ᠲᠥᠯ ᠬᠥᠩᠭᠡᠯᠡᠬᠦ ᠶᠢ ᠮᠣᠩᠭᠤᠯᠴᠤᠳ ᠶᠡᠬᠡᠳᠡ ᠡᠷᠬᠢᠮᠨᠡᠨ ᠬᠦᠨᠳᠦᠳᠬᠡᠳᠡᠭ ᠵᠠᠩᠰᠢᠯ ᠲᠠᠢ ᠶᠤᠮ᠃ | ᠲᠥᠯ ᠢ ᠪᠢᠯᠢᠭ ᠤᠨ ᠤᠯᠠᠷᠢᠯ ᠤᠨ5 ᠰᠠᠷ᠎ᠠ ᠶᠢᠨ ᠡᠬᠢ ᠪᠠᠷ ᠬᠥᠩᠭᠡᠯᠡᠳᠡᠭ᠃ ᠥᠩᠭᠡᠷᠡᠭᠰᠡᠨ ᠳᠤ ᠬᠠᠭᠤᠴᠢᠨ | ᠲᠣᠭᠠᠨ ᠤ ᠰᠠᠷ᠎ᠠ ᠪᠦᠷᠢ ᠶᠢᠨ15 ᠳᠤ ᠮᠠᠯ ᠤᠨ ᠠᠮᠢ ᠨᠢ ᠪᠦᠭᠦ ᠪᠡᠶ᠎ᠡ ᠳᠤ ᠨᠢ ᠪᠠᠶᠢᠵᠤ᠂ 25 ᠠᠴᠠ ᠬᠤᠶᠢᠰᠢ | ᠬᠤᠩᠰᠢᠶᠠᠷ ᠲᠤ ᠨᠢ ᠪᠠᠶᠢᠳᠠᠭ ᠪᠣᠯᠬᠤᠷ ᠲᠡᠮᠡᠭᠡ ᠶᠢ ᠡᠨᠡ ᠦᠶ᠎ᠡ ᠪᠤᠶᠢᠯᠠᠯᠠᠵᠤ ᠪᠤᠯᠳᠠᠭ ᠦᠭᠡᠢ ᠭᠡᠳᠡᠭ᠂ ᠰᠠᠷ᠎ᠠ ᠶᠢᠨ | ᠰᠢᠨᠠᠳ ᠢᠶᠠᠷ ᠮᠠᠯ ᠤᠨ ᠠᠮᠢ ᠨᠢ ᠲᠣᠯᠣᠭᠠᠢ ᠳᠠᠭᠠᠨ ᠪᠠᠶᠢᠳᠠᠭ᠂ ᠡᠶᠢᠮᠦ ᠠᠴᠠ ᠲᠥᠯ ᠢ ᠰᠠᠷ᠎ᠠ ᠶᠢᠨ ᠰᠢᠨᠠᠳ ᠢᠶᠠᠷ | ᠬᠥᠩᠭᠡᠯᠡᠪᠡᠯ ᠰᠠᠶᠢᠨ ᠭᠡᠵᠦ ᠨᠠᠰᠤᠲᠠᠶᠢᠴᠤᠳ ᠬᠠᠭᠤᠴᠢᠯᠠᠳᠠᠭ ᠨᠢ ᠤᠴᠢᠷ ᠲᠠᠢ ᠶᠤᠮ᠃ | ᠥᠩᠭᠡᠷᠡᠭᠰᠡᠨ ᠳᠤ ᠲᠥᠯ ᠬᠥᠩᠭᠡᠯᠡᠬᠦ ᠳᠡᠭᠡᠨ ᠯᠠᠮᠠ ᠪᠠᠷ ᠡᠳᠦᠷ ᠰᠣᠳᠤᠷ ᠦᠵᠡᠭᠦᠯᠳᠡᠭ ᠪᠠᠶᠢᠵᠠᠢ᠃ ᠣᠳᠣ | ᠪᠣᠯ ᠲᠤᠩᠭᠠᠯᠠᠭ ᠰᠠᠶᠢᠬᠠᠨ ᠡᠳᠦᠷ ᠢ ᠰᠣᠩᠭᠤᠵᠤ ᠲᠥᠯ ᠢᠶᠠᠨ ᠬᠥᠩᠭᠡᠯᠡᠨ᠎ᠡ᠃ ᠲᠥᠯ ᠬᠥᠩᠭᠡᠯᠡᠬᠦ ᠳᠡᠭᠡᠨ ᠬᠠᠰᠢᠶ᠎ᠠ᠂ | ᠭᠡᠷ ᠤᠨ ᠣᠶᠢᠷ᠎ᠠ ᠡᠭᠡᠪᠦᠷ ᠭᠠᠵᠠᠷ ᠲᠤ ᠢᠰᠡᠭᠡᠢ ᠳᠡᠪᠢᠰᠦᠨ᠎ᠡ᠃ ᠵᠠᠪᠠᠯ ᠰᠢᠨ᠎ᠡ ᠪᠤᠶᠤ ᠴᠡᠪᠡᠷ ᠢᠰᠡᠬᠡᠢ ᠬᠡᠷᠡᠭᠯᠡᠨ᠎ᠡ᠃ | ᠢᠰᠡᠬᠡᠢ ᠳᠡᠭᠡᠷ᠎ᠡ ᠬᠠᠰ ᠬᠡ ᠵᠢᠷᠤᠳᠠᠭ᠃ ᠲᠥᠯ ᠬᠥᠩᠭᠡᠯᠡᠬᠦ ᠳᠡᠭᠡᠨ ᠳᠡᠪᠢᠰᠦᠭᠰᠡᠨ ᠢᠰᠡᠬᠡᠢ ᠶᠢ ᠬᠠᠰᠢᠶᠠᠨ ᠳᠡᠭᠡᠷ᠎ᠡ | ᠲᠠᠯᠪᠢᠵᠤ᠂ ᠭᠤᠷᠪᠠ ᠬᠤᠨᠣᠭᠤᠯᠤᠭᠠᠳ ᠰᠠᠶ᠋ᠢ ᠠᠪᠴᠤ ᠭᠡᠷ ᠲᠤ ᠣᠷᠣᠭᠤᠯᠬᠤ ᠪᠤᠶᠤ ᠬᠡᠷᠡᠭᠯᠡᠵᠦ ᠪᠤᠯᠳᠠᠭ᠃ | ᠲᠥᠯ ᠢ ᠨᠣᠬᠠᠢ ᠡᠳᠦᠷ ᠬᠥᠩᠭᠡᠯᠡᠪᠡᠯ ᠰᠠᠶᠢᠨ ᠭᠡᠳᠡᠭ᠃ ᠮᠥᠨ ᠨᠣᠬᠠᠢ ᠵᠠᠰᠠᠭᠰᠠᠨ ᠬᠥᠮᠥᠨ ᠲᠥᠯ | ᠬᠥᠩᠭᠡᠯᠡᠪᠡᠯ ᠬᠥᠩᠭᠡᠨ ᠪᠠᠶᠢᠳᠠᠭ ᠭᠡᠳᠡᠭ᠃ ᠬᠠᠷᠢᠨ ᠡᠯᠵᠢᠭᠡ ᠵᠠᠰᠠᠳᠠᠭ ᠬᠥᠮᠥᠨ ᠤ ᠭᠠᠷ ᠬᠦᠨᠳᠦ ᠪᠠᠶᠢᠳᠠᠭ ᠭᠡᠨ᠎ᠡ᠃ | ᠲᠥᠯ ᠢ ᠪᠠᠷᠰ ᠡᠳᠦᠷ ᠬᠥᠩᠭᠡᠯᠡᠬᠦ ᠶᠢ ᠴᠡᠭᠡᠷᠯᠡᠳᠡᠭ᠃ | ᠲᠥᠯ ᠬᠥᠩᠭᠡᠯᠡᠬᠦ ᠳᠤ ᠮᠠᠯ ᠤᠨ ᠬᠠᠰᠢᠶ᠎ᠠ ᠬᠤᠷᠣᠭᠠᠨ ᠳᠠᠭᠠᠨ ᠠᠷᠴᠠ᠂ ᠶᠠᠰᠤ᠂ ᠰᠢᠷ᠎ᠠ ᠲᠣᠰᠣ᠂ ᠰᠢᠷ᠎ᠠ | ᠪᠤᠳᠠᠭ᠎ᠠ ᠵᠡᠷᠭᠡ ᠶᠢ ᠰᠠᠪᠠᠨ ᠳᠤ ᠬᠢᠵᠦ ᠰᠢᠳᠠᠭᠠᠭᠠᠳ ᠭᠡᠩᠰᠢᠭᠦᠦ ᠤᠲᠤᠭ᠎ᠠ ᠣᠭᠤᠬᠢᠭᠤᠯᠵᠤ ᠪᠠᠶᠢᠭᠠᠳ ᠵᠠᠰᠠᠳᠠᠭ᠃ | ᠪᠠᠰᠠ ᠰᠠᠭᠠᠯᠢ ᠶᠢᠨ ᠰᠠᠭᠤᠯᠭ᠎ᠠ ᠳᠤ ᠨᠠᠷᠢᠨ ᠪᠤᠳᠠᠭ᠎ᠠ᠂ ᠬᠥᠬᠡ ᠲᠠᠷᠢᠶ᠎ᠠ ᠬᠢᠵᠦ᠂ ᠰᠦ ᠲᠤᠰᠤᠭᠠᠵᠤ᠂ ᠰᠠᠭᠤᠯᠭᠠᠨ ᠤ | ᠰᠠᠨᠵᠢ ᠳᠤ ᠬᠠᠳᠠᠭ ᠣᠶᠣᠵᠤ ᠪᠡᠯᠡᠭᠡᠨᠡ᠃ | ᠲᠥᠯ ᠬᠥᠩᠭᠡᠯᠡᠭᠴᠢ ᠳᠤ ᠭᠡᠷ ᠤᠨ ᠡᠵᠡᠨ ᠰᠦ ᠬᠤᠭᠤᠷᠮᠠᠭ ᠠᠮᠰᠠᠭᠤᠯᠵᠤ᠂ ᠬᠠᠳᠠᠭ ᠪᠠᠷᠢᠵᠤ ᠬᠦᠨᠳᠦᠯᠡᠨ | ᠵᠠᠯᠠᠬᠤ ᠰᠡᠳᠬᠢᠯᠭᠡ ᠪᠠᠨ ᠢᠯᠡᠳᠬᠡᠳᠡᠭ᠃ | ᠬᠤᠷᠠᠭ᠎ᠠ ᠢᠰᠢᠭᠡ ᠶᠢ ᠬᠥᠩᠭᠡᠯᠡᠬᠦ ᠠᠵᠢᠯ ᠡᠬᠢᠯᠡᠬᠦ ᠳᠤ ᠬᠠᠮᠤᠭ ᠤᠨ ᠲᠡᠷᠢᠭᠦᠨ ᠳᠤ ᠨᠢᠭᠡ ᠡᠮ᠎ᠡ ᠢᠰᠢᠭᠡ | ᠪᠤᠶᠤ ᠬᠤᠷᠠᠭ᠎ᠠ ᠶᠢ ᠪᠠᠷᠢᠵᠤ ᠠᠪᠤᠭᠠᠳ ᠥᠭᠡᠳᠡ ᠨᠢ ᠬᠠᠷᠠᠭᠤᠯᠵᠤ ᠬᠥᠩᠭᠡᠯᠡᠬᠦ ᠶᠠᠩᠵᠤ ᠭᠠᠷᠭᠠᠵᠤ ᠲᠤᠮ ᠬᠢᠳᠡᠭ᠂ | ᠲᠡᠭᠡᠭᠡᠳ ᠵᠠᠪᠠᠯ ᠬᠠᠮᠠᠷ ᠬᠠᠯᠵᠠᠨ ᠬᠤᠷᠠᠭ᠎ᠠ ᠠᠴᠠ ᠡᠬᠢᠯᠡᠵᠦ ᠬᠥᠩᠭᠡᠯᠡᠨ᠎ᠡ᠂ ᠬᠠᠮᠤᠭ ᠰᠡᠭᠦᠯ ᠳᠤᠨᠢ ᠪᠠᠰᠠ ᠬᠤᠷᠠᠭ᠎ᠠ | ᠪᠠᠷ ᠲᠡᠭᠦᠰᠬᠡᠳᠡᠭ᠃ | ᠬᠤᠷᠠᠭ᠎ᠠ ᠢᠰᠢᠭᠡ ᠶᠢ ᠬᠥᠩᠭᠡᠯᠡᠬᠦ ᠳᠤ ᠬᠤᠷᠴᠠ ᠦᠵᠦᠭᠦᠷ ᠲᠠᠢ ᠵᠢᠵᠢᠭ ᠳᠣᠩᠭᠤᠷᠠᠭ ᠬᠡᠷᠡᠭᠯᠡᠳᠡᠭ᠃ | ᠬᠤᠷᠠᠭ᠎ᠠ ᠢᠰᠢᠭᠡᠨ ᠤ ᠪᠥᠭᠡᠰᠢᠭ ᠤᠨ ᠠᠷᠠᠰᠤ ᠶᠢ ᠳᠡᠭᠡᠭᠰᠢ ᠲᠠᠲᠠᠵᠤ ᠭᠠᠳᠠᠭᠰᠢ ᠰᠡᠳᠡᠯᠤᠨ ᠪᠥᠭᠡᠰᠢᠭ ᠢ ᠨᠢ ᠰᠢᠬᠠᠨ | ᠭᠠᠷᠭᠠᠵᠤ ᠪᠠᠶᠢᠭᠠᠳ ᠰᠤᠭᠤᠯᠤᠨ ᠠᠪᠴᠤ᠂ ᠪᠤᠷᠠᠭ ᠢ ᠨᠢ ᠴᠢᠩᠭ᠎ᠠ ᠴᠢᠮᠬᠢᠵᠤ ᠲᠠᠯᠪᠢᠨ᠎ᠠ᠃ ᠲᠡᠭᠡᠭᠡᠳ | ᠰᠤᠭᠤᠯᠤᠭᠰᠠᠨ ᠪᠥᠭᠡᠰᠢᠭ ᠢᠶᠠᠨ ᠪᠡᠯᠡᠳᠬᠡᠭᠰᠡᠨ ᠰᠠᠭᠤᠯᠭᠠᠨ ᠳᠠᠭᠠᠨ ᠬᠢᠵᠦ ᠠᠪᠤᠨ᠎ᠠ᠃ | ᠲᠥᠯ ᠬᠥᠩᠭᠡᠯᠡᠭᠴᠢ ᠬᠠᠮᠤᠭ ᠤᠨ ᠲᠦᠷᠦᠭᠦᠨ ᠳᠤ ᠬᠥᠩᠭᠡᠯᠡᠭᠰᠡᠨ ᠬᠤᠷᠠᠭ᠎ᠠ ᠪᠠᠨ : | ︽ᠥᠳᠥᠨ ᠠᠴᠠ ᠬᠥᠩᠭᠡᠨ | ᠰᠤᠮᠤᠨ ᠠᠴᠠ ᠲᠦᠷᠭᠡᠨ | ᠡᠪᠡᠳᠭᠦ ᠨᠢ ᠵᠣᠭᠰᠣᠵᠤ | ᠡᠷᠲᠡ ᠡᠲᠡᠭᠡᠬᠦ ᠪᠣᠯᠳᠣᠭᠠᠢ︾ ᠭᠡᠵᠦ ᠢᠷᠥᠬᠡᠳᠡᠭ᠃ | ᠬᠤᠷᠠᠭ᠎ᠠ ᠢᠰᠢᠭᠡ ᠬᠥᠩᠭᠡᠯᠡᠭᠡᠳ ᠭᠠᠷ ᠲᠤ ᠨᠠᠭᠠᠯᠳᠤᠭᠰᠠᠨ ᠨᠣᠤᠰᠣ ᠶᠢ ᠭᠠᠵᠠᠷ ᠬᠠᠶᠠᠬᠤ ᠶᠢ ᠴᠡᠭᠡᠷᠯᠡᠨ᠎ᠡ᠂ | ᠵᠠᠪᠠᠯ ᠴᠤᠭ ᠳᠡᠭᠡᠷ᠎ᠡ ᠰᠢᠲᠠᠭᠠᠵᠤ ᠭᠡᠩᠰᠢᠭᠦᠦ ᠭᠠᠷᠭᠠᠨ ᠠᠷᠢᠭᠤᠳᠬᠠᠨ᠎ᠠ᠃ | ᠬᠥᠩᠭᠡᠯᠡᠭᠰᠡᠨ ᠲᠥᠯ ᠢᠶᠠᠨ ᠭᠡᠷ ᠤᠨ ᠪᠠᠭᠠᠨ᠎ᠠ ᠵᠡᠷᠭᠡ ᠤᠷᠲᠤ ᠮᠣᠳᠣᠨ ᠤ ᠳᠡᠭᠡᠭᠦᠷ ᠬᠠᠷᠠᠶᠢᠯᠭᠠᠵᠤ | ᠭᠠᠷᠭᠠᠳᠠᠭ᠃ | ᠬᠥᠩᠭᠡᠯᠡᠭᠰᠡᠨ ᠲᠥᠯ ᠬᠡᠪᠲᠡᠪᠡᠯ ᠮᠠᠭᠤ ᠭᠡᠳᠡᠭ᠃ ᠲᠡᠭᠦᠨ ᠢ ᠦᠷᠭᠦᠯᠵᠢ ᠬᠥᠳᠡᠯᠭᠡᠵᠦ ᠨᠠᠰᠢ ᠴᠠᠰᠢ | ᠶᠠᠪᠤᠭᠤᠯᠪᠠᠯ ᠰᠠᠶᠢᠨ᠃ ᠲᠡᠭᠡᠭᠦ ᠳᠡᠭᠡᠨ ᠰᠢᠷᠦᠭᠦᠨ ᠬᠥᠭᠡᠭᠡᠵᠦ ᠳᠠᠭᠤᠵᠤ ᠪᠤᠯᠬᠤ ᠦᠭᠡᠢ᠃ ᠬᠡᠷᠪᠡ ᠬᠥᠩᠭᠡᠯᠡᠭᠰᠡᠨ | ᠲᠥᠯ ᠠᠴᠠ ᠴᠢᠰᠤ ᠶᠡᠭᠡ ᠭᠠᠷᠪᠠᠯ ᠲᠡᠷᠡ ᠴᠢᠰᠤ ᠶᠢ ᠨᠢ ᠰᠠᠪᠠᠨ ᠳᠤ ᠲᠣᠰᠴᠤ ᠠᠪᠤᠭᠠᠳ ᠲᠡᠷᠡ ᠲᠥᠯ ᠳᠤᠨᠢ | ᠤᠤᠭᠤᠯᠭᠠᠪᠠᠯ ᠬᠠᠯᠠᠭᠤᠷᠠᠬᠤ ᠶᠢ ᠰᠡᠷᠭᠡᠶᠢᠯᠡᠵᠦ ᠴᠢᠳᠠᠨ᠎ᠠ᠃ ᠤᠬᠤᠨ᠎ᠠ᠂ ᠬᠤᠴᠠ ᠶᠢ ᠬᠥᠩᠭᠡᠯᠡᠬᠦ ᠳᠤ ᠴᠢᠰᠤ ᠶᠡᠭᠡ | ᠭᠠᠷᠪᠠᠯ ᠮᠥᠨ ᠳᠡᠭᠡᠷᠡᠬᠢ ᠠᠷᠭ᠎ᠠ ᠶᠢ ᠬᠡᠷᠡᠭᠯᠡᠪᠡᠯ ᠰᠠᠶᠢᠨ ᠪᠤᠯᠳᠠᠭ ᠪᠥᠭᠡᠳ ᠰᠢᠷᠬ᠎ᠠ ᠨᠢ ᠲᠦᠷᠭᠡᠨ ᠡᠳᠡᠭᠡᠨ᠎ᠡ᠃ | ᠢᠰᠢᠭᠡ ᠬᠤᠷᠠᠭ᠎ᠠ ᠶᠢ ᠪᠠᠭ᠎ᠠ ᠳᠡᠭᠡᠷ᠎ᠡ ᠨᠢ ᠬᠥᠩᠭᠡᠯᠡᠪᠡᠯ ᠬᠥᠩᠭᠡᠨ ᠰᠠᠶᠢᠨ ᠪᠠᠶᠢᠳᠠᠭ᠂ ᠭᠡᠪᠡᠴᠦ ᠨᠠᠮᠤᠷ | ᠪᠣᠯᠭᠠᠭᠠᠳ ᠬᠥᠩᠭᠡᠯᠡᠳᠡᠭ ᠴᠦ ᠪᠤᠢ᠂ ᠲᠡᠭᠡᠪᠡᠯ ᠬᠤᠷᠠᠭ᠎ᠠ ᠢᠰᠢᠭᠡᠨ ᠤ ᠪᠡᠶ᠎ᠡ ᠪᠢᠯᠲᠡᠷ ᠨᠢ ᠪᠦᠳᠦᠭᠦᠷᠡᠵᠦ᠂ ᠡᠪᠡᠷ ᠨᠢ | ᠲᠣᠮᠣ ᠪᠤᠯᠬᠤ ᠤᠬᠠᠭᠠᠨ ᠲᠠᠢ ᠶᠤᠮ᠃ | ᠬᠢᠴᠢᠶᠡᠬᠦ ᠵᠦᠢᠯ ᠭᠡᠪᠡᠯ ᠲᠥᠯ ᠬᠥᠩᠭᠡᠯᠡᠬᠦ ᠬᠥᠮᠥᠨ ᠨᠢ ᠪᠡᠶ᠎ᠡ ᠳᠡᠭᠡᠨ ᠶᠠᠷᠡ ᠰᠢᠷᠬ᠎ᠠ ᠪᠤᠶᠤ ᠡᠪᠡᠳᠴᠢᠨ ᠲᠠᠢ | ᠪᠠᠶᠢᠵᠤ ᠪᠣᠯᠬᠤ ᠦᠭᠡᠢ᠃ | ᠲᠥᠯ ᠤᠨ ᠪᠥᠭᠡᠰᠢᠭ ᠢ ᠨᠣᠬᠠᠢ᠂ ᠮᠤᠤᠷ ᠲᠤ ᠢᠳᠡᠭᠦᠯᠵᠦ ᠪᠤᠯᠬᠤ ᠦᠭᠡᠢ᠂ ᠲᠡᠭᠦᠨ ᠢ ᠭᠡᠷ ᠠᠴᠠ ᠪᠠᠨ | ᠭᠠᠳᠠᠭᠰᠢ ᠭᠠᠷᠭᠠᠵᠤ ᠪᠤᠯᠬᠤ ᠦᠭᠡᠢ ᠴᠡᠭᠡᠷ ᠲᠠᠢ ᠪᠠᠶᠢᠳᠠᠭ᠂ ᠲᠥᠯ ᠮᠠᠯ ᠤᠨ ᠪᠥᠭᠡᠰᠢᠭ ᠪᠣᠯ ︽ᠦᠷ᠎ᠡ | ᠬᠤᠳᠤᠭ︾᠂ ︽ᠬᠡᠰᠢᠭ︾ ᠨᠢ ᠪᠣᠯᠬᠤᠷ ᠭᠡᠷ ᠠᠴᠠ ᠭᠠᠳᠠᠭᠰᠢ ᠭᠠᠷᠭᠠᠪᠠᠯ ᠮᠠᠯ ᠤᠨ ᠬᠡᠰᠢᠭ ᠢ ᠭᠠᠷᠭᠠᠬᠤ ᠳᠤ | ᠭᠦᠷᠦᠨ᠎ᠡ ᠭᠡᠵᠦ ᠦᠵᠡᠳᠡᠭ᠃ | ᠶᠡᠷᠦ ᠲᠥᠯ ᠤᠨ ᠪᠥᠭᠡᠰᠢᠭ ᠢ ᠲᠦᠷᠭᠡᠨ ᠴᠢᠨᠠᠬᠤ ᠦᠭᠡᠢ ᠪᠣᠯ ᠲᠥᠯ ᠵᠣᠪᠠᠨ᠎ᠠ ᠭᠡᠳᠡᠭ᠂ ᠲᠡᠭᠡᠭᠡᠳ | ᠲᠦᠷᠭᠡᠨ ᠴᠢᠨᠠᠵᠤ ᠣᠯᠠᠭᠤᠯᠠ ᠪᠠᠨ ᠬᠤᠪᠢᠶᠠᠯᠴᠠᠨ ᠢᠳᠡᠨ᠎ᠡ᠃ | ᠲᠥᠯ ᠬᠥᠩᠭᠡᠯᠡᠬᠦ ᠠᠵᠢᠯ ᠳᠠᠭᠤᠰᠤᠭᠰᠠᠨ ᠤ ᠳᠠᠷᠠᠭ᠎ᠠ᠂ ᠭᠡᠷ ᠤᠨ ᠡᠵᠡᠨ ᠠᠴᠠ ᠲᠥᠯ ᠬᠥᠩᠭᠡᠯᠡᠭᠴᠢ ᠶᠢᠨ | ᠭᠠᠷ ᠢ ᠴᠠᠶᠢᠯᠭᠠᠳᠠᠭ ᠶᠣᠰᠣ ᠲᠠᠢ ᠶᠤᠮ᠃ | ᠨᠠᠳᠠᠭ ︵59 ᠨᠠᠰᠤᠲᠠᠢ᠂ 2006 ᠣᠨ ᠳᠤ︶᠂ ᠪᠠᠯᠲᠠᠷᠡᠮᠡ ︵74 ᠨᠠᠰᠤᠲᠠᠢ᠂ 2008 ᠣᠨ ᠳᠤ︶᠂ | ᠨᠠᠷᠠᠨᠴᠢᠮᠡᠭ ︵64ᠨᠠᠰᠤᠲᠠᠢ᠂2009 ᠣᠨ ᠳᠤ ︶ ᠨᠠᠷ ᠢ ᠰᠣᠷᠪᠤᠯᠵᠢᠯᠠᠨ ᠲᠡᠮᠳᠡᠭᠯᠡᠪᠡ᠃ | —— ︽ᠡᠵᠡᠨ᠎ᠡ ᠭᠤᠣᠯ︾ ᠰᠡᠳᠬᠦᠯ ᠤᠨ ᠶᠡᠷᠦᠩᠬᠡᠢ ᠨᠢᠭᠡᠳᠦᠭᠡᠷ ᠬᠤᠭᠤᠴᠠᠭ᠎ᠠ ᠠᠴᠠ | | | |