ᠲᠣᠷᠭᠤᠳ ᠬᠡᠮᠡᠭᠴᠢ ᠳᠤᠮᠳᠠᠳᠤ ᠳᠥᠷᠪᠡᠨ ᠣᠶᠢᠷᠠᠳ ᠤᠨ ᠬᠤᠯᠪᠣᠭᠠᠨ ᠤ ᠨᠢᠭᠡᠨ ᠠᠶᠢᠮᠠᠭ ᠪᠣᠯᠬᠤ᠂ ᠲᠡᠷᠡ | ᠨᠢ ᠡᠷᠲᠡᠨ ᠤ ᠬᠡᠷᠡᠶᠢᠳ ᠠᠶᠢᠮᠠᠭ ᠠᠴᠠ ᠡᠭᠦᠰᠦᠯ ᠲᠠᠢ ᠭᠡᠵᠦ ᠶᠠᠷᠢᠭᠰᠠᠨ ᠪᠠᠶᠢᠨ᠎ᠠ᠃ 11 ᠳ᠋ᠦ᠋ᠭᠡᠷ ᠵᠠᠭᠤᠨ ᠤ | ᠡᠬᠢᠨ ᠤ ᠦᠶ᠎ᠡ ᠪᠠᠷ ᠴᠢᠩᠭᠢᠰ ᠬᠠᠭᠠᠨ ᠬᠡᠷᠡᠶᠢᠳ ᠤᠨ ᠤᠩ ᠬᠠᠨ ᠢ ᠢᠯᠠᠭᠰᠠᠨ ᠤ ᠳᠠᠷᠠᠭ᠎ᠠ ᠬᠡᠷᠡᠶᠢᠳ ᠤᠨ ᠣᠯᠠᠨ ᠢ | ᠵᠦᠭ ᠵᠦᠭ ᠲᠤᠨᠢ ᠬᠤᠪᠢᠶᠠᠭᠰᠠᠨ ᠪᠣᠯᠪᠠᠴᠤ᠂ ᠤᠩ ᠬᠠᠨ ᠤ ᠳᠡᠭᠦᠦ ᠵᠠᠬ᠎ᠠ ᠬᠠᠮᠪᠤ ᠶᠢᠨ ᠬᠠᠷᠢᠶᠠᠲᠤ ᠢᠷᠭᠡᠳ ᠢ | ᠶᠡᠷᠦ ᠨᠢ ᠬᠥᠨᠳᠡᠭᠰᠡᠨ ᠦᠭᠡᠢ ᠦᠯᠡᠳᠡᠭᠡᠵᠡᠢ᠃ ᠲᠡᠭᠡᠭᠡᠳ ᠳᠡᠭᠡᠷ᠎ᠡ ᠨᠢ ᠲᠠᠪᠤᠨ ᠵᠠᠭᠤᠨ ᠡᠷᠦᠬᠡ ᠨᠡᠮᠡᠭᠡᠳ | ︽ᠲᠡᠷᠭᠡᠨ ᠤ ᠨᠢᠭᠡᠨ ᠠᠷᠠᠯ ᠪᠣᠯᠵᠤ ᠶᠠᠪᠤᠲᠤᠭᠠᠢ︾ ᠭᠡᠳ ᠪᠥᠬᠡ ᠮᠥᠷᠡᠨ ᠳᠤ ᠨᠤᠲᠤᠭ ᠣᠯᠭᠤᠭᠰᠠᠨ᠃ | ᠬᠡᠷᠡᠶᠢᠳ ᠤᠨ ᠶᠡᠭᠡ ᠭᠤᠣᠯ ᠢ ᠰᠠᠬᠢᠵᠤ᠂ ᠪᠥᠬᠡ ᠮᠥᠷᠡᠨ ᠤ ᠰᠠᠪᠠ ᠳᠤ ᠨᠤᠲᠤᠭ ᠣᠯᠣᠭᠰᠠᠨ ᠬᠡᠷᠡᠶᠢᠳᠴᠤᠳ ᠪᠣᠯᠤᠨ | ᠬᠤᠵᠢᠮ ᠤᠨ ᠲᠣᠭᠤᠨ ᠲᠠᠶᠢᠱᠢ ᠶᠢ ᠲᠦᠰᠢᠬᠦ ᠦᠶ᠎ᠡ ᠶᠢᠨ ᠨᠡᠶᠢᠯᠡᠭᠦᠯᠵᠦ ᠥᠭᠭᠦᠭᠰᠡᠨ ᠬᠤᠶᠠᠷ ᠵᠠᠭᠤᠨ ᠲᠠᠪᠢᠨ | ᠣᠶᠢᠷᠠᠳᠴᠤᠳ ᠲᠤ ︽ᠲᠣᠷᠭᠤᠳ︾ ᠨᠡᠷ᠎ᠡ ᠰᠢᠩᠭᠡᠵᠦ ᠲᠣᠷᠭᠤᠳ ᠠᠶᠢᠮᠠᠭ ᠪᠣᠯᠵᠠᠢ᠃ ᠮᠣᠩᠭᠤᠯ ᠰᠤᠷᠪᠤᠯᠵᠢ ᠳᠤ | ᠴᠢᠩᠭᠢᠰ ᠬᠠᠭᠠᠨ ᠤ ᠦᠶ᠎ᠡ ᠳᠤ ᠵᠠᠬ᠎ᠠ ᠬᠠᠮᠪᠤ ᠥᠪᠡᠷ ᠤᠨ ᠡᠵᠡᠮᠰᠢᠯ ᠤᠨ ᠬᠠᠷᠢᠶᠠᠲᠤ ᠢᠷᠭᠡᠳ ᠢᠶᠠᠨ ᠬᠤᠶᠠᠷ ᠭᠠᠷᠯᠠᠨ | ᠬᠤᠪᠢᠶᠠᠭᠰᠠᠨ ᠪᠠᠶᠢᠵᠠᠢ᠃ ᠡᠭᠦᠨ ᠳᠤ ᠬᠡᠷᠡᠶᠢᠳ ᠤᠨ ᠢᠵᠠᠭᠤᠷᠲᠠᠨ ᠨᠠᠷ ᠪᠣᠯᠤᠨ ᠵᠠᠬ᠎ᠠ ᠬᠠᠮᠪᠤ ᠶᠢᠨ ᠥᠪᠡᠷ ᠤᠨ | ᠳᠠᠭᠠᠭᠤᠯᠵᠤ ᠢᠷᠡᠭᠰᠡᠨ ᠬᠠᠷᠢᠶᠠᠲᠤ ᠢᠷᠭᠡᠳ ᠨᠢ ᠪᠠᠷᠠᠭᠤᠨ ᠭᠠᠷ ᠭᠡᠳ ᠬᠡᠷᠡᠶᠢᠳ ᠣᠪᠣᠭᠲᠠᠨ ᠪᠣᠯᠪᠠ᠃ ᠮᠥᠨ | ᠠᠳᠠᠯᠢ ᠪᠠᠷ ᠪᠤᠰᠤᠳ ᠠᠶᠢᠮᠠᠭ ᠠᠴᠠ ᠲᠠᠰᠤᠳᠠᠵᠤ ᠥᠭᠭᠦᠭᠰᠡᠨ ᠪᠤᠶᠤ ᠣᠷᠣᠵᠤ ᠥᠭᠭᠦᠭᠰᠡᠨ ᠨᠢ ᠵᠡᠭᠦᠨ ᠭᠠᠷ ᠭᠡᠵᠦ | ᠴᠠᠭᠠᠳᠠᠨ ᠣᠪᠣᠭᠲᠠᠨ ᠪᠣᠯᠵᠠᠢ᠃ ᠡᠨᠡ ᠬᠤᠶᠠᠷ ᠣᠪᠣᠭ ᠤᠨ ᠮᠣᠩᠭᠤᠯᠴᠤᠳ ᠣᠳᠣ ᠰᠢᠨᠵᠢᠶᠠᠩ ᠤᠨ ᠪᠠᠶᠠᠨᠭᠤᠣᠯ | ᠮᠣᠩᠭᠤᠯ ᠦᠨᠳᠦᠰᠦᠲᠡᠨ ᠤ ᠥᠪᠡᠷᠲᠡᠭᠡᠨ ᠵᠠᠰᠠᠬᠤ ᠵᠧᠦ ᠶᠢᠨ ᠡᠾᠧᠵᠢᠩ ᠰᠢᠶᠠᠨ ᠳᠤ ᠪᠠᠶᠢᠭ᠎ᠠ ᠶᠢ ᠤ᠂ ᠡᠷᠲᠡᠢ | ᠭᠤᠸᠠᠢ ︽ᠲᠢᠪ ᠠᠯᠤᠰᠯᠠᠭᠰᠠᠨ ᠵᠡᠭᠦᠨᠰᠢ ᠪᠤᠴᠠᠭᠰᠠᠨ ᠲᠣᠷᠭᠤᠳᠴᠤᠳ︾ ᠭᠡᠬᠦ ᠨᠣᠮ ᠳᠠᠭᠠᠨ ᠲᠣᠳᠣᠷᠬᠠᠢ | ᠲᠡᠮᠳᠡᠭᠯᠡᠵᠦ ᠪᠢᠯᠡ᠃ ᠲᠡᠭᠡᠪᠡᠯ ᠲᠣᠷᠭᠤᠳ ᠭᠡᠬᠦ ᠨᠡᠷ᠎ᠡ ᠵᠠᠬ᠎ᠠ ᠬᠠᠮᠪᠤ ᠶᠢᠨ ᠬᠡᠷᠡᠶᠢᠳ ᠲᠤ ᠬᠡᠷᠬᠢᠨ ᠰᠢᠩᠭᠡᠭᠰᠡᠨ ᠢ | ᠲᠣᠳᠣᠷᠬᠠᠶᠢᠯᠠᠬᠤ ᠴᠢᠬᠤᠯᠠ ᠲᠠᠢ ᠪᠠᠶᠢᠨᠠᠮ᠃ | ︽ᠲᠣᠷᠭᠤᠳ︾ ᠬᠡᠮᠡᠬᠦ ᠨᠡᠷᠡᠶᠢᠳᠦᠯᠭᠡ ᠶᠢᠨ ᠢᠷᠡᠯᠲᠡ ᠶᠢᠨ ᠲᠤᠬᠠᠢ ᠡᠷᠳᠡᠮᠲᠡᠨ ᠰᠤᠳᠤᠯᠭᠠᠲᠠᠨ ᠨᠠᠷ ᠣᠯᠠᠨ | ᠶᠠᠩᠵᠤ ᠪᠠᠷ ᠲᠠᠶᠢᠯᠪᠤᠷᠢᠯᠠᠭᠰᠠᠭᠠᠷ ᠢᠷᠡᠪᠡ᠃ ᠣᠯᠠᠩᠬᠢ ᠰᠤᠳᠤᠯᠭᠠᠲᠠᠨ ᠨᠠᠷ ᠲᠣᠷᠭᠤᠳ ᠬᠡᠮᠡᠬᠦ ᠦᠭᠡ ᠪᠣᠯ | ︽ᠮᠣᠩᠭᠤᠯ ᠤᠨ ᠨᠢᠭᠤᠴᠠ ᠲᠣᠪᠴᠢᠶᠠᠨ︾ ᠤ ᠬᠡᠷᠡᠶᠢᠳ ᠤᠨ ᠤᠩ ᠬᠠᠨ ᠤ ︽ᠲᠤᠷᠠᠭ ᠤᠳ︾ ᠭᠡᠳᠡᠭ ᠤᠨ | ᠬᠠᠵᠠᠭᠤ ᠶᠢᠨ ᠣᠷᠴᠢᠭᠤᠯᠭ᠎ᠠ ᠶᠢᠨ ᠤᠳᠬ᠎ᠠ ᠶᠢ ᠦᠨᠳᠦᠰᠦᠯᠡᠨ ᠪᠦᠷ ︽ᠰᠢᠳᠠᠷ ᠬᠠᠮᠠᠭᠠᠯᠠᠭᠴᠢ︾ ᠪᠠᠷ ᠲᠡᠮᠳᠡᠭᠯᠡᠵᠦ | ︽ᠲᠤᠷᠠᠭ ᠤᠳ︾ ᠠᠴᠠ ︽ᠲᠣᠷᠭᠤᠳ︾ ᠪᠣᠯᠪᠠ ᠭᠡᠵᠡᠢ᠃ ᠲᠡᠳᠡ ᠮᠣᠩᠭᠤᠯ ᠤᠯᠤᠰ ᠤᠨ ᠬᠡᠯᠡᠨ ᠤ ᠡᠷᠳᠡᠮᠲᠡᠨ | ᠠᠺᠠᠳᠧᠮᠢᠴᠢ ᠴ᠊᠂ ᠳᠠᠮᠳᠢᠨᠰᠥ᠋ᠷᠥᠩ ᠤᠨ ᠣᠷᠴᠢᠨ ᠴᠠᠭ ᠤᠨ ᠮᠣᠩᠭᠤᠯ ᠬᠡᠯᠡᠨ᠎ᠡ ᠪᠠᠭᠤᠯᠭᠠᠭᠰᠠᠨ ︽ᠮᠣᠩᠭᠤᠯ ᠤᠨ | ᠨᠢᠭᠤᠴᠠ ᠲᠣᠪᠴᠢᠶᠠᠨ︾ ᠤ 170 ᠳ᠋ᠤᠭᠠᠷ ᠵᠦᠢᠯ ᠳᠤ ᠤᠩ ᠬᠠᠨ ᠤ ᠰᠢᠳᠠᠷ ᠴᠡᠷᠢᠭ ᠢ ︽ᠲᠣᠷᠭᠤᠳ︾ ᠭᠡᠵᠦ | ᠪᠠᠭᠤᠯᠭᠠᠭᠰᠠᠨ ᠢ ᠦᠨᠳᠦᠰᠦᠯᠡᠨ ᠡᠶᠢᠮᠦ ᠨᠤᠲᠠᠯᠠᠯᠲᠠ ᠡᠭᠦᠰᠴᠡᠢ ᠭᠡᠳᠡᠭ᠃ ᠥᠪᠥᠷ ᠮᠣᠩᠭᠤᠯ ᠤᠨ ᠪᠠᠭᠰᠢ ᠶᠢᠨ ᠶᠡᠭᠡ | ᠰᠤᠷᠭᠠᠭᠤᠯᠢ ᠶᠢᠨ ᠫᠷᠣᠹᠧᠰᠰᠣᠷ ᠪᠠᠶᠠᠷ ᠤᠨ ︽︿ᠮᠣᠩᠭᠤᠯ ᠤᠨ ᠨᠢᠭᠤᠴᠠ ᠲᠣᠪᠴᠢᠶᠠᠨ﹀ ᠠᠴᠠ ᠰᠡᠳᠦᠪᠯᠡᠭᠰᠡᠨ | ᠬᠡᠳᠦᠨ ᠠᠰᠠᠭᠤᠳᠠᠯ︾ ᠭᠡᠬᠦ ᠥᠭᠦᠯᠡᠯ ᠳᠤ ᠪᠠᠨ ︽᠁ ᠡᠷᠲᠡᠨ ᠤ ᠬᠡᠷᠡᠶᠢᠳ ᠠᠶᠢᠮᠠᠭ ᠤᠨ ᠤᠩ ᠬᠠᠨ ᠤ | ᠲᠤᠷᠠᠭ ᠴᠡᠷᠢᠭ ᠬᠤᠵᠢᠮ ᠨᠢ ᠲᠤᠷᠠᠭ ᠴᠡᠷᠢᠭ ᠪᠣᠯᠣᠭᠰᠠᠨ ᠪᠠᠶᠢᠳᠠᠭ︾ ᠭᠡᠪᠡ᠃ ᠡᠷᠳᠡᠮᠲᠡᠨ ᠳᠣᠷᠣᠨᠠᠲ᠋ᠢᠪ ᠭᠤᠸᠠᠢ | ᠰᠢᠨ᠎ᠡ ᠪᠠᠷ ᠣᠷᠴᠢᠭᠤᠯᠵᠤ ᠲᠠᠶᠢᠯᠪᠤᠷᠢᠯᠠᠭᠰᠠᠨ ︽ᠮᠣᠩᠭᠤᠯ ᠤᠨ ᠨᠢᠭᠤᠴᠠ ᠲᠣᠪᠴᠢᠶᠠᠨ︾ ᠳᠤ ︽ᠲᠣᠷᠭᠤᠳ︾ | ᠬᠡᠮᠡᠬᠦ ᠦᠭᠡ ᠲᠦᠷᠺ ᠬᠡᠯᠡᠨ ᠤ ︽ᠲᠣᠷᠬᠠᠭ︾ ᠠᠴᠠ ᠢᠷᠡᠯᠲᠡ ᠲᠠᠢ ᠪᠥᠭᠡᠳ ᠲᠡᠷᠡ ᠨᠢ ︽ᠰᠢᠳᠠᠷ ᠬᠠᠮᠠᠭᠠᠯᠠᠭᠴᠢ︾ | ᠭᠡᠰᠡᠨ ᠤᠳᠬ᠎ᠠ ᠲᠠᠢ ᠭᠡᠵᠡᠢ᠃ ᠮᠥᠨ ᠰᠢᠨᠵᠢᠶᠠᠩ ᠶᠡᠭᠡ ᠰᠤᠷᠭᠠᠭᠤᠯᠢ ᠶᠢᠨ ᠲᠡᠦᠬᠡ ᠶᠢᠨ ᠰᠠᠯᠪᠤᠷᠢ ᠶᠢᠨ | ᠫᠷᠣᠹᠧᠰᠰᠣᠷ ᠢᠶᠠᠷ ᠠᠭᠰᠠᠨ ᠰᠢ᠊᠂ ᠨᠣᠷᠪᠤ ᠭᠤᠸᠠᠢ ᠶᠢᠨ ᠲᠣᠷᠭᠤᠳ ᠠᠶᠢᠮᠠᠭ ᠤᠨ ᠡᠬᠢ ᠡᠭᠦᠰᠦᠯ ᠤᠨ ᠲᠤᠬᠠᠢ | ᠰᠢᠨᠵᠢᠯᠡᠭᠡᠨ ᠳᠡᠭᠡᠨ᠄ ᠬᠡᠷᠡᠶᠢᠳᠴᠤᠳ ᠴᠢᠩᠭᠢᠰ ᠬᠠᠭᠠᠨ ᠳᠤ ᠳᠠᠷᠤᠭᠳᠠᠭᠰᠠᠨ ᠤ ᠳᠠᠷᠠᠭ᠎ᠠ ᠮᠣᠩᠭᠤᠯ ᠤᠨ ᠰᠢᠳᠠᠷ | ᠴᠡᠷᠢᠭ ᠪᠣᠯᠵᠤ᠂ ᠡᠨᠡ ᠰᠢᠳᠠᠷ ᠬᠠᠮᠠᠭᠠᠯᠠᠬᠤ ᠴᠡᠷᠢᠭ ᠨᠢ ᠲᠣᠷᠭᠤᠳ ᠨᠡᠷ᠎ᠡ ᠪᠠᠷ ᠥᠪᠡᠷᠰᠡᠳ ᠢ ᠪᠠᠨ ᠨᠡᠷᠡᠯᠡᠭᠰᠡᠨ | ᠪᠠᠶᠢᠨ᠎ᠠ ᠭᠡᠵᠡᠢ᠃ ᠪᠠᠰᠠ ᠵᠠᠷᠢᠮ ᠰᠤᠳᠤᠯᠭᠠᠲᠠᠨ ᠨᠠᠷ ︽ᠲᠣᠷᠭᠤᠳ︾ ᠬᠡᠮᠡᠭᠴᠢ ᠬᠠᠷᠠᠭᠤᠯ ᠮᠠᠨᠠᠭᠠᠨ ᠤ | ᠵᠣᠭᠰᠣᠭᠴᠢᠳ ᠭᠡᠬᠦ ᠲᠦᠷᠺ ᠭᠠᠷᠤᠯᠲᠠᠢ ᠦᠭᠡᠨ ᠠᠴᠠ ᠢᠷᠡᠯᠲᠡᠢ ᠭᠡᠯᠡ᠃ ᠨᠡᠩ ᠵᠠᠷᠢᠮ ᠨᠢ ᠲᠡᠨᠦᠭᠦᠯ | ᠬᠤᠳᠠᠯᠳᠤᠭᠠᠴᠢᠨ ᠭᠡᠬᠦ ᠦᠭᠡ ᠠᠴᠠ ᠢᠷᠡᠯᠲᠡᠢ ᠭᠡᠵᠦ ᠣᠯᠠᠨ ᠶᠠᠩᠵᠤ ᠶᠢᠨ ᠮᠠᠰᠢ ᠰᠣᠨᠢᠷᠬᠠᠯᠲᠠᠢ ᠲᠠᠶᠢᠯᠪᠤᠷᠢ ᠬᠢᠪᠡ᠃ | ᠭᠡᠲᠡᠯ᠎ᠡ ᠤ᠂ ᠡᠷᠲᠡᠢ ᠭᠤᠸᠠᠢ ᠶᠢᠨ ᠬᠡᠯᠡᠭᠰᠡᠨᠴᠢᠯᠡᠨ ︽ᠲᠣᠷᠭᠤᠳ ᠮᠣᠩᠭᠤᠯ ᠤᠨ ᠥᠪᠡᠷ ᠤᠨ ᠬᠢᠨᠢ | ᠲᠡᠦᠬᠡᠴᠢ ᠨᠠᠷ ᠤᠨ ᠪᠢᠴᠢᠭᠰᠡᠨ ᠲᠡᠦᠬᠡ ᠰᠤᠷᠪᠤᠯᠵᠢ ᠪᠢᠴᠢᠭ ᠤᠳ ᠁︾ ᠢ ︽ᠮᠠᠨ ᠤ ᠥᠩᠭᠡᠷᠡᠭᠰᠡᠨ ᠤ ᠪᠠ | ᠡᠳᠦᠭᠡ ᠶᠢᠨ ᠵᠠᠷᠢᠮ ᠡᠷᠳᠡᠮᠲᠡᠳ ᠶᠠᠭᠤᠮ᠎ᠠ ᠪᠣᠯᠭᠠᠵᠤ ᠦᠵᠡᠭᠰᠡᠨ ᠦᠭᠡᠢ ᠨᠢ ᠰᠣᠨᠢᠨ ᠠᠵᠢ︾᠃ | ᠲᠣᠷᠭᠤᠳ ᠲᠡᠦᠬᠡᠴᠢᠨ ᠨᠠᠷ ᠤᠨ ᠲᠣᠳᠣ ᠪᠠᠷ ᠪᠢᠴᠢᠭᠳᠡᠭᠰᠡᠨ ᠰᠤᠷᠪᠤᠯᠵᠢ ᠪᠢᠴᠢᠭ ᠤᠳ ᠢ ᠠᠵᠢᠭᠯᠠᠪᠠᠯ᠂ | ᠬᠡᠷᠡᠶᠢᠳ ᠠᠶᠢᠮᠠᠭ ᠣᠶᠢᠷᠠᠳ ᠤᠨ ᠬᠤᠯᠪᠣᠭᠠᠨ ᠳᠤ ᠡᠬᠢᠯᠡᠵᠦ ᠣᠷᠣᠬᠤ ᠶᠢᠨ ᠦᠶ᠎ᠡ ︽ᠲᠣᠷᠭᠤᠳ︾ ᠨᠡᠷ᠎ᠡ | ᠣᠯᠣᠭᠰᠠᠨ ᠭᠡᠳᠡᠭ᠃ ᠡᠵᠡᠨ᠎ᠡ ᠶᠢᠨ ᠲᠣᠷᠭᠤᠳ ᠤᠨ ᠡᠵᠡᠢ ᠯᠠᠮᠠ ᠭᠡᠯᠭᠴᠣᠭᠲᠠᠨ ᠤ ᠵᠣᠬᠢᠶᠠᠭᠰᠠᠨ ︽ᠦᠨᠡᠨ | ᠰᠦᠵᠢᠭᠲᠦ ᠬᠠᠭᠤᠴᠢᠨ ᠲᠣᠷᠭᠤᠳ ᠬᠢᠭᠡᠳ ᠴᠢᠩ ᠰᠡᠳᠬᠢᠯᠲᠦ ᠰᠢᠨ᠎ᠡ ᠲᠣᠷᠭᠤᠳ ᠬᠠᠳ ᠨᠣᠶᠠᠳ ᠤᠨ | ᠦᠨᠳᠦᠰᠦᠨ ᠤ ᠢᠯᠡᠳᠬᠡᠯ ᠲᠡᠦᠬᠡ ᠶᠢᠨ ᠪᠢᠴᠢᠭ︾ ᠲᠤ᠄ ︽ᠲᠡᠨᠳᠡ ᠳᠥᠷᠪᠡᠨ ᠨᠣᠶᠠᠨ ᠤ ᠦᠶ᠎ᠡ ᠳᠤᠷ | ᠰᠠᠭᠤᠭᠰᠠᠨ ᠠᠴᠠ ᠲᠠᠪᠤᠳᠤᠭᠠᠷ ᠨᠣᠶᠠᠨ ᠺᠡᠶᠢᠪᠠᠩ ︵ᠬᠢᠸᠠᠩ︶ ᠤᠨ ᠴᠠᠭ ᠲᠤᠷ ᠪᠣᠯᠣᠭᠠᠳ ᠲᠤᠱᠠᠬᠤᠤᠷ ᠲᠡᠷᠢᠭᠦᠯᠡᠨ | ᠵᠢᠷᠭᠤᠭᠠᠨ ᠬᠥᠮᠥ ︵ᠬᠥᠮᠥᠨ︶ ᠵᠠᠷᠤᠵᠤ᠂ ᠲᠠ ᠣᠶᠢᠷᠠᠳ ᠤᠨ ᠭᠠᠵᠠᠷ ᠲᠤᠷ ᠣᠳᠣᠭᠠᠳ ᠭᠠᠵᠠᠷ ᠨᠤᠲᠤᠭ ᠬᠢᠭᠡᠳ | ᠬᠠᠭᠠᠨ ᠨᠣᠶᠠᠳ ᠲᠡᠷᠢᠭᠦᠲᠡᠨ ᠢ ᠢᠨᠦ ᠦᠵᠡᠵᠦ ᠢᠷ᠎ᠡ ᠬᠡᠮᠡᠨ ᠵᠠᠬᠢᠵᠤ ᠢᠯᠡᠭᠡᠪᠡᠢ᠃ ᠲᠡᠷᠡ ᠣᠶᠢᠷᠠᠳ ᠤᠨ ᠨᠤᠲᠤᠭ | ᠬᠦᠷᠦᠭᠡᠳ ᠣᠶᠢᠷᠠᠳ ᠤᠨ ᠬᠠᠭᠠᠨ ᠲᠣᠭᠤᠨ ᠲᠠᠶᠢᠱᠢ ᠳᠤ ᠪᠠᠷᠠᠯᠠᠭᠰᠠᠨ ᠳᠤᠷ᠂ ᠲᠡᠳᠡᠨ ᠤ ᠢᠷᠡᠭᠰᠡᠨ ᠬᠡᠷᠡᠭ ᠢ | ᠠᠰᠠᠭᠤᠭᠰᠠᠨ ᠳᠤᠷ᠂ ᠲᠡᠷᠡ ᠢᠨᠦ ᠢᠷᠡᠭᠰᠡᠨ ᠤᠴᠢᠷ ᠢᠶᠠᠨ ᠲᠣᠭᠯᠠᠨ ᠠᠶᠢᠯᠠᠳᠬᠠᠪᠠᠢ᠃ ᠲᠡᠭᠦᠨ ᠠᠴᠠ ᠲᠡᠳᠡᠨ ᠤ | ᠥᠩᠭᠡ ᠪᠡᠶ᠎ᠡ ᠰᠠᠶᠢᠬᠠᠨ ᠤ ᠲᠤᠯᠠ᠂ ᠲᠠ ᠨᠠᠷ ᠶᠠᠭᠤᠨ ᠶᠡᠭᠡ ᠲᠤᠷᠤᠭ ᠪᠡᠶ᠎ᠡ ᠲᠠᠢ ᠰᠠᠶᠢᠬᠠᠨ ᠤᠯᠤᠰ ᠪᠤᠢ ᠭᠡᠵᠦ | ᠭᠠᠶᠢᠬᠠᠨ ᠰᠠᠶᠢᠰᠢᠶᠠᠭᠰᠠᠨ ᠤᠴᠢᠷ ᠢᠶᠠᠷ᠂ ᠲᠤᠷᠤᠭ ᠤᠳ ᠬᠡᠮᠡᠭᠰᠡᠨ ᠦᠭᠡ ᠬᠠᠵᠠᠶᠢᠭᠠᠳ ᠲᠣᠷᠭᠤᠳ ᠬᠡᠮᠡᠨ | ᠠᠯᠳᠠᠷᠰᠢᠪᠠᠢ︾ ᠭᠡᠵᠡᠢ᠃ ᠪᠠᠰᠠ ︽ᠪᠣᠭᠳᠠ ᠴᠢᠩᠭᠢᠰ ᠤᠨ ᠲᠥᠷᠥ ᠶᠢ ᠪᠠᠷᠢᠭᠠᠳ ᠬᠠᠭᠠᠨ ᠥᠷᠭᠦᠭᠡ ᠶᠢ | ᠲᠡᠳᠬᠦᠭᠰᠡᠨ ᠲᠤᠭᠤᠵᠢ︾ ᠬᠡᠮᠡᠬᠦ ᠰᠤᠷᠪᠤᠯᠵᠢ ᠳᠤ᠂ ᠲᠣᠭᠤᠨ ᠲᠠᠶᠢᠱᠢ ᠠᠴᠠ ᠬᠢᠸᠠᠩ ᠨᠣᠶᠠᠨ ᠤ ᠳᠠᠭᠠᠭᠤᠯᠤᠭᠰᠠᠨ | ᠬᠡᠷᠡᠶᠢᠳ ᠤᠨ ᠣᠯᠠᠨ ᠳᠤ᠄ ︽ᠨᠤᠲᠤᠭ ᠠᠴᠠ ᠰᠠᠯᠤᠭᠰᠠᠨ ᠨᠣᠶᠠᠨ᠂ ᠡᠭᠦᠷ ᠠᠴᠠ ᠰᠠᠯᠤᠭᠰᠠᠨ ᠰᠢᠪᠠᠭᠤᠳ ᠁ | ᠲᠤᠷᠤᠭ ᠭᠥᠷᠥᠭᠡᠰᠦᠨ ᠰᠢᠭ ᠥᠩᠭᠡ ᠴᠢᠷᠠᠢ ᠰᠠᠶᠢᠨ ᠁︾ ᠲᠣᠷᠭᠤᠳ ᠨᠡᠷ᠎ᠡ ᠣᠯᠵᠠᠢ ᠭᠡᠳᠡᠭ᠃ | ︽ᠲᠣᠷᠭᠤᠳ ᠤᠨ ᠤᠭ ᠢᠵᠠᠭᠤᠷ ᠰᠦᠯᠵᠢᠯ︾ ᠳᠤ᠄ ︽᠁ ᠨᠣᠶᠠᠨ ᠲᠠᠪᠤᠳᠠᠭᠴᠢ ᠬᠢᠸᠠᠩ ᠤᠨ ᠴᠠᠭ ᠲᠤᠷ | ᠰᠠᠶᠢᠨ ᠬᠥᠮᠥᠨ ᠪᠣᠯᠤᠨ ᠲᠤᠰᠢᠬᠠᠷ ᠠᠬᠠᠲᠠᠢ ᠵᠢᠷᠭᠤᠭᠠᠨ ᠬᠥᠮᠥᠨ ᠳᠤ ︿ᠴᠢ ᠨᠤᠭᠤᠳ ᠣᠶᠢᠷᠠᠳ ᠤᠨ ᠣᠷᠣᠨ ᠤ | ᠦᠵᠦᠩ ᠳᠤᠷ ᠣᠳᠣᠭᠠᠳ ᠭᠠᠵᠠᠷ ᠬᠢᠭᠡᠳ ᠨᠣᠶᠠᠳ ᠲᠡᠷᠢᠭᠦᠲᠡᠨ ᠳᠤᠷ ᠬᠠᠷᠢᠵᠤ ᠢᠷᠡᠭᠲᠦᠨ﹀ ᠭᠡᠳ ᠢᠯᠡᠭᠡᠭᠰᠡᠨ᠃ | ᠳᠡᠭᠡᠷ᠎ᠡ ᠣᠶᠢᠷᠠᠳ ᠤᠨ ᠣᠷᠣᠨ ᠭᠠᠵᠠᠷ ᠲᠤᠷ ᠢᠷᠡᠭᠡᠳ ᠬᠠᠭᠠᠨ ᠲᠣᠭᠤᠨ ᠲᠠᠶᠢᠱᠢ ᠳᠤᠷ ᠤᠴᠠᠷᠠᠵᠤ ᠲᠡᠨᠳᠡ ᠠᠴᠠ | ᠢᠷᠡᠭᠰᠡᠨ ᠢᠨᠦ ᠤᠴᠢᠷ ᠰᠢᠯᠲᠠᠭᠠᠨ ᠢ ᠢᠨᠦ ᠠᠰᠠᠭᠤᠭᠠᠳ᠂ ᠲᠡᠳᠡᠨ ᠤ ᠳᠦᠷᠰᠦ ᠢᠨᠦ ᠰᠠᠶᠢᠬᠠᠨ ᠳᠤᠷ ︿ᠡᠨᠡ | ᠮᠡᠲᠦ ᠪᠡᠶ᠎ᠡ ᠶᠢᠨ ᠠᠪᠤᠷᠢ ᠶᠡᠭᠡ ᠪᠣᠯᠤᠨ ᠳᠦᠷᠰᠦ ᠦᠵᠡᠰᠬᠦᠯᠡᠩ ᠶᠡᠭᠡ ᠰᠣᠨᠢᠨ﹀ ᠬᠡᠮᠡᠨ ᠬᠦᠦᠷᠨᠢᠯᠳᠦᠭᠰᠡᠨ ᠤᠴᠢᠷ | ᠰᠢᠯᠲᠠᠭᠠᠨ ᠢᠶᠠᠷ ᠲᠣᠷᠭᠤᠳ ᠬᠡᠮᠡᠨ ᠠᠯᠳᠠᠷᠰᠢᠭᠰᠠᠨ ᠤᠴᠢᠷ ᠪᠤᠢ︾ ᠭᠡᠰᠡᠨ ᠪᠢᠯᠡ᠃ ᠭᠠᠪᠠᠩ ᠰᠢᠷᠠᠪ ᠤᠨ | ︽ᠳᠥᠷᠪᠡᠨ ᠣᠶᠢᠷᠠᠳ ᠤᠨ ᠲᠡᠦᠬᠡ︾ ᠳᠤ᠄ ︽᠁ ᠲᠤᠷᠤᠭ ᠤᠳ ᠬᠡᠮᠡᠬᠦ ᠲᠣᠷᠭᠤᠳ︾ ᠭᠡᠵᠡᠢ᠃ ᠳᠡᠭᠡᠷᠡᠬᠢ | ᠰᠤᠷᠪᠤᠯᠵᠢᠰ ᠲᠤ ᠲᠡᠮᠳᠡᠭᠯᠡᠭᠰᠡᠨ ᠢ ᠦᠵᠡᠪᠡᠯ᠂ ᠬᠡᠷᠡᠶᠢᠳ ᠤᠨ ᠠᠶᠢᠮᠠᠭ ᠣᠯᠠᠨ ᠨᠢ ᠲᠣᠭᠤᠨ ᠲᠠᠶᠢᠱᠢ ᠶᠢ | ᠲᠦᠰᠢᠭᠰᠡᠨ ᠤ ᠳᠠᠷᠠᠭ᠎ᠠ ︽ᠲᠤᠷᠤᠭ︾ ᠬᠡᠮᠡᠬᠦ ᠠᠮᠢᠲᠠᠨ ᠭᠥᠷᠥᠭᠡᠰᠦ᠂ ᠮᠣᠳᠣᠨ ᠤᠷᠭᠤᠮᠠᠯ ᠵᠡᠷᠭᠡ ᠳᠤ | ᠣᠨᠣᠭᠳᠠᠭᠤᠯᠬᠤ ᠥᠨᠳᠥᠷ ᠪᠦᠳᠦᠭᠦᠨ᠂ ᠠᠪᠤᠷᠭᠤ ᠲᠣᠮᠣ ᠠᠭᠤᠯᠭ᠎ᠠ ᠪᠦᠬᠦᠢ ᠰᠠᠶᠢᠬᠠᠨ ᠨᠡᠷ᠎ᠡ ᠣᠨᠣᠰᠢᠭᠤᠯᠵᠤ᠂ | ᠮᠥᠨ ︽ ᠤᠳ︾ ᠬᠡᠮᠡᠬᠦ ᠣᠯᠠᠨ ᠲᠣᠭᠠᠨ ᠤ ᠳᠠᠭᠠᠪᠤᠷᠢ ᠵᠠᠯᠭᠠᠨ᠂ ︽ᠲᠣᠷᠭᠤᠳ︾ ᠨᠡᠷ᠎ᠡ ᠡᠭᠦᠰᠦᠭᠰᠡᠨ ᠨᠢ | ᠢᠯᠡᠬᠡᠨ ᠪᠠᠶᠢᠨ᠎ᠠ᠃ ᠡᠨᠡ ᠲᠣᠭᠤᠨ ᠲᠠᠶᠢᠱᠢ ᠠᠴᠠ ᠥᠭᠭᠦᠭᠰᠡᠨ ︽ᠲᠤᠷᠤᠭ ᠤᠳ︾ ᠭᠡᠬᠦ ᠠᠴᠠ ︽ᠲᠣᠷᠭᠤᠳ︾ | ᠨᠡᠷ᠎ᠡ ᠡᠭᠦᠰᠦᠭᠰᠡᠨ ᠪᠣᠯᠤᠮᠵᠢ ᠲᠤᠩ ᠶᠡᠭᠡ ᠪᠠᠶᠢᠨ᠎ᠠ᠃ ᠡᠭᠦᠨ ᠢ ᠮᠥᠨ ᠣᠳᠣ ᠶᠢᠨ ᠣᠯᠠᠩᠬᠢ ᠲᠣᠭᠠᠨ ᠤ ᠡᠷᠳᠡᠮᠲᠡᠨ | ᠰᠤᠳᠤᠯᠭᠠᠲᠠᠨ ᠨᠠᠷ ᠤᠨ ᠰᠤᠳᠤᠯᠭ᠎ᠠ ᠰᠢᠨᠵᠢᠯᠡᠭᠡ ᠪᠠᠷ ᠳᠠᠮᠵᠢᠨ ᠨᠡᠶᠢᠲᠡ ᠳᠤ ᠵᠥᠪᠰᠢᠶᠡᠷᠡᠭᠳᠡᠭᠰᠡᠨ ᠨᠤᠲᠠᠯᠠᠯᠲᠠ ᠬᠡᠮᠡᠨ | ᠦᠵᠡᠵᠦ ᠪᠣᠯᠣᠨ᠎ᠠ᠃ ᠡᠶᠢᠮᠦ ᠠᠴᠠ ᠲᠣᠷᠭᠤᠳ ᠭᠡᠰᠡᠨ ᠨᠡᠷ᠎ᠡ ᠶᠢ ᠣᠶᠢᠷᠠᠳ ᠤᠨ ᠲᠣᠭᠤᠨ ᠲᠠᠶᠢᠱᠢ ᠥᠭᠴᠡᠢ ᠭᠡᠰᠡᠨ | ᠳ᠋ᠦᠩᠨᠡᠯᠲᠡ ᠣᠯᠵᠤ ᠪᠣᠯᠬᠤ ᠶᠤᠮ ᠪᠠᠶᠢᠨ᠎ᠠ᠃ | | — ︽ᠶᠡᠭᠡ ᠲᠣᠷᠭᠤᠳ ᠬᠢᠭᠡᠳ ᠡᠵᠡᠨ᠎ᠡ ᠲᠣᠷᠭᠤᠳ︾ ᠨᠣᠮ ᠠᠴᠠ |