᠡᠨᠡ ᠬᠤᠷᠠᠯ ᠳᠤ ᠭᠡᠶᠢᠤᠨ ᠤᠨ ᠯᠠᠮᠨ | ᠨᠠᠷ ᠠᠴᠠ ᠨᠤᠮ ᠤᠡᠭᠰᠢᠵᠤ ᠱᠠᠰᠢᠨ ᠤ ᠠᠵᠢᠯᠯᠠᠭ᠎ᠠ ᠶᠠᠪᠤᠭᠤᠯᠵᠤ ᠰᠦᠵᠢᠭᠳᠡᠨ ᠤᠯᠠᠨ ᠴᠠᠮ ᠬᠠᠷᠠᠶᠢᠬᠤ ᠶᠢ | ᠰᠤᠨᠢᠷᠬᠠᠳᠠᠭ᠃᠂ ᠮᠠᠶᠢᠳᠠᠷᠢ ᠶᠢᠨ ᠬᠤᠷᠠᠯ ᠲᠠᠬᠦᠰᠪᠠᠯ ᠬᠤᠷᠠᠯ ᠤᠨ ᠯᠠᠮᠨ ᠪᠠ ᠪᠠᠨᠳᠢ ᠨᠠᠷ ᠬᠦᠳᠡᠭᠡ ᠭᠡᠷ ᠲᠡᠭᠡᠨ | ᠬᠠᠷᠢᠵᠤ ᠴᠠᠭᠠᠯᠠᠵᠤ ᠪᠤᠯᠤᠨ᠎ᠠ᠂ ᠢᠡᠭᠬᠢᠭᠡᠤᠨ ᠰᠢᠨ᠎ᠠ ᠴᠠᠭ᠎ᠠ ᠠᠭᠠᠵᠢᠮ ᠢᠶᠠᠷ ᠲᠠᠬᠦᠰᠤᠨᠠ᠃ | ︵ᠨᠠ᠊ · ᠠᠯᠳᠠᠡᠴᠠᠴᠡᠭ ᠤᠨ ᠨᠠᠶᠢᠷᠠᠭᠤᠯᠤᠨ ᠵᠤᠬᠢᠶᠠᠭᠰᠠᠨ ︽ᠡᠵᠠᠨ᠎ᠠ ᠲᠤᠷᠭᠤᠤᠨ ᠤᠨ | ᠶᠤᠰᠤ ᠵᠠᠩᠰᠢᠯ ᠤᠨ ᠤᠯᠠᠮᠵᠢᠯᠠᠯ ᠰᠢᠨᠠᠴᠢᠯᠠᠯ︾ ᠨᠤᠮ ᠠᠴᠠ ᠠᠪᠤᠪᠠ︶ | |