ᠰᠢᠷᠭᠤᠭᠤᠯ ᠬᠢᠬᠦ ᠶᠠᠪᠤᠴᠠ᠄ ᠰᠢᠷᠭᠤᠭᠤᠯ ᠬᠢᠬᠦ ᠤᠷᠳᠤ ᠦᠰᠦ ᠪᠡᠯᠡᠳᠦᠨ᠎ᠡ᠂ ᠡᠨᠡᠬᠦ ᠦᠰᠦ ᠶᠢ | ᠣᠯᠠᠩᠬᠢ ᠳᠠᠭᠠᠨ ᠥᠪᠡᠷᠰᠡᠳ ᠤᠨ ᠳᠠᠭᠠᠬᠢᠷᠠᠭᠰᠠᠨ ᠦᠰᠦᠨ ᠤ ᠰᠠᠪ ᠢᠶᠠᠷ ᠬᠢᠳᠡᠭ᠃ ᠰᠢᠷᠭᠤᠭᠤᠯ ᠦᠰᠦ ᠶᠢ | ᠬᠤᠭᠤᠷᠣᠨᠳᠤ ᠨᠢ ᠨᠠᠭᠠᠬᠤ ᠨᠠᠭᠠᠯᠳᠤᠭᠤᠷ ᠪᠡᠯᠡᠳᠦᠨ᠎ᠡ᠂ ᠲᠡᠭᠦᠨ ᠢᠶᠠᠨ ᠦᠰᠦᠨ ᠤ ᠲᠦᠷᠬᠢᠴᠡ ᠭᠡᠳᠡᠭ᠂ ᠲᠤᠰ | ᠨᠠᠭᠠᠯᠳᠤᠭᠤᠷ ᠢ ᠬᠤᠮᠠ ᠶᠢ ᠳᠡᠪᠲᠦᠭᠡᠵᠦ ᠪᠦᠳᠦᠭᠦᠯᠢᠭ ᠰᠢᠷᠬᠡᠭ ᠲᠠᠢ ᠪᠥᠰ ᠰᠠᠪᠠ ᠳᠤ ᠬᠢᠭᠡᠳ ᠳᠡᠭᠡᠷ᠎ᠡ ᠠᠴᠠ ᠨᠢ | ᠪᠠᠭ᠎ᠠ ᠤᠰᠤ ᠬᠢᠵᠦ ᠤᠯᠠᠨ ᠲᠠᠬᠢᠨ ᠨᠤᠬᠤᠵᠤ ᠰᠢᠬᠠᠨ᠎ᠠ ︵ᠤᠯᠠᠨ ᠤᠳᠠᠭ᠎ᠠ ᠤᠰᠤ ᠬᠢᠵᠦ ᠰᠢᠬᠠᠳᠠᠭ︶᠂ | ᠲᠡᠭᠡᠭᠰᠡᠭᠡᠷ ᠨᠢᠭᠡ ᠵᠦᠢᠯ ᠤᠨ ᠬᠥᠭᠡᠰᠦᠷᠡᠭᠰᠡᠨ ᠴᠠᠪᠠᠤ ᠰᠢᠭ᠋ ᠶᠠᠭᠤᠮ᠎ᠠ ᠭᠠᠷᠤᠨ᠎ᠠ᠂ ᠲᠡᠭᠦᠨ ᠢᠶᠠᠨ | ᠰᠢᠷᠭᠤᠭᠤᠯᠦᠰᠦᠨ ᠳᠤ ᠲᠦᠷᠬᠢᠵᠦ ᠰᠡᠪᠡᠷᠡᠭᠡᠵᠦ ᠬᠠᠳᠠᠭᠠᠨ᠎ᠠ᠂ ᠲᠡᠭᠡᠬᠦ ᠳᠡᠭᠡᠨ ᠬᠡᠲᠦᠷᠡᠲᠡᠯ᠎ᠡ ᠶᠡᠭᠡ ᠬᠠᠳᠠᠭᠠᠵᠤ | ᠪᠤᠯᠬᠤ ᠦᠭᠡᠢ᠂ ᠲᠡᠭᠡᠪᠡᠯ ᠬᠠᠲᠠᠭᠤᠷᠠᠭᠠᠳ ᠦᠰᠦᠨ ᠤ ᠦᠵᠦᠭᠦᠷ ᠤᠨ ᠬᠡᠰᠡᠭ ᠢ ᠠᠮᠢᠨ ᠦᠰᠦ ᠲᠠᠢ ᠨᠡᠶᠢᠯᠡᠭᠦᠯᠵᠦ | ᠰᠦᠯᠵᠢᠵᠦ ᠲᠡᠶᠢᠯᠬᠦ ᠦᠭᠡᠢ ᠪᠣᠯᠣᠨ᠎ᠠ᠃ ᠠᠳᠡ ᠲᠣᠳᠣᠷᠬᠠᠶᠢᠯᠠᠬᠤ ᠴᠢᠬᠤᠯᠠ ᠲᠠᠢ ᠵᠦᠢᠯ ᠭᠡᠪᠡᠯ ᠦᠰᠦᠨ ᠤ ᠰᠡᠪ ᠢ | ᠨᠡᠶᠢᠯᠡᠭᠦᠯᠦᠨ ᠰᠠᠮᠨᠠᠭᠠᠳ ᠬᠦᠷᠦᠵᠦ ᠦᠭᠭᠦ ᠪᠢᠰᠢ᠂ ᠬᠠᠷᠢᠨ ᠵᠠᠳᠠᠭᠠᠢ ᠦᠰᠦᠨ ᠳᠤ ᠨᠠᠭᠠᠯᠳᠤᠭᠤᠷ ᠲᠦᠷᠬᠢᠭᠡᠳ | ᠬᠤᠭᠤᠷᠣᠨᠳᠤ ᠨᠢ ᠨᠠᠭᠠᠯᠳᠤᠭᠤᠯᠵᠤ ᠥᠭᠭᠦᠨ᠎ᠡ᠃ ᠨᠠᠭᠠᠯᠳᠤᠭᠤᠷ ᠢᠶᠠᠨ ᠪᠠᠷᠤᠭ ᠰᠢᠷᠬᠡᠭ ᠦᠰᠦ ᠪᠣᠯᠭᠠᠨ ᠳᠤ | ᠲᠦᠷᠬᠢᠵᠦ ᠦᠭᠬᠦ ᠬᠡᠷᠡᠭᠲᠡᠢ᠂ ᠦᠭᠡᠢ ᠪᠣᠯ ᠬᠠᠲᠠᠭᠰᠠᠨ ᠤ ᠲᠠᠷᠠᠭ᠎ᠠ ᠬᠥᠪᠰᠥᠶᠢᠵᠦ ᠪᠣᠰᠣᠭᠠᠳ ᠦᠰᠦᠨ ᠤ ᠰᠡᠪ | ᠳᠠᠷᠤᠭᠳᠠᠬᠤ ᠦᠭᠡᠢ ᠪᠤᠯᠳᠠᠭ᠃ ᠱᠤᠷᠭᠤᠣᠯ ᠢ ᠨᠢᠭᠡ ᠲᠠᠯ᠎ᠠ ᠳᠤᠨᠢ ᠭᠤᠷᠪᠠ᠂ ᠨᠡᠶᠢᠳᠡ ᠵᠢᠷᠭᠤᠭ᠎ᠠ ᠪᠡᠯᠡᠳᠦᠨ᠎ᠡ᠂ | ᠨᠢᠭᠡ ᠲᠠᠯ᠎ᠠ ᠶᠢᠨ ᠭᠤᠷᠪᠠᠨ ᠰᠢᠷᠭᠤᠭᠤᠯ ᠨᠢ ᠵᠤᠯᠠᠢ ᠶᠢᠨ ᠰᠢᠷᠭᠤᠭᠤᠯ᠂ ᠳᠤᠮᠳᠠ ᠰᠢᠷᠭᠤᠭᠤᠯ᠂ ᠰᠢᠯᠢ ᠶᠢᠨ | ᠰᠢᠷᠭᠤᠭᠤᠯ ᠭᠡᠬᠦ ᠨᠡᠷ᠎ᠡ ᠲᠠᠢ᠂ ᠭᠤᠷᠪᠠᠨ ᠰᠢᠷᠭᠤᠭᠤᠯ ᠤᠨ ᠶᠠᠩᠵᠤ ᠬᠡᠯᠪᠡᠷᠢ ᠨᠢ ᠤᠭ ᠲᠠᠭᠠᠨ ᠭᠤᠯᠳᠤᠶᠢᠭᠰᠠᠨ᠂ | ᠵᠤᠵᠠᠭᠠᠯᠢᠭ᠂ ᠳᠡᠮᠡᠢ ᠳᠤᠭᠤᠢ ᠪᠤᠰᠤ ᠲᠡᠶᠢᠮᠦ ᠶᠠᠩᠵᠤ ᠲᠠᠢ ᠪᠠᠶᠢᠭᠠᠳ ᠳᠡᠭᠡᠳᠦ ᠵᠠᠭᠤᠨ ᠤ ᠭᠤᠴᠢ᠂ ᠳᠥᠴᠢᠭᠡᠳ | ᠣᠨ ᠪᠣᠯᠵᠤ ᠢᠷᠡᠭᠡᠳ ᠳᠤᠮᠳᠠ ᠰᠢᠷᠭᠤᠭᠤᠯ ᠢ ᠥᠷᠭᠡᠨ ᠬᠠᠪᠲᠠᠭᠠᠢ ᠬᠢᠬᠦ ᠪᠣᠯᠤᠭᠰᠠᠨ ᠪᠥᠭᠡᠳ ᠥᠪᠡᠷᠰᠡᠳ ᠤᠨ | ᠳᠤᠷᠠᠰᠢᠯ ᠪᠠ ᠪᠡᠶ᠎ᠡ ᠶᠢᠨ ᠲᠥᠯᠥᠪ ᠲᠡᠭᠡᠨ ᠵᠣᠬᠢᠴᠠᠭᠤᠯᠤᠨ ᠪᠦᠳᠦᠭᠦᠨ ᠪᠠᠭ᠎ᠠ ᠰᠢᠭ᠋ ᠠᠳᠠᠯᠢ ᠪᠤᠰᠤ ᠬᠢᠳᠡᠭ ᠪᠣᠯᠵᠠᠢ᠃ | ᠳᠤᠮᠳᠠ ᠰᠢᠷᠭᠤᠭᠤᠯ ᠢ ᠵᠠᠰᠠᠬᠤ ᠳᠤ ᠵᠣᠬᠢᠬᠤ ᠬᠡᠮᠵᠢᠶᠡᠨ ᠤ ᠮᠡᠷᠭᠡᠵᠢᠯ ᠬᠡᠷᠡᠭᠰᠡᠨ᠎ᠡ᠂ ᠰᠢᠷᠭᠤᠭᠤᠯ ᠪᠣᠯᠭᠠᠨ ᠤ | ᠳᠡᠭᠡᠳᠦ ᠦᠵᠦᠭᠦᠷ ᠲᠤ ᠮᠥᠨ ᠦᠰᠦᠨ ᠤ ᠰᠡᠪ ᠢᠶᠠᠷ ᠪᠠᠷᠤᠭ ᠰᠦᠭᠡᠮ ᠬᠢᠷᠢᠲᠡᠢ ᠨᠠᠷᠢᠨ ᠰᠢᠯᠪᠢ ᠰᠦᠯᠵᠢᠵᠦ ᠬᠢᠨ᠎ᠡ᠂ | ᠲᠤᠰ ᠰᠢᠯᠪᠢ ᠶᠢ ᠬᠠᠮᠤᠭ ᠲᠡᠷᠢᠭᠦᠨ ᠬᠢᠭᠡᠳ ᠴᠢᠨᠠᠭᠰᠢ ᠨᠢ ᠬᠡᠰᠡᠭ ᠬᠡᠰᠡᠭ ᠢᠶᠠᠷ ᠦᠰᠦ ᠨᠡᠮᠡᠵᠦ ᠤᠲᠠᠰᠤ ᠪᠠᠷ | ᠴᠢᠩᠭ᠎ᠠ ᠣᠷᠢᠶᠠᠨ ᠣᠶᠣᠵᠤ ᠰᠢᠷᠭᠤᠭᠤᠯ ᠦᠰᠦ ᠬᠢᠳᠡᠭ᠃ | ᠰᠢᠷᠭᠤᠭᠤᠯ ᠦᠰᠦ ᠬᠦᠷᠦᠬᠦ ᠶᠠᠪᠤᠴᠠ᠄ ᠬᠠᠮᠤᠭ ᠲᠡᠷᠢᠭᠦᠨ ᠳᠤ ᠲᠣᠯᠣᠭᠠᠢ ᠶᠢᠨ ᠦᠰᠦ ᠶᠢ ᠵᠠᠭᠠᠳᠠᠰᠤᠯᠠᠨ | ᠬᠤᠶᠠᠷ ᠲᠡᠶᠢᠰᠢ ᠲᠡᠭᠰᠢ ᠬᠤᠪᠢᠶᠠᠵᠤ᠂ ᠵᠠᠭᠠᠳᠠᠰᠤᠨ ᠤ ᠬᠤᠶᠠᠷ ᠲᠠᠯ᠎ᠠ ᠪᠠᠷ ᠬᠡᠰᠡᠭ ᠦᠰᠦ ᠦᠯᠡᠳᠡᠭᠡᠨ ᠲᠡᠭᠦᠨ ᠢᠶᠠᠨ | ᠭᠤᠷᠪᠠ ᠠᠩᠭᠢᠯᠠᠨ᠂ ᠭᠤᠷᠪᠠᠨ ᠰᠢᠷᠭᠤᠭᠤᠯ ᠦᠰᠦ ᠪᠦᠷᠬᠦᠵᠦ ᠦᠭᠭᠦ ᠬᠠᠯᠢᠪ ᠦᠰᠦ ᠪᠣᠯᠭᠠᠨ᠎ᠠ᠂ ᠲᠠᠷᠠᠭ᠎ᠠ ᠨᠢ | ᠭᠤᠷᠪᠠᠨ ᠰᠢᠷᠭᠤᠭᠤᠯ ᠦᠰᠦ ᠵᠡᠭᠦᠬᠦ ᠲᠤᠰ ᠲᠤᠰ ᠤᠨ ᠴᠡᠭ ᠲᠣᠭᠲᠠᠭᠠᠨ ᠲᠤᠰ ᠲᠤᠰ ᠲᠤᠨᠢ ᠬᠡᠰᠡᠭ ᠠᠮᠢᠨ ᠦᠰᠦ | ᠦᠯᠡᠳᠡᠭᠡᠨ᠎ᠡ᠃ ᠲᠡᠭᠡᠭᠡᠳ ᠰᠢᠯᠢ ᠶᠢᠨ ᠰᠢᠷᠭᠤᠭᠤᠯ ᠤᠨ ᠰᠢᠯᠪᠢ ᠶᠢ ᠥᠨᠥ ᠦᠯᠡᠳᠡᠭᠡᠭᠰᠡᠨ ᠬᠡᠰᠡᠭ ᠠᠮᠢᠨ | ᠦᠰᠦ ᠲᠠᠢ ᠨᠡᠶᠢᠯᠡᠭᠦᠯᠦᠨ ᠰᠦᠯᠵᠢᠵᠦ ᠲᠤᠰ ᠰᠢᠷᠭᠤᠭᠤᠯ ᠢ ᠵᠡᠭᠦᠵᠦ ᠲᠣᠭᠲᠠᠭᠠᠨ᠎ᠠ᠃ ᠡᠨᠡ ᠮᠡᠲᠦ ᠪᠠᠷ | ᠵᠤᠯᠠᠢ ᠵᠢᠨᠰᠢᠷᠭᠤᠭᠤᠯ ᠪᠠ ᠳᠤᠮᠳᠠ ᠰᠢᠷᠭᠤᠭᠤᠯ ᠢ ᠲᠣᠭᠲᠠᠭᠠᠨ᠎ᠠ᠂ ᠡᠭᠦᠨ ᠳᠤ ᠭᠤᠷᠪᠠᠨ ᠰᠢᠷᠭᠤᠭᠤᠯ ᠤᠨ ᠲᠤᠰ | ᠲᠤᠰ ᠤᠨ ᠴᠡᠭ ᠲᠣᠭᠲᠠᠭᠠᠬᠤ ᠪᠣᠯ ᠬᠠᠮᠤᠭ ᠴᠢᠬᠤᠯᠠ᠃ ᠵᠤᠯᠠᠢ ᠶᠢᠨ ᠰᠢᠷᠭᠤᠭᠤᠯ ᠪᠠ ᠳᠤᠮᠳᠠᠰᠢᠷᠭᠤᠭᠤᠯ ᠢ | ᠤᠶᠢᠷᠠᠯᠴᠠᠭ᠎ᠠ ᠪᠠᠶᠢᠷᠢᠯᠠᠭᠤᠯᠤᠨ᠎ᠠ᠃ ᠵᠤᠯᠠᠢ ᠶᠢᠨ ᠬᠡᠰᠡᠭ ᠠᠮᠢᠨ ᠦᠰᠦ ᠶᠢ ᠳᠤᠭᠤᠶᠢᠯᠠᠨ ᠵᠠᠰᠠᠵᠤ ᠨᠠᠭᠠᠯᠳᠤᠭᠤᠷ | ᠲᠦᠷᠬᠢᠭᠡᠳ ᠴᠢᠬᠢᠨ ᠤ ᠬᠤᠶᠢᠭᠤᠷ ᠣᠷᠣᠭᠤᠯᠤᠨ ᠰᠢᠯᠢ ᠶᠢᠨ ᠰᠢᠷᠭᠤᠭᠤᠯ ᠲᠠᠢ ᠨᠡᠶᠢᠯᠡᠭᠦᠯᠵᠦ ᠭᠦᠷᠦᠨ᠎ᠡ᠃ ᠭᠤᠷᠪᠠᠨ | ᠰᠢᠷᠭᠤᠭᠤᠯ ᠦᠰᠦ ᠶᠢ ᠠᠮᠢᠨ ᠦᠰᠦ ᠲᠠᠢ ᠨᠡᠶᠢᠯᠡᠭᠦᠯᠦᠨ ᠰᠦᠯᠵᠢᠬᠦ ᠠᠷᠭ᠎ᠠ᠄ ᠬᠠᠮᠤᠭ ᠲᠡᠷᠢᠭᠦᠨ ᠳᠤ ᠰᠢᠯᠢ ᠶᠢᠨ | ᠰᠢᠷᠭᠤᠭᠤᠯ ᠢ ᠲᠡᠷᠡ ᠬᠠᠪᠢ ᠳᠤᠨᠢ ᠦᠯᠡᠳᠡᠭᠡᠭᠰᠡᠨ ᠬᠠᠯᠢᠪ ᠦᠰᠦ ᠪᠠᠷ ᠪᠦᠷᠬᠦᠵᠦ ᠵᠤᠯᠠᠢ ᠶᠢᠨ ᠰᠢᠷᠭᠤᠭᠤᠯ | ︵ᠬᠠᠯᠢᠪ ᠦᠰᠦ ᠲᠠᠢ ᠨᠢ ᠬᠠᠮᠲᠤ︶ ᠲᠠᠢ ᠰᠣᠯᠢᠪᠴᠠᠭᠤᠯᠤᠨ ᠳᠠᠷᠤᠨ᠎ᠠ᠂ ᠳᠠᠷᠤᠢ ᠵᠤᠯᠠᠢ ᠶᠢᠨ ᠰᠢᠷᠭᠤᠭᠤᠯ ᠢᠶᠠᠷ | ᠰᠢᠯᠢ ᠶᠢᠨ ᠰᠢᠷᠭᠤᠭᠤᠯ ᠢ ᠳᠠᠷᠤᠵᠤ᠂ᠵᠠᠪᠰᠠᠷ ᠲᠤᠨᠢ ᠳᠤᠮᠳᠠ ᠰᠢᠷᠭᠤᠭᠤᠯ ᠢ ᠲᠠᠯᠪᠢᠵᠤ ᠬᠠᠯᠢᠪ ᠦᠰᠦ ᠪᠠᠷ | ᠪᠦᠷᠬᠦᠵᠦ᠂ ᠳᠤᠮᠳᠠ ᠰᠢᠷᠭᠤᠭᠤᠯ ᠢ ᠠᠷᠤᠭᠰᠢ ᠤᠨᠠᠬᠤ ᠪᠠᠷ ᠦᠭᠡᠢ ᠲᠣᠭᠲᠠᠪᠤᠷᠢᠲᠠᠢ ᠪᠤᠯᠭᠠᠵᠤ ᠥᠭᠭᠦᠨ᠎ᠡ᠃ | ᠲᠡᠭᠡᠭᠡᠳᠴᠢᠨᠠᠭᠰᠢ ᠪᠠᠨ ᠬᠡᠳᠦ ᠰᠦᠯᠵᠢᠭᠡᠳ ᠦᠰᠦᠨ ᠤ ᠦᠵᠦᠭᠦᠷ ᠢ ᠲᠣᠷᠭᠠᠨ ᠬᠠᠷ᠎ᠠ ᠤᠲᠠᠰᠤ ᠪᠠᠷ ᠪᠣᠭᠤᠵᠤ᠂ | ᠦᠰᠦᠨ ᠤ ᠭᠡᠷ ᠲᠤ ᠲᠦᠷᠢᠬᠦ ᠳᠤ ᠪᠡᠯᠡᠬᠡᠨ ᠪᠣᠯᠭᠠᠨ᠎ᠠ᠃ ᠰᠢᠯᠢ ᠶᠢᠨ ᠳᠠᠭᠵᠠᠨ ᠳᠤ᠂ ᠳᠠᠷᠤᠢ ᠵᠠᠭᠠᠳᠠᠰᠤᠨ ᠤ | ᠬᠤᠶᠠᠷ ᠲᠠᠯ᠎ᠠ ᠳᠤ ᠲᠤᠰ ᠪᠦᠷᠢ ᠵᠢᠭᠠᠬᠠᠨ ᠦᠰᠦ ᠠᠪᠴᠤ᠂ ᠠᠰ ᠠᠰ ᠲᠤᠨᠢ ᠰᠦᠯᠵᠢᠭᠡᠳ ᠬᠠᠮᠤᠭ ᠰᠡᠭᠦᠯ ᠳᠤ | ᠰᠢᠯᠢ ᠶᠢᠨ ᠰᠢᠷᠭᠤᠭᠤᠯ ᠪᠠ ᠲᠡᠭᠦᠨ ᠤ ᠬᠠᠯᠢᠪ ᠦᠰᠦ ᠲᠠᠢ ᠨᠡᠶᠢᠯᠡᠭᠦᠯᠦᠨ ᠬᠠᠮᠲᠤᠷᠠᠭᠤᠯᠤᠨ ᠰᠦᠯᠵᠢᠨ᠎ᠡ᠂ ᠡᠨᠡᠬᠦ | ᠦᠰᠦ ᠶᠢ ᠬᠤᠯᠠᠭᠠᠢ ᠬᠦᠷᠦᠭᠡ ᠭᠡᠳᠡᠭ ᠪᠠᠶᠢᠵᠠᠢ᠃ | ᠦᠰᠦ ᠪᠠᠨ ᠭᠦᠷᠦᠵᠦ ᠪᠠᠷᠠᠭᠠᠳ ᠭᠠᠳᠠᠭᠤᠷ ᠨᠢ ᠦᠰᠦᠨ ᠤ ᠪᠤᠳᠤᠭ ᠲᠦᠷᠬᠢᠵᠦ ᠦᠭᠳᠡᠭ᠂ ᠡᠨᠡᠬᠦ ᠪᠤᠳᠤᠭ ᠢ | ᠨᠠᠷᠢᠨ ᠪᠤᠳᠠᠭ᠎ᠠ ︵ᠲᠣᠷᠭᠤᠳ ᠤᠯᠤᠰ ᠬᠤᠨᠤᠭ ᠪᠤᠳᠠᠭ᠎ᠠ ᠭᠡᠳᠡᠭ︶ ᠶᠢ ᠬᠠᠶᠢᠰᠤᠨ ᠳᠤ ᠬᠢᠵᠦ ᠵᠥᠭᠡᠯᠡᠨ ᠭᠠᠯ ᠢᠶᠠᠷ | ᠬᠡᠰᠡᠭ ᠬᠠᠭᠤᠷᠤᠭᠠᠳ᠂ ᠳᠡᠭᠡᠷ᠎ᠡ ᠠᠴᠠ ᠨᠢ ᠵᠢᠭᠠᠬᠠᠨ ᠴᠠᠢ ᠪᠤᠶᠤ ᠤᠰᠤ ᠬᠢᠵᠦ ᠪᠤᠴᠠᠯᠭᠠᠨ᠎ᠠ᠂ ᠬᠡᠰᠡᠭ ᠪᠤᠴᠠᠯᠭᠠᠭᠠᠳ | ᠪᠤᠳᠠᠭ᠎ᠠ ᠪᠠᠨ ᠱᠦᠭᠦᠵᠦ ᠠᠪᠤᠭᠠᠳ ᠦᠯᠡᠳᠡᠭᠰᠡᠨ ᠰᠢᠩᠭᠡᠨ ᠢ ᠪᠤᠴᠠᠯᠭᠠᠭᠠᠳ ᠪᠠᠶᠢᠨ᠎ᠠ᠂ ᠰᠢᠷ᠎ᠠ ᠬᠦᠭᠡᠰᠦ ᠶᠢ ᠨᠢ | ᠠᠪᠴᠤ ᠬᠠᠶᠠᠭᠠᠳ ᠪᠠᠶᠢᠨ᠎ᠠ᠂ ᠲᠡᠭᠡᠵᠦ ᠪᠠᠶᠢᠲᠠᠯ᠎ᠠ ᠬᠠᠪ ᠬᠠᠷ᠎ᠠ ᠭᠢᠯᠠᠯᠵᠠᠭᠰᠠᠨ ᠶᠠᠭᠤᠮ᠎ᠠ ᠥᠳᠬᠡᠷᠡᠭᠡᠳ ᠢᠷᠡᠨ᠎ᠡ᠂ | ᠡᠭᠦᠨ ᠢᠶᠠᠨ ᠴᠡᠪᠡᠷᠬᠡᠨ ᠰᠠᠪᠠᠨ ᠳᠤ ᠠᠭᠤᠳᠠᠯᠤᠭᠠᠳ ᠬᠡᠰᠡᠭ ᠬᠥᠷᠥᠭᠡᠵᠦ ᠦᠰᠦᠨ ᠳᠡᠭᠡᠨ ᠲᠦᠷᠬᠢᠨ᠎ᠡ᠂ ᠦᠰᠦᠨ ᠳᠤ | ᠥᠩᠭᠡ ᠤᠷᠤᠭᠤᠯᠬᠤ ᠪᠠ ᠦᠰᠦ ᠬᠠᠷᠠᠯᠠᠭᠤᠯᠬᠤ ᠦᠢᠯᠡᠳᠦᠯ ᠲᠠᠢ᠃ ᠪᠤᠳᠠᠭ᠎ᠠ ᠪᠠᠨ ᠢᠯᠡᠭᠦᠦ ᠬᠠᠭᠤᠷᠠᠪᠠᠯ | ᠦᠰᠦᠨ ᠤ ᠪᠤᠳᠤᠭ ᠬᠦᠷᠡᠩ ᠪᠣᠯᠵᠤ᠂ ᠳᠤᠲᠠᠭᠤ ᠬᠠᠭᠤᠷᠠᠪᠠᠯ ᠰᠢᠷ᠎ᠠ ᠪᠣᠯᠵᠤ᠂ ᠶᠠᠪ ᠴᠠᠪ ᠲᠠᠭᠠᠷᠠᠭᠤᠯᠪᠠᠯ ᠬᠠᠪ | ᠬᠠᠷ᠎ᠠ ᠥᠩᠭᠡ ᠲᠠᠢ ᠪᠤᠯᠳᠠᠭ ᠪᠠᠶᠢᠵᠠᠢ᠃ ᠲᠣᠯᠣᠭᠠᠢ ᠪᠠᠨ ᠤᠬᠢᠶᠠᠬᠤ ᠦᠶ᠎ᠡ ᠳᠤ ᠰᠢᠷᠭᠤᠭᠤᠯ ᠦᠰᠦ ᠪᠠᠨ ᠠᠪᠴᠤ | ᠦᠩᠭᠢᠵᠦ ᠤᠰᠤᠨ ᠳᠤ ᠤᠬᠢᠶᠠᠭᠠᠳ ᠲᠠᠬᠢᠵᠤ ᠨᠠᠭᠠᠵᠤ ᠵᠡᠭᠦᠨ᠎ᠡ᠃ ᠰᠥᠨᠢ ᠤᠨᠲᠠᠬᠤ ᠳᠠᠭᠠᠨ ᠴᠤ ᠠᠪᠴᠤ ᠪᠤᠯᠬᠤ | ᠦᠭᠡᠢ᠂ ᠶᠡᠷᠦ ᠨᠢ ᠪᠦᠰᠡᠭᠦᠢ ᠬᠥᠮᠥᠨ ᠶᠠᠮᠠᠷ ᠴᠤ ᠴᠠᠭ ᠲᠤ ᠭᠡᠳ ᠮᠠᠯᠠᠭᠠᠢ᠂ ᠰᠢᠷᠭᠤᠭᠤᠯ ᠢᠶᠠᠨ ᠠᠪᠴᠤ ᠪᠤᠯᠬᠤ | ᠦᠭᠡᠢ᠂ ᠠᠪᠤᠪᠠᠯ ᠬᠥᠮᠥᠨ ᠳᠤ ᠮᠠᠭᠤ ᠬᠡᠯᠡᠭᠳᠡᠨ᠎ᠡ᠃ ᠰᠢᠷᠭᠤᠭᠤᠯ ᠦᠰᠦ ᠪᠠᠨ ᠣᠯᠠᠩᠬᠢ ᠪᠦᠰᠡᠭᠦᠶᠢᠴᠦᠳ | ᠥᠪᠡᠷᠰᠡᠳ ᠢᠶᠠᠨ ᠭᠦᠷᠦᠭᠡᠳ ᠵᠡᠭᠦᠵᠦ᠂ ᠲᠤᠩ ᠡᠰᠡ ᠴᠢᠳᠠᠬᠤ ᠨᠢ ᠬᠥᠮᠥᠨ ᠢᠶᠠᠷ ᠬᠦᠷᠦᠭᠦᠯᠳᠡᠭ᠃ | ᠴᠢᠯᠦᠭᠡᠯᠡᠭᠰᠡᠨ ᠤ ᠲᠠᠷᠠᠭ᠎ᠠ ᠪᠦᠰᠡᠭᠦᠶᠢᠴᠦᠳ ᠠᠯᠬᠤᠮ ᠠᠯᠬᠤᠮ ᠢᠶᠠᠷ ᠰᠢᠷᠭᠤᠭᠤᠯ ᠦᠰᠦ ᠵᠡᠭᠦᠬᠦ ᠪᠠᠨ ᠪᠣᠯᠢᠭᠠᠳ | ᠠᠮᠢᠨ ᠦᠰᠦ ᠪᠠᠨ ᠬᠤᠶᠠᠷ ᠬᠤᠪᠢᠶᠠᠨ ᠰᠦᠯᠵᠢᠵᠦ ᠦᠰᠦᠨ ᠤ ᠭᠡᠷ ᠲᠡᠭᠡᠨ ᠬᠢᠬᠦ ᠪᠣᠯᠤᠭᠰᠠᠨ ᠪᠥᠭᠡᠳ ᠲᠡᠭᠦᠨ ᠢᠶᠠᠨ | ᠰᠢᠢᠮᠡᠭ ᠦᠰᠦ ᠭᠡᠳᠡᠭ᠃ | ᠦᠰᠦᠨ ᠤ ᠭᠡᠷ᠄ ᠬᠠᠷ᠎ᠠ ᠲᠣᠷᠭ᠎ᠠ᠂ ᠬᠠᠷ᠎ᠠ ᠬᠢᠯᠢᠩ ᠪᠤᠶᠤ ᠬᠠᠷ᠎ᠠ ᠪᠥᠰ ᠢᠶᠠᠷ ᠬᠢᠭᠰᠡᠨ ᠨᠠᠷᠢᠬᠠᠨ ᠤᠷᠳᠤ | ᠳᠤᠭᠲᠤᠢ᠃ ᠳᠤᠭᠲᠤᠢ ᠶᠢᠨ ᠠᠮᠠᠰᠠᠷ ᠨᠢ ᠭᠤᠷᠪᠠᠯᠵᠢᠨ ᠬᠡᠯᠪᠡᠷᠢ ᠲᠠᠢ᠂ ᠠᠮᠠᠰᠠᠷ ᠤᠨ ᠬᠤᠶᠠᠷ ᠲᠠᠯ᠎ᠠ ᠶᠢᠨ | ᠬᠦᠪᠡᠭᠡ ᠪᠠᠷ ᠨᠢ ᠨᠣᠭᠤᠭᠠᠨ ᠤᠲᠠᠰᠤ ᠪᠠᠷ ᠴᠠᠯᠮ᠎ᠠ ᠪᠤᠶᠤ ᠵᠡᠭᠡᠭ ᠪᠠᠷᠢᠵᠤ᠂ ᠬᠠᠵᠠᠭᠤ ᠪᠠᠷ ᠨᠢ ᠮᠥᠨ ᠨᠣᠭᠤᠭᠠᠨ | ᠤᠲᠠᠰᠤ ᠪᠠᠷ ᠦᠷᠭᠦᠯᠵᠢ ᠰᠢᠭᠯᠠᠵᠤ ᠦᠭᠳᠡᠭ᠃ ᠵᠠᠷᠢᠮ ᠨᠢ ᠴᠠᠯᠮ᠎ᠠ ᠪᠤᠶᠤ ᠵᠡᠭᠡᠭ ᠤᠨ ᠣᠷᠣᠨ ᠳᠤ ᠰᠤᠮᠤᠨ | ᠨᠢᠷᠤᠭᠤ ᠬᠠᠳᠬᠤᠵᠤ᠂ ᠦᠷᠭᠦᠯᠵᠢ ᠰᠢᠭᠯᠠᠭᠠᠰᠤ ᠶᠢᠨ ᠳᠣᠲᠣᠭᠤᠷ ᠵᠠᠭᠤᠷᠠᠪᠴᠢᠯᠠᠵᠤ᠂ ᠵᠠᠷᠢᠮ ᠨᠢ ᠵᠠᠭᠤᠷᠠᠪᠴᠢ ᠶᠢᠨ | ᠣᠷᠣᠨ ᠳᠤ ᠬᠤᠨᠢᠨ ᠬᠤᠯᠪᠤᠭ᠎ᠠ ᠬᠠᠳᠬᠤᠵᠤ ᠦᠭᠳᠡᠭ᠃ ᠦᠰᠦᠨ ᠤ ᠭᠡᠷ ᠲᠤ ᠨᠢᠭᠤᠷ ᠲᠠᠯ᠎ᠠ ᠪᠠ ᠳᠣᠲᠣᠷ ᠲᠠᠯ᠎ᠠ | ᠭᠡᠵᠦ ᠪᠠᠶᠢᠳᠠᠭ᠃ ᠳᠣᠲᠣᠷ ᠲᠠᠯ᠎ᠠ ᠶᠢᠨ ᠠᠮᠠᠰᠠᠷ ᠲᠤᠨᠢ ᠤᠲᠠᠰᠤ ᠪᠠᠷ ᠣᠭᠤᠰᠣᠷ ᠬᠢᠨ᠎ᠡ᠂ ᠦᠰᠦ ᠪᠠᠨ ᠦᠰᠦᠨ ᠤ | ᠭᠡᠷ ᠲᠤ ᠬᠢᠭᠰᠡᠨ ᠤ ᠲᠠᠷᠠᠭ᠎ᠠ ᠨᠢᠭᠤᠷ ᠲᠠᠯ᠎ᠠ ᠶᠢᠨ ᠠᠮᠠᠰᠠᠷ ᠲᠠᠬᠢ ᠣᠭᠤᠰᠣᠷ ᠢ ᠦᠰᠦᠨ ᠤ ᠵᠠᠪᠰᠠᠷ ᠢᠶᠠᠷ ᠳᠣᠲᠣᠷ | ᠲᠠᠯ᠎ᠠ ᠳᠤᠨᠢ ︵ᠴᠠᠭᠠᠲᠤ ᠲᠠᠯ᠎ᠠ︶ ᠭᠠᠷᠭᠠᠵᠤ᠂ ᠳᠣᠲᠣᠷ ᠲᠠᠯ᠎ᠠ ᠳᠤ ᠪᠠᠶᠢᠭ᠎ᠠ ᠲᠣᠪᠴᠢ ᠳᠤ ᠣᠷᠣᠭᠤᠯᠵᠤ | ᠲᠣᠭᠲᠠᠭᠠᠨ᠎ᠠ᠃ ᠦᠰᠦᠨ ᠤ ᠭᠡᠷ ᠤᠨ ᠳᠣᠣᠷᠠᠳᠤ ᠲᠠᠯ᠎ᠠ ᠲᠡᠭᠰᠢ ᠬᠡᠯᠪᠡᠷᠢ ᠲᠠᠢ ᠪᠠᠶᠢᠳᠠᠭ᠂ ᠲᠡᠭᠦᠨ ᠢ ᠨᠣᠭᠤᠭᠠᠨ | ᠤᠲᠠᠰᠤ ᠪᠠᠷ ᠵᠠᠷᠢᠮ ᠨᠢ ᠭᠤᠷᠪᠠ᠂ ᠲᠠᠪᠤ ᠪᠤᠶᠤ ᠲᠤᠯᠤᠭ᠎ᠠ ᠪᠠᠷ ᠰᠣᠶᠤᠭ᠎ᠠ ᠭᠠᠷᠭᠠᠵᠤ ᠬᠠᠳᠬᠤᠵᠤ ᠭᠤᠶᠣᠯᠠᠨ᠎ᠠ᠂ | ᠮᠥᠨ ᠦᠰᠦᠨ ᠤ ᠭᠡᠷ ᠤᠨ ᠳᠣᠣᠷᠠᠳᠤ ᠬᠦᠪᠡᠭᠡ ᠶᠢ ᠪᠢᠲᠡᠭᠦᠯᠡᠵᠦ ᠣᠶᠣᠬᠤ ᠦᠭᠡᠢ ᠵᠠᠳᠠᠭᠠᠢ ᠪᠠᠷ ᠢᠶᠠᠨ ᠪᠠᠶᠢᠬᠤ | ᠪᠥᠭᠡᠳ ᠣᠯᠠᠩᠬᠢ ᠨᠢ ᠡᠪᠦᠳᠦᠭ ᠲᠤ ᠲᠤᠯᠤᠭᠰᠠᠨ ᠤᠷᠳᠤ ᠦᠰᠦᠨ ᠤ ᠭᠡᠷ ᠵᠡᠭᠦᠳᠡᠭ ᠪᠠᠶᠢᠵᠠᠢ᠃ ᠪᠦᠰᠡ | ᠪᠦᠰᠡᠯᠡᠵᠦ ᠪᠠᠶᠢᠭ᠎ᠠ ᠦᠶ᠎ᠡ ᠳᠤ ᠦᠰᠦᠨ ᠤ ᠭᠡᠷ ᠢᠶᠠᠨ ᠪᠦᠰᠡᠨ ᠤ ᠳᠣᠣᠭᠤᠷ ᠳᠠᠷᠤᠭᠤᠯᠤᠨ ᠵᠡᠭᠦᠳᠡᠭ | ᠶᠣᠰᠣ ᠲᠠᠢ᠃ | ᠦᠰᠦᠨ ᠤ ᠭᠡᠷ ᠤᠨ ᠬᠠᠳᠠᠯᠭ᠎ᠠ᠄ ᠦᠰᠦᠨ ᠤ ᠭᠡᠷ ᠤᠨ ᠠᠮᠠᠨ ᠤ ᠭᠤᠷᠪᠠᠯᠵᠢᠨ ᠬᠡᠰᠡᠭ ᠲᠤ ᠬᠠᠳᠠᠬᠤ | ᠲᠡᠮᠦᠷᠯᠢᠭ ᠤᠨ ᠵᠦᠢᠯ᠃ ᠪᠠᠶᠠᠨ ᠴᠢᠨᠡᠭᠡᠯᠢᠭ ᠨᠢ ᠠᠯᠳᠠ᠂ ᠮᠥᠩᠭᠦ ᠪᠠᠷ ᠬᠢᠭᠰᠡᠨ ᠵᠢᠪᠠᠳᠤ ᠶᠢᠨ ᠲᠣᠯᠣᠭᠠᠢ ᠬᠠᠳᠠᠵᠤ᠂ | ᠴᠢᠯᠦᠭᠡᠯᠡᠬᠦ ᠠᠴᠠ ᠡᠮᠦᠨᠡᠬᠡᠨ ᠪᠣᠯᠵᠤ ᠢᠷᠡᠭᠡᠳ ᠳᠡᠭᠡᠷ᠎ᠡ ᠪᠠᠨ ᠱᠢᠷᠦ᠂ ᠰᠤᠪᠤᠳ᠂ ᠲᠣᠪᠴᠢᠨ ᠰᠢᠭᠢᠳᠬᠡᠷᠢ ᠲᠠᠢ ᠪᠤᠶᠤ | ᠥᠯᠵᠡᠢ ᠤᠲᠠᠰᠤᠨ ᠬᠡ ᠲᠠᠢ ᠭᠤᠷᠪᠠᠯᠵᠢᠨ ᠮᠥᠩᠭᠦᠨ ᠬᠠᠳᠠᠯᠭ᠎ᠠ ᠶᠢ ᠨᠡᠶᠢᠳᠡᠮ ᠬᠠᠳᠠᠬᠤ ᠪᠣᠯᠵᠠᠢ᠃ ᠠᠶᠢᠯ ᠳᠤ | ᠮᠣᠷᠳᠠᠬᠤ ᠨᠠᠰᠤᠨ ᠳᠤ ᠬᠦᠷᠦᠭᠰᠡᠨ ᠪᠤᠯᠪᠠᠴᠤ ᠮᠣᠷᠳᠠᠭ᠎ᠠ ᠦᠭᠡᠢ ᠡᠮᠡᠭᠲᠡᠢ ᠶᠢᠨ ᠦᠰᠦ ᠶᠢ ᠨᠢ ᠬᠤᠶᠠᠷ ᠬᠤᠪᠢᠶᠠᠵᠤ | ᠭᠦᠷᠦᠵᠦ ᠦᠭᠳᠡᠭ ᠪᠠᠶᠢᠭᠰᠠᠨ ᠪᠥᠭᠡᠳ ᠤᠯᠤᠰ ᠤᠳ ᠶᠠᠮᠠᠷ ᠶᠠᠮᠠᠷ ᠠᠶᠢᠯ ᠤᠨ ᠬᠤᠶᠠᠷ ᠦᠰᠦᠲᠦ ᠬᠡᠮᠡᠨ | ᠬᠤᠴᠢᠯᠠᠵᠤ᠂ ᠪᠠᠰᠠ ᠶᠠᠩᠪᠠ ᠪᠠᠨ ᠣᠯᠤᠭ᠎ᠠ ᠦᠭᠡᠢ ᠡᠮᠡᠭᠲᠡᠢ ᠭᠡᠳᠡᠭ ᠪᠠᠶᠢᠵᠠᠢ᠂ ᠡᠶᠢᠮᠦ ᠡᠮᠡᠭᠲᠡᠢ ᠳᠤ ᠰᠢᠷᠭᠤᠭᠤᠯ | ᠦᠰᠦ ᠪᠠ ᠦᠰᠦᠨ ᠤ ᠭᠡᠷ ᠵᠡᠭᠦᠯᠭᠡᠳᠡᠭ ᠦᠭᠡᠢ ᠶᠣᠰᠣ ᠲᠠᠢ ᠪᠠᠶᠢᠭᠠᠳ ᠬᠤᠷᠢᠳᠤᠭᠠᠷ ᠵᠠᠭᠤᠨ ᠤ ᠡᠬᠢ ᠪᠣᠯᠵᠤ | ᠢᠷᠡᠭᠡᠳ ᠪᠦᠷ ᠵᠡᠭᠦᠳᠡᠭ ᠪᠣᠯᠤᠭᠰᠠᠨ ᠬᠡᠮᠡᠨ ᠨᠠᠰᠤᠲᠠᠳ ᠮᠡᠳᠡᠭᠡᠯᠡᠵᠦ ᠪᠠᠶᠢᠭᠰᠠᠨ᠃ |