ᠨᠡᠶᠢᠲᠡ ᠮᠣᠩᠭᠤᠯ ᠤᠨ ᠳᠠᠭᠤᠳᠠᠯᠭ᠎ᠠ ᠶᠢᠨ ᠶᠣᠰᠣᠨ ᠳᠤ ᠲᠥᠷᠥᠯ ᠪᠤᠰᠤ ᠨᠠᠰᠤᠲᠠᠨ ᠲᠣᠮᠣᠭᠠᠲᠠᠨ᠂ ᠠᠬᠠᠰ | ᠵᠠᠬᠠᠰ ᠪᠠ ᠠᠯᠪᠠᠨ ᠤ ᠬᠥᠮᠥᠰ ᠵᠢᠴᠢ ᠯᠠᠮᠠ ᠬᠤᠸᠠᠷᠠᠭ ᠢ ᠰᠢᠭᠤᠳ ᠨᠡᠷ᠎ᠡ ᠪᠠᠷ ᠨᠢ ᠳᠠᠭᠤᠳᠠᠬᠤ ᠪᠢᠰᠢ ᠬᠠᠷᠢᠨ | ᠠᠪᠤᠭᠠᠶᠢᠯᠠᠨ ᠳᠠᠭᠤᠳᠠᠵᠤ ᠬᠦᠨᠳᠦᠳᠬᠡᠯ ᠢᠶᠠᠨ ᠢᠯᠡᠳᠬᠡᠬᠦ ᠶᠣᠰᠣ ᠵᠠᠩᠰᠢᠯ ᠪᠠᠶᠢᠳᠠᠭ᠃ | ᠡᠵᠡᠨ᠎ᠡ ᠲᠣᠷᠭᠤᠳᠴᠤᠳ ᠤᠨ ᠠᠪᠤᠭᠠᠶᠢᠯᠠᠭ᠎ᠠ ᠶᠢᠨ ᠶᠣᠰᠣᠨ ᠳᠤ ᠪᠤᠰᠤᠳ ᠨᠤᠲᠤᠭ ᠤᠨ ᠮᠣᠩᠭᠤᠯᠴᠤᠳ | ᠰᠢᠭ᠋ ᠡᠪᠦᠭᠡ ᠡᠮᠡᠭᠡ ᠶᠢᠨ ᠦᠶ᠎ᠡ ᠶᠢᠨ ᠪᠤᠭᠤᠷᠤᠯᠴᠤᠳ ᠢ ᠮᠥᠨ ︽ᠡᠪᠦᠭᠡ︾᠂ ︽ᠡᠮᠡᠭᠡ︾ ᠭᠡᠳ᠂ ᠡᠴᠢᠭᠡ ᠡᠬᠡ | ᠲᠠᠢ ᠨᠢ ᠨᠢᠭᠡ ᠦᠶ᠎ᠡ ᠶᠢᠨ ᠬᠥᠮᠥᠨ ᠢ ︽ᠭᠤᠸᠠᠢ︾᠂ ︽ᠠᠪᠤᠭᠠᠢ︾ ᠭᠡᠵᠦ ᠳᠠᠭᠤᠳᠠᠳᠠᠭ ᠦᠭᠡᠢ᠃ ᠮᠥᠨ | ᠠᠯᠠᠱᠠ ᠬᠤᠱᠤᠳ ᠤᠨ ᠠᠪᠤᠭᠠᠶᠢᠯᠠᠭ᠎ᠠ ᠶᠢᠨ ᠠᠳᠠᠯᠢ ᠪᠠᠷ ᠵᠢᠩᠬᠢᠨᠢ ᠨᠡᠷ᠎ᠡ ᠶᠢᠨ ᠳᠠᠷᠠᠭ᠎ᠠ ᠠᠪᠤᠭᠠᠶᠢᠯᠠᠭ᠎ᠠ ᠳᠠᠭᠠᠭᠤᠯᠤᠨ | ᠳᠠᠭᠤᠳᠠᠳᠠᠭ ᠦᠭᠡᠢ ᠠᠵᠢ᠃ ᠨᠡᠩ ᠴᠤ ᠵᠣᠷᠢᠭ ᠢᠶᠠᠷ ᠵᠣᠬᠢᠶᠠᠵᠤ ᠳᠠᠭᠤᠳᠠᠬᠤ ᠶᠢ ᠲᠠᠰᠤ ᠲᠡᠪᠴᠢᠳᠡᠭ ᠪᠢᠯᠡ᠃ | ᠡᠶᠢᠮᠦ ᠠᠴᠠ ᠡᠵᠡᠨ᠎ᠡ ᠲᠣᠷᠭᠤᠳ ᠤᠨ ᠠᠪᠤᠭᠠᠶᠢᠯᠠᠭ᠎ᠠ ᠨᠢ ᠨᠡᠶᠢᠭᠡᠮ ᠤᠨ ᠲᠡᠦᠬᠡᠨ ᠬᠥᠭᠵᠢᠯ ᠤᠨ ᠶᠠᠪᠤᠴᠠ ᠳᠤ ᠠᠵᠢᠯ | ᠮᠡᠷᠭᠡᠵᠢᠯ᠂ ᠬᠦᠢᠰᠦ᠂ ᠵᠡᠷᠭᠡ ᠲᠤᠰᠢᠶᠠᠯ᠂ ᠵᠠᠩ ᠠᠭᠠᠯᠢ ᠵᠡᠷᠭᠡ ᠪᠠᠷ ᠢᠯᠭᠠᠨ ᠳᠠᠭᠤᠳᠠᠬᠤ ᠪᠣᠯᠣᠭᠰᠠᠨ ᠤ ᠬᠤᠪᠢ ᠳᠤ | ᠣᠷᠣᠨ ᠨᠤᠲᠤᠭ ᠤᠨ ᠣᠨᠴᠠᠯᠢᠭ ᠰᠢᠨᠵᠢ ᠪᠠᠷ ᠮᠠᠰᠢ ᠲᠣᠪᠣᠶᠢᠮ᠎ᠠ ᠪᠠᠶᠢᠳᠠᠭ ᠠᠵᠢ᠃ | ︽ᠮᠣᠩᠭᠤᠯᠴᠤᠳ ᠥᠪᠡᠷ ᠤᠨ ᠦᠷ᠎ᠡ ᠬᠡᠦᠬᠡᠳ ᠲᠤ ᠪᠠᠨ ᠥᠰᠬᠦ ᠪᠣᠰᠬᠤ ᠠᠴᠠ ᠨᠢ ᠡᠬᠢᠯᠡᠨ ᠳᠡᠭᠦᠦ ᠨᠡᠷ | ᠪᠠᠭᠠᠴᠤᠤᠯ ᠢᠶᠠᠨ ᠬᠥᠭᠡᠷᠦᠬᠦᠶᠢᠯᠡᠨ ᠬᠠᠶᠢᠷᠠᠯᠠᠬᠤ᠂ ᠠᠪᠤ ᠡᠵᠢ ᠠᠬ᠎ᠠ ᠪᠠᠨ ᠡᠷᠬᠢᠮᠯᠡᠨ ᠬᠦᠨᠳᠦᠳᠬᠡᠬᠦ᠂ ᠨᠢᠭᠡ | ᠨᠢᠭᠡ ᠪᠠᠨ ᠬᠠᠯᠠᠮᠵᠢᠯᠠᠨ ᠡᠨᠡᠷᠢᠬᠦ ᠵᠡᠷᠭᠡ ᠠᠬᠠᠴᠢᠯᠠᠬᠤ ᠳᠡᠭᠦᠦᠴᠢᠯᠡᠬᠦ ᠪᠣᠯᠪᠠᠰᠤᠨ ᠶᠣᠰᠣ ᠪᠠᠷ ᠬᠠᠷᠢᠴᠠᠬᠤ | ᠬᠠᠷᠢᠴᠠᠭᠠᠨ ᠤ ᠬᠡᠷᠡᠭᠴᠡᠭᠡᠨ ᠠᠴᠠ ᠪᠣᠯᠵᠤ ᠬᠤᠭᠤᠷᠣᠨᠳᠣ ᠪᠠᠨ ᠠᠪᠤᠭᠠᠶᠢᠯᠠᠭ᠎ᠠ ᠨᠡᠷ᠎ᠡ ᠶᠢ ᠬᠡᠷᠡᠭᠯᠡᠬᠦ ᠪᠣᠯᠵᠠᠢ᠃ | ᠲᠡᠭᠦᠨᠴᠢᠯᠡᠨ ᠲᠡᠳᠡ᠄ ︿ᠬᠥᠮᠥᠨ ᠠᠬ᠎ᠠ ᠲᠠᠢ᠂ ᠳᠡᠪᠡᠯ ᠵᠠᠬ᠎ᠠ ᠲᠠᠢ﹀ ᠬᠡᠮᠡᠨ ᠦᠷ᠎ᠡ ᠬᠡᠦᠬᠡᠳ ᠢᠶᠠᠨ ᠬᠡᠯᠡᠨ ᠳᠤ | ᠣᠷᠣᠵᠤ ᠮᠡᠳᠡᠭᠡᠵᠢᠬᠦ ᠠᠴᠠ ᠨᠢ ᠡᠬᠢᠯᠡᠨ ᠥᠪᠡᠷ ᠤᠨ ᠲᠥᠷᠥᠭᠰᠡᠨ ᠠᠬ᠎ᠠ ᠳᠡᠭᠦᠦ ᠲᠥᠷᠥᠯ ᠰᠠᠳᠤᠨ ᠤ ᠳᠠᠭᠤᠳᠠᠯᠭ᠎ᠠ | ᠨᠡᠷᠡᠶᠢᠳᠦᠯ ᠢ ᠵᠢᠭᠠᠵᠤ ᠰᠤᠷᠭᠠᠳᠠᠭ ᠪᠢᠯᠡ︾᠃ | ᠡᠵᠡᠨ᠎ᠡ ᠲᠣᠷᠭᠤᠳ ᠤᠨ ᠠᠪᠤᠭᠠᠶᠢᠯᠠᠭ᠎ᠠ ᠶᠢᠨ ᠶᠣᠰᠣᠨ ᠳᠤ ᠠᠪᠤ᠂ ᠠᠬ᠎ᠠ ᠮᠡᠲᠦ ᠶᠢᠨ ᠲᠥᠷᠥᠯ | ᠲᠥᠷᠥᠭᠰᠡᠳ ᠤᠨ ᠳᠣᠲᠣᠨᠣ ᠨᠠᠶᠢᠵᠠ᠂ ᠰᠠᠶᠢᠨ ᠨᠥᠬᠦᠷ ᠵᠡᠷᠭᠡ ᠲᠥᠷᠥᠯ ᠪᠤᠰᠤ ᠬᠥᠮᠥᠰ ᠢ ᠣᠨᠴᠠᠭᠠᠢ ᠪᠠᠷ | ᠠᠪᠤᠭᠠᠶᠢᠯᠠᠳᠠᠭ ᠶᠣᠰᠣ ᠪᠤᠢ᠃ ᠲᠤᠬᠠᠶᠢᠯᠠᠪᠠᠯ ᠲᠥᠷᠥᠯ ᠤᠨ ᠨᠡᠷ᠎ᠡ ᠶᠢᠨ ᠳᠠᠷᠠᠭ᠎ᠠ ᠶᠠᠮᠠᠷ ᠨᠢᠭᠡᠨ ᠠᠪᠢᠶ᠎ᠠ ᠵᠠᠯᠭᠠᠭᠠᠳ | ᠡᠴᠢᠭᠡ ᠶᠢᠨ ᠦᠶ᠎ᠡ ᠶᠢᠨ ᠬᠥᠮᠥᠨ ᠢ ︽ᠠᠪᠤᠵᠢᠶᠠ︾᠂ ︽ᠠᠪᠵᠠ︾ ᠭᠡᠬᠦ᠂ ᠠᠬ᠎ᠠ ᠶᠢᠨ ᠦᠶ᠎ᠡ ᠶᠢᠨ ᠬᠥᠮᠥᠨ ᠢ | ︽ᠠᠬᠠᠵᠢᠶᠠ︾᠂ ︽ᠠᠬᠠᠲᠠᠢ︾ ᠭᠡᠵᠦ ᠥᠪᠡᠷ ᠲᠥᠷᠥᠯ ᠠᠴᠠ ᠪᠠᠨ ᠢᠯᠭᠠᠵᠤ ᠬᠦᠨᠳᠦᠳᠬᠡᠨ ᠳᠠᠭᠤᠳᠠᠳᠠᠭ | ᠵᠠᠩᠰᠢᠯ ᠪᠠᠶᠢᠳᠠᠭ᠃ | ᠡᠵᠡᠨ᠎ᠡ ᠲᠣᠷᠭᠤᠳ ᠤᠨ ᠠᠪᠤᠭᠠᠶᠢᠯᠠᠭ᠎ᠠ ᠨᠡᠷ᠎ᠡ ᠶᠢᠨ ᠲᠤᠬᠠᠢ ᠡᠷᠳᠡᠮᠲᠡᠨ ᠫᠷᠣᠹᠧᠰᠰᠣᠷ ᠴᠣᠶᠢᠳᠠᠨᠳᠠᠷ ᠭᠤᠸᠠᠢ | ︽ᠡᠵᠡᠨ᠎ᠡ ᠮᠣᠩᠭᠤᠯᠴᠤᠳ ᠤᠨ ᠠᠪᠤᠭᠠᠶᠢᠯᠠᠭ᠎ᠠ ᠨᠡᠷ᠎ᠡ ᠶᠢᠨ ᠤᠴᠢᠷ︾ ᠭᠡᠬᠦ ᠥᠭᠦᠯᠡᠯ ᠳᠡᠭᠡᠨ ᠨᠠᠷᠢᠨ ᠰᠢᠨᠵᠢᠯᠡᠯᠲᠡ | ᠬᠢᠵᠠᠢ᠃ ᠲᠡᠷᠡ᠄ | ᠮᠣᠩᠭᠤᠯ ᠬᠥᠮᠥᠨ ᠤ ᠵᠢᠩᠬᠢᠨᠢ ᠨᠡᠷ᠎ᠡ ᠶᠢᠨ ᠪᠣᠳᠠᠲᠤ ᠦᠭᠡ ᠨᠢ ᠶᠠᠮᠠᠷ ᠭᠠᠷᠤᠯ ᠲᠠᠢ ᠦᠭᠡ ᠪᠠᠶᠢᠯ᠎ᠠ ᠴᠤ | ᠭᠡᠰᠡᠨ ᠬᠠᠷᠢᠨ ᠠᠭᠤᠯᠭ᠎ᠠ ᠶᠢᠨ ᠬᠤᠪᠢ ᠳᠤ ᠪᠣᠯ ᠭᠤᠣᠯᠳᠠᠭᠤ ᠰᠠᠶᠢᠨ ᠰᠠᠶᠢᠬᠠᠨ ᠵᠦᠢᠯ ᠢ ᠬᠦᠰᠡᠨ ᠮᠥᠷᠥᠭᠡᠳᠦᠭᠰᠡᠨ | ᠪᠠ ᠬᠠᠶᠢᠷᠠᠯᠠᠵᠤ ᠬᠠᠮᠠᠭᠠᠯᠠᠭᠰᠠᠨ ᠭᠡᠬᠦ ᠵᠡᠷᠭᠡ ᠦᠨᠳᠦᠰᠦᠨ ᠠᠭᠤᠯᠭ᠎ᠠ ᠴᠢᠭᠯᠡᠯ ᠲᠠᠢ ᠪᠠᠶᠢᠳᠠᠭ᠃ ᠁ | ᠠᠪᠤᠭᠠᠶᠢᠯᠠᠭ᠎ᠠ ᠨᠡᠷ᠎ᠡ ᠶᠢᠨ ᠪᠣᠳᠠᠲᠤ ᠦᠭᠡ ᠶᠢᠨ ᠲᠤᠰ ᠪᠡᠶ᠎ᠡ ᠳᠤ ᠨᠢ ᠶᠠᠮᠠᠷ ᠴᠤ ᠤᠳᠬ᠎ᠠ ᠦᠭᠡᠢ᠃ ᠲᠡᠭᠡᠪᠡᠯ | ᠶᠠᠭᠠᠬᠢᠭᠠᠳ ᠡᠶᠢᠮᠦ ᠠᠪᠤᠭᠠᠶᠢᠯᠠᠭ᠎ᠠ ᠶᠢᠨ ᠨᠡᠷ᠎ᠡ ᠦᠭᠡ ᠪᠤᠢ ᠪᠣᠯᠪᠠ ᠭᠡᠪᠡᠯ᠂ ᠡᠨᠡ ᠨᠢ ᠠᠪᠤᠭᠠᠶᠢᠯᠠᠭᠳᠠᠵᠤ ᠪᠠᠶᠢᠭ᠎ᠠ | ᠬᠥᠮᠥᠨ ᠤ ᠵᠢᠩᠬᠢᠨᠢ ᠨᠡᠷ᠎ᠡ ᠶᠢ ᠳᠥᠭᠦᠮᠴᠢᠯᠡᠨ ᠳᠠᠭᠤᠷᠢᠶᠠᠭᠰᠠᠨ ᠬᠡᠦᠬᠡᠳ ᠤᠨ ᠦᠭᠡᠨ ᠤ ᠳᠠᠭᠤᠳᠠᠯᠭ᠎ᠠ ᠭᠡᠰᠡᠨ ᠢ | ᠪᠠᠶᠢᠴᠠᠭᠠᠭᠰᠠᠨ ᠮᠠᠲ᠋ᠧᠷᠢᠶᠠᠯ ᠢᠶᠠᠷ ᠨᠤᠲᠠᠯᠠᠵᠤ ᠪᠣᠯᠤᠮᠠᠷ ᠪᠠᠶᠢᠨ᠎ᠠ᠃ ᠵᠢᠱᠢᠶ᠎ᠡ ᠦᠵᠡᠭᠦᠯᠪᠡᠯ᠄ | ᠠᠮᠤᠷᠵᠢᠷᠭᠠᠯ— ᠠᠮᠵᠢᠭᠠᠢ ᠳ᠋ᠠᠨᠵᠢᠨᠢᠮᠠ— ᠳ᠋ᠠᠨᠢᠭ᠎ᠠ | ᠠᠪᠢᠷᠮᠢᠳ— ᠠᠪᠵᠠ ᠮᠠᠨᠳᠦᠭᠡᠷᠡᠯ— ᠮᠠᠨᠢᠭ᠎ᠠ | ᠪᠠᠲᠤᠴᠡᠴᠡᠭ— ᠪᠠᠭᠠᠵᠢ ᠲᠦᠨᠳᠦᠭᠡᠷ— ᠲᠦᠨᠳᠦ | ᠪᠠᠲᠤᠭᠤᠳᠤᠪ— ᠪᠡᠭᠡᠢ ᠲᠡᠮᠪᠡᠷᠢᠯ— ᠳ᠋ᠡᠮᠪᠡ | ᠭᠤᠮᠪᠤᠵᠠᠪ— ᠭᠤᠭᠤᠤ ᠲᠤᠯᠮᠠᠳᠤᠷᠵᠢ— ᠳ᠋ᠤᠨᠳᠠ | ᠰᠠᠨᠳᠠᠭ— ᠰᠠᠭᠠᠶᠠ ᠳᠣᠷᠵᠢᠰᠦ᠋ᠷᠦᠩ— ᠳ᠋ᠦᠳᠦᠦ | ᠪᠠᠳᠮᠠᠴᠡᠴᠡᠭ— ᠪᠠᠵᠢᠭᠡᠢ ᠳ᠋ᠠᠰᠢ— ᠳ᠋ᠠᠩᠬᠢ | ᠲᠤᠯᠮᠠᠰᠦ᠋ᠷᠦᠩ— ᠲᠤᠮᠵᠠ ᠮᠤᠬᠤᠷᠴᠠᠭᠠᠨ— ᠮᠣᠵᠢ | ᠲᠠᠷᠢᠮ᠎ᠠ— ᠲᠠᠮ᠎ᠠ ᠰᠦᠷᠦᠩᠭᠡᠷ— ᠰᠥᠩᠭᠡ | ᠬᠠᠳᠠᠨᠰᠦ᠋ᠷᠦᠩ— ᠬᠠᠭᠡᠢ ᠮᠢᠴᠢᠨ— ᠮᠢᠨᠵᠡᠢ | ᠭᠡᠷᠡᠯᠴᠢᠮᠡᠭ— ᠭᠡᠨᠵᠢᠭᠡᠢ ᠭᠡᠬᠦ ᠮᠡᠲᠦ᠃ | ︽ᠬᠡᠦᠬᠡᠳ ᠡᠬᠢᠯᠡᠵᠦ ᠬᠡᠯᠡᠨ ᠳᠤ ᠣᠷᠣᠬᠤ ᠳᠠᠭᠠᠨ ᠶᠡᠷᠦ ᠠᠴᠠ ᠡᠵᠢ ᠠᠪᠤ ᠶᠡᠬᠡᠴᠦᠦᠯ ᠤᠨ ᠢᠶᠠᠨ ᠦᠭᠡ | ᠶᠠᠷᠢᠶ᠎ᠠ ᠶᠢ ᠰᠣᠨᠣᠰᠤᠭᠰᠠᠭᠠᠷ ᠳᠠᠭᠤᠷᠢᠶᠠᠭᠰᠠᠭᠠᠷ ᠦᠭᠡ ᠬᠡᠯᠡᠵᠦ ᠰᠤᠷᠳᠠᠭ᠂ ᠲᠡᠭᠦᠨᠴᠢᠯᠡᠨ ᠶᠡᠭᠡ ᠬᠥᠮᠥᠨ ᠢ | ᠳᠠᠭᠤᠷᠢᠶᠠᠵᠤ ᠬᠥᠮᠥᠨ ᠤ ᠨᠡᠷ᠎ᠡ ᠶᠢ ᠬᠡᠯᠡᠬᠦ ᠭᠡᠳ ᠭᠦᠢᠴᠡᠳ ᠬᠡᠯᠡᠵᠦ ᠴᠢᠳᠠᠬᠤ ᠦᠭᠡᠢ ᠳᠡᠭᠡᠨ ᠶᠡᠭᠡ ᠬᠥᠮᠥᠨ ᠤ | ᠵᠢᠩᠬᠢᠨᠢ ᠨᠡᠷ᠎ᠡ ᠲᠠᠢ ᠠᠪᠢᠶ᠎ᠠ ᠲᠥᠰᠦᠭᠡᠲᠡᠢ ᠳᠤᠲᠠᠭᠤ ᠬᠠᠭᠠᠰ ᠨᠡᠷ᠎ᠡ ᠶᠢ ᠬᠡᠯᠡᠳᠡᠭ ᠪᠠᠶᠢᠨ᠎ᠠ᠃ ᠬᠡᠦᠬᠡᠳ ᠡᠬᠢᠯᠡᠵᠦ | ᠬᠡᠯᠡᠨ ᠳᠤ ᠣᠷᠣᠬᠤ ᠶᠠᠪᠤᠳᠠᠯ ᠪᠣᠯ ᠡᠬᠡ ᠡᠴᠢᠭᠡ ᠠᠬᠠᠮᠠᠳ ᠶᠡᠬᠡᠰ ᠤᠨ ᠬᠢᠨᠢ ᠨᠢᠭᠡᠨ ᠪᠠᠶᠠᠷᠲᠤ ᠬᠡᠷᠡᠭ ᠪᠣᠯᠳᠠᠭ | ᠤᠴᠢᠷ ᠠᠴᠠ ᠬᠡᠦᠬᠡᠳ ᠢᠶᠠᠨ ᠥᠬᠦᠭᠡᠷᠳᠡᠨ ᠬᠠᠶᠢᠷᠠᠯᠠᠬᠤ ᠳᠠᠭᠠᠨ ᠠᠩᠬᠠᠨ ᠤ ᠬᠢᠨᠢ ᠬᠡᠯᠡᠭᠰᠡᠨ ᠲᠡᠳᠡᠭᠡᠷ ᠬᠥᠭᠡᠷᠦᠬᠦᠨ | ᠨᠡᠷ᠎ᠡ ᠦᠭᠡ ᠶᠢ ᠬᠡᠦᠬᠡᠳ ᠤᠨ ᠠᠪᠤ ᠡᠵᠢ ᠠᠬ᠎ᠠ ᠡᠭᠡᠴᠢ ᠨᠠᠷ ᠨᠢ ᠮᠥᠨ ᠲᠡᠷᠡ ᠶᠠᠩᠵᠤ ᠪᠠᠷ ᠨᠢ ᠳᠠᠭᠤᠷᠢᠶᠠᠨ ᠬᠡᠯᠡᠵᠦ | ᠪᠠᠶᠢᠭᠰᠠᠭᠠᠷ ᠰᠡᠭᠦᠯ ᠳᠡᠭᠡᠨ ᠲᠡᠷᠡ ᠬᠥᠮᠥᠨ ᠤ ᠠᠪᠤᠭᠠᠶᠢᠯᠠᠭ᠎ᠠ ᠶᠢᠨ ᠨᠡᠷ᠎ᠡ ᠪᠣᠯᠵᠤ ᠨᠡᠷᠡᠰᠢᠭᠡᠳ ᠤᠯᠠᠮ ᠢᠶᠠᠷ ᠣᠶᠢᠷ᠎ᠠ | ᠬᠠᠪᠢ ᠶᠢᠨ ᠬᠥᠮᠥᠰ ᠤᠨ ᠳᠤᠮᠳᠠ ᠠᠯᠳᠠᠷᠰᠢᠨ ᠳᠡᠯᠭᠡᠷᠡᠭᠰᠡᠭᠡᠷ ᠲᠡᠷᠡ ᠶᠠᠪᠤᠭᠠᠨ ᠳᠠᠭᠠᠨ ᠪᠤᠰᠤᠳ ᠢ ᠬᠦᠨᠳᠦᠳᠬᠡᠨ | ᠳᠠᠭᠤᠳᠠᠬᠤ ᠤᠳᠬ᠎ᠠ ᠪᠦᠬᠦᠢ ᠲᠤᠰᠬᠠᠢ ᠠᠪᠤᠭᠠᠶᠢᠯᠠᠭ᠎ᠠ ᠶᠢᠨ ᠨᠡᠷ᠎ᠡ ᠪᠣᠯᠵᠠᠢ︾ ᠭᠡᠪᠡ᠃ | ᠡᠵᠡᠨ᠎ᠡ ᠲᠣᠷᠭᠤᠳ ᠤᠨ ︽ᠠᠪᠤᠭᠠᠶᠢᠯᠠᠭ᠎ᠠ ᠨᠡᠷ᠎ᠡ ᠶᠢᠨ ᠳᠣᠲᠣᠷ᠎ᠠ ᠳᠡᠭᠡᠷ᠎ᠡ ᠳᠤᠷᠠᠳᠤᠭᠰᠠᠨ ᠪᠠᠶᠢᠳᠠᠯ ᠠᠴᠠ | ᠭᠠᠳᠠᠨ᠎ᠠ ᠪᠠᠰᠠ ᠠᠨᠳᠠᠢ᠂ ᠠᠳᠠᠢ᠂ ᠠᠨᠢᠶ᠎ᠠ᠂ ᠠᠵᠠᠢ᠂ ᠵᠤᠵᠤᠤ ᠭᠡᠬᠦ ᠮᠡᠲᠦ ᠶᠢᠨ ᠵᠠᠷᠢᠮ ᠴᠥᠭᠡᠨ ᠲᠣᠭᠠᠨ ᠤ ᠨᠡᠷ᠎ᠡ | ᠨᠢ ᠤᠤᠯ ᠬᠥᠮᠥᠨ ᠤ ᠵᠢᠩᠬᠢᠨᠢ ᠨᠡᠷ᠎ᠡ ᠲᠠᠢ ᠪᠠᠨ ᠠᠪᠢᠶ᠎ᠠ ᠳᠠᠭᠤᠳᠠᠯᠭ᠎ᠠ ᠶᠢᠨ ᠲᠠᠯ᠎ᠠ ᠪᠠᠷ ᠣᠭᠲᠣ ᠬᠤᠯᠪᠣᠭᠳᠠᠯ ᠦᠭᠡᠢ | ᠪᠥᠭᠡᠳ ᠲᠡᠷᠡ ᠨᠢ ᠲᠤᠰᠬᠠᠶᠢᠯᠠᠨ ᠠᠬᠠᠮᠠᠳ ᠨᠠᠰᠤᠲᠠᠢ ᠬᠥᠮᠥᠰ ᠤᠨ ᠬᠡᠨ ᠳᠤ ᠴᠤ ᠭᠡᠳ ᠬᠡᠷᠡᠭᠯᠡᠬᠦ ᠦᠵᠡᠭᠳᠡᠯ | ᠭᠠᠷᠤᠨ᠎ᠠ᠃ ᠡᠳᠡᠭᠡᠷ ᠦᠵᠡᠭᠳᠡᠯ ᠨᠢ ᠨᠢᠭᠡ ᠳᠤ᠂ ᠡᠳᠡᠭᠡᠷ ᠨᠡᠷ᠎ᠡ ᠨᠢ ᠤᠤᠯ ᠳᠠᠭᠠᠨ ᠮᠥᠨ ᠬᠡᠦᠬᠡᠳ ᠤᠨ ᠦᠭᠡ ᠠᠴᠠ | ᠡᠭᠦᠰᠦᠭᠡᠳ ᠤᠯᠠᠮᠵᠢᠯᠠᠨ ᠳᠠᠮᠵᠢᠭᠰᠠᠭᠠᠷ ᠡᠴᠦᠰ ᠲᠡᠭᠡᠨ ᠣᠯᠠᠨ ᠨᠡᠶᠢᠲᠡ ᠳᠤ ᠵᠥᠪᠰᠢᠶᠡᠷᠡᠭᠳᠡᠬᠦ ᠣᠨᠴᠠᠭᠠᠢ | ᠠᠪᠤᠭᠠᠶᠢᠯᠠᠭ᠎ᠠ ᠶᠢᠨ ᠨᠡᠷ᠎ᠡ ᠪᠣᠯᠵᠤ᠂ ᠲᠡᠭᠦᠪᠡᠷ ᠠᠬᠠᠮᠠᠳ ᠨᠠᠰᠤᠲᠠᠢ ᠬᠥᠮᠥᠰ ᠢ ᠬᠡᠨ ᠴᠤ ᠬᠠᠮᠢᠶ᠎ᠠ ᠦᠭᠡᠢ | ᠠᠪᠤᠭᠠᠶᠢᠯᠠᠨ ᠳᠠᠭᠤᠳᠠᠵᠤ ᠡᠷᠬᠢᠮᠯᠡᠨ ᠬᠦᠨᠳᠦᠳᠬᠡᠭᠰᠡᠨ ᠰᠠᠨᠠᠭ᠎ᠠ ᠶᠢ ᠭᠠᠷᠭᠠᠳᠠᠭ︾᠃ | ᠡᠵᠡᠨ᠎ᠡ ᠳᠤ ᠶᠡᠷᠦ ᠨᠢ ᠬᠡᠦᠬᠡᠳ ᠪᠠᠭᠠᠴᠤᠳ ᠲᠠᠭᠠᠨ ᠠᠬᠠᠴᠢᠯᠠᠬᠤ᠂ ᠳᠡᠭᠦᠦᠴᠢᠯᠡᠬᠦ ᠶᠣᠰᠣ ᠵᠠᠩᠰᠢᠯ ᠢ | ᠰᠤᠷᠭᠠᠬᠤ ᠳᠠᠭᠠᠨ ᠦᠢᠷ᠎ᠡ ᠬᠤᠯᠠ ᠶᠢᠨ ᠲᠠᠨᠢᠬᠤ ᠥᠯᠥ ᠲᠠᠨᠢᠬᠤ ᠢᠯᠭᠠᠯ ᠦᠭᠡᠢ᠂ ᠥᠪᠡᠷ ᠤᠨ ᠲᠥᠷᠥᠯ ᠠᠴᠠ | ᠪᠤᠰᠤ ᠨᠠᠰᠤ ᠪᠠᠷ ᠶᠡᠭᠡ ᠬᠥᠮᠥᠰ ᠢ ᠠᠪᠤᠭᠠᠶᠢᠯᠠᠭ᠎ᠠ ᠪᠠᠷ ᠬᠦᠨᠳᠦᠳᠬᠡᠨ ᠳᠠᠭᠤᠳᠠᠬᠤ ᠶᠢ ᠱᠠᠭᠠᠷᠳᠠᠳᠠᠭ᠃ ᠢᠯᠠᠩᠭᠤᠶ᠎ᠠ | ᠠᠩᠬ᠎ᠠ ᠠᠭᠤᠯᠵᠠᠵᠤ ᠪᠠᠶᠢᠭ᠎ᠠ ᠥᠯᠥ ᠲᠠᠨᠢᠭᠴᠢ ᠬᠥᠮᠥᠨ ᠪᠶᠤ ᠬᠤᠯᠠ ᠭᠠᠵᠠᠷ ᠠᠴᠠ ᠢᠷᠡᠭᠰᠡᠨ ᠬᠥᠮᠥᠨ ᠳᠡᠭᠡᠷ᠎ᠡ | ᠬᠡᠯᠡᠭᠰᠡᠨ ᠮᠡᠲᠦ ᠲᠤᠰᠬᠠᠢ ᠠᠪᠤᠭᠠᠶᠢᠯᠠᠭ᠎ᠠ ᠦᠭᠡᠢ ᠪᠠᠶᠢᠪᠠᠯ ᠪᠦᠰᠡᠲᠡᠢ ᠶᠢ ᠨᠢ ︽ᠠᠬ᠎ᠠ︾ ᠭᠡᠳ ᠪᠦᠰᠡᠭᠦᠢ | ᠬᠥᠮᠥᠨ ᠢ ︽ᠡᠭᠡᠴᠢ︾ ᠭᠡᠵᠦ ᠲᠥᠷᠥᠯ ᠰᠠᠳᠤᠨ ᠤ ᠳᠠᠭᠤᠳᠠᠯᠭ᠎ᠠ ᠨᠡᠷ᠎ᠡ ᠶᠢ ᠰᠢᠯᠵᠢᠭᠦᠯᠦᠨ ᠠᠪᠤᠭᠠᠶᠢᠯᠠᠳᠠᠭ᠃ | ᠭᠡᠬᠦ ᠳᠤ ︽ᠬᠥᠮᠥᠰ ᠢ ᠬᠤᠭᠤᠷᠣᠨᠳᠣ ᠨᠢ ᠢᠯᠭᠠᠪᠤᠷᠢ ᠲᠠᠢ ᠵᠢᠭᠠᠵᠤ ᠨᠡᠷᠡᠯᠡᠬᠦ ᠶᠢᠨ ᠲᠤᠰᠠᠳᠠ᠂ ᠲᠡᠷᠡ ᠬᠥᠮᠥᠨ ᠤ | ᠨᠢᠭᠤᠷ ᠴᠢᠷᠠᠢ᠂ ᠪᠡᠶ᠎ᠡ ᠶᠢᠨ ᠶᠠᠩᠵᠤ ᠪᠠᠶᠢᠳᠠᠯ ᠬᠢᠭᠡᠳ ᠠᠪᠤᠷᠢ ᠵᠠᠩ ᠵᠡᠷᠭᠡ ᠪᠠᠷ ᠨᠢ ᠡᠰᠢ ᠪᠣᠯᠭᠠᠨ ᠲᠣᠳᠣᠳᠬᠠᠨ | ᠠᠪᠤᠭᠠᠶᠢᠯᠠᠳᠠᠭ᠃ ᠲᠤᠬᠠᠶᠢᠯᠠᠪᠠᠯ᠂ ᠪᠤᠭᠤᠷᠤᠯ ᠠᠬ᠎ᠠ᠂ ᠪᠢᠴᠢᠬᠠᠨ ᠠᠬ᠎ᠠ᠂ ᠳᠣᠭᠰᠢᠨ ᠠᠬ᠎ᠠ᠂ ᠰᠠᠶᠢᠬᠠᠨ ᠡᠭᠡᠴᠢ᠂ | ᠵᠢᠭᠠᠬᠠᠨ ᠡᠵᠢ᠂ ᠥᠨᠳᠥᠷ ᠠᠬ᠎ᠠ᠂ ᠯᠠᠮᠠ ᠠᠬ᠎ᠠ᠂ ᠰᠠᠶᠢᠨ ᠠᠬ᠎ᠠ᠂ ᠨᠣᠮᠣᠬᠠᠨ ᠡᠵᠢ᠂ ᠥᠨᠳᠥᠷ ᠡᠵᠢ᠂ ᠤᠯᠠᠭᠠᠨ | ᠠᠬ᠎ᠠ᠂ ᠪᠣᠷᠣ ᠠᠬ᠎ᠠ᠂ ᠰᠢᠷ᠎ᠠ ᠡᠭᠡᠴᠢ᠂ ᠪᠣᠷᠣ ᠡᠭᠡᠴᠢ᠂ ᠪᠦᠳᠦᠭᠦᠨ ᠠᠬ᠎ᠠ᠂ ᠭᠡᠬᠦ ᠮᠡᠲᠦ ᠪᠠᠷ ᠠᠪᠤᠭᠠᠶᠢᠯᠠᠨᠠ᠃ | ᠢᠩᠭᠢᠵᠦ ᠠᠪᠤᠭᠠᠶᠢᠯᠠᠬᠤ ᠨᠢ ᠪᠦᠷ ᠪᠤᠰᠤᠳ ᠢ ᠬᠦᠨᠳᠦᠳᠬᠡᠨ ᠡᠷᠬᠢᠮᠯᠡᠬᠦ ᠪᠣᠯᠪᠠᠰᠤᠨ ᠶᠣᠰᠣ ᠪᠠᠷ ᠬᠠᠷᠢᠯᠴᠠᠬᠤ | ᠤᠳᠬ᠎ᠠ ᠶᠢ ᠭᠠᠷᠭᠠᠳᠠᠭ ᠶᠤᠮ᠃ ᠡᠵᠡᠨ᠎ᠡ ᠶᠢᠨ ᠮᠣᠩᠭᠤᠯᠴᠤᠳ᠂ ᠬᠡᠦᠬᠡᠳ ᠪᠠᠭᠠᠴᠤᠳ ᠨᠢ ᠪᠤᠰᠤᠳ ︵ᠲᠥᠷᠥᠯ | ᠰᠠᠳᠤᠨ ᠪᠤᠶᠤ︶ ᠨᠠᠰᠤ ᠶᠡᠭᠡ ᠬᠥᠮᠥᠰ ᠢ ︵ᠠᠬ᠎ᠠ᠂ ᠡᠭᠡᠴᠢ︶ ᠭᠡᠵᠦ ᠠᠪᠤᠭᠠᠶᠢᠯᠠᠬᠤ ᠶᠠᠪᠤᠳᠠᠯ ᠢ ᠬᠠᠮᠤᠭ ᠤᠨ ᠶᠡᠭᠡ | ᠬᠦᠨᠳᠦᠳᠬᠡᠯ ᠳᠠᠭᠤᠳᠠᠯᠭ᠎ᠠ ᠭᠡᠵᠦ ᠦᠵᠡᠳᠡᠭ ᠪᠠᠶᠢᠨ᠎ᠠ︾᠃ | ᠠᠯᠲᠠᠨ᠋ᠣ᠋ᠳᠣ ᠭᠤᠸᠠᠢ ︽ᠡᠵᠡᠨ᠎ᠡ ᠲᠣᠷᠭᠤᠳ ᠤᠨ ᠶᠣᠰᠣ ᠵᠠᠩᠰᠢᠯ ᠤᠨ ᠦᠢᠯᠡᠪᠦᠷᠢ︾ ᠭᠡᠬᠦ ᠨᠣᠮ ᠳᠠᠭᠠᠨ | ᠡᠵᠡᠨ᠎ᠡ ᠬᠠᠭᠤᠴᠢᠨ ᠲᠣᠷᠭᠤᠳ ᠬᠤᠰᠢᠭᠤᠨ ᠤ ᠬᠡᠳᠦᠨ ᠦᠶ᠎ᠡ ᠶᠢᠨ ᠵᠠᠰᠠᠭ ᠨᠣᠶᠠᠨ᠂ ᠲᠥᠷᠥ ᠶᠢᠨ ᠪᠠᠶᠢᠯ᠎ᠠ | ᠸᠠᠩᠵᠢᠯᠴᠡᠷᠡᠨ ᠢ ︽ᠥᠨᠳᠥᠷ ᠳᠡᠭᠡᠳᠦ︾ ᠭᠡᠳ ᠳᠣᠯᠣᠳᠤᠭᠠᠷ ᠦᠶ᠎ᠡ ᠶᠢᠨ ᠨᠠᠢᠮᠠᠳᠤᠭᠠᠷ ᠵᠠᠰᠠᠭ ᠨᠣᠶᠠᠨ ᠵᠢᠶᠦ᠋ᠨ | ᠸᠠᠩ ᠲᠦᠪᠰᠢᠨᠪᠠᠶᠠᠷ ᠢ ᠥᠨᠳᠥᠷ ᠠᠬ᠎ᠠ ᠭᠡᠳᠡᠭ ᠪᠠᠶᠢᠪᠠ᠃ ᠲᠤᠰ ᠬᠤᠰᠢᠭᠤᠨ ᠤ ᠡᠴᠦᠰ ᠤᠨ ᠨᠣᠶᠠᠨ᠂ ᠵᠠᠰᠠᠭ | ᠵᠢᠶᠦ᠋ᠨ ᠸᠠᠩ ᠯᠾᠠᠸᠠᠩᠵᠠᠪ ᠢ ᠰᠠᠶᠢᠨ ᠠᠬ᠎ᠠ ᠭᠡᠬᠦ ᠮᠡᠲᠦ ᠪᠠᠷ ᠠᠪᠤᠭᠠᠶᠢᠯᠠᠵᠤ ᠪᠠᠶᠢᠵᠠᠢ ᠭᠡᠪᠡ᠃ | ᠡᠵᠡᠨ᠎ᠡ ᠲᠣᠷᠭᠤᠳ ᠲᠤ ᠠᠪᠤᠭᠠᠶᠢᠯᠠᠭ᠎ᠠ ᠨᠡᠷ᠎ᠡ ᠶᠢ ᠬᠡᠨ ᠪᠣᠯᠭᠠᠨ ᠳᠤ ᠬᠠᠮᠢᠶ᠎ᠠ ᠦᠭᠡᠢ ᠥᠭᠬᠦ ᠪᠤᠶᠤ | ᠳᠤᠷ᠎ᠠ ᠪᠠᠷ ᠰᠣᠯᠢᠵᠤ ᠳᠠᠭᠤᠳᠠᠬᠤ ᠵᠠᠩᠰᠢᠯ ᠪᠠᠶᠢᠳᠠᠭ ᠦᠭᠡᠢ᠃ ᠬᠠᠷᠢᠨ ᠲᠤᠰ ᠲᠤᠰ ᠤᠨ ᠲᠣᠭᠲᠠᠭᠰᠠᠨ | ᠠᠪᠤᠭᠠᠶᠢᠯᠠᠭ᠎ᠠ ᠪᠠᠷ ᠬᠦᠨᠳᠦᠳᠬᠡᠨ ᠳᠠᠭᠤᠳᠠᠳᠠᠭ ᠶᠣᠰᠣ ᠲᠠᠢ ᠪᠠᠶᠢᠯ᠎ᠠ᠃ ᠬᠡᠷᠪᠡ ᠣᠲᠣᠷ ᠨᠡᠭᠦᠳᠡᠯ ᠢᠶᠠᠷ ᠡᠰᠡᠪᠡᠯ | ᠶᠠᠮᠠᠷ ᠨᠢᠭᠡᠨ ᠤᠴᠢᠷ ᠢᠶᠠᠷ ᠥᠯᠥ ᠮᠡᠳᠡᠬᠦ ᠭᠠᠵᠠᠷ ᠣᠴᠢᠵᠤ ᠲᠡᠨᠳᠡᠬᠢ ᠬᠥᠮᠥᠰ ᠲᠠᠢ ᠬᠠᠷᠢᠯᠴᠠᠬᠤ ᠦᠶ᠎ᠡ ᠳᠤ ᠨᠢᠭᠡ | ᠨᠢᠭᠡᠨ ᠤ ᠪᠠᠨ ᠣᠪᠣᠭ ᠨᠡᠷ᠎ᠡ ᠠᠪᠤᠭᠠᠶᠢᠯᠠᠭ᠎ᠠ ᠶᠢ ᠣᠭᠲᠣ ᠮᠡᠳᠡᠬᠦ ᠦᠭᠡᠢ ᠲᠣᠬᠢᠶᠠᠯᠳᠤᠯ ᠭᠠᠷᠪᠠᠯ ᠤᠷᠢᠳ ᠢᠶᠠᠷ ᠠᠮᠤᠷ | ᠮᠡᠨᠳᠦ ᠪᠠᠨ ᠠᠰᠠᠭᠤᠯᠴᠠᠭᠰᠠᠨ ᠤ ᠳᠠᠷᠠᠭ᠎ᠠ ︽ᠲᠠᠨ ᠤ ᠠᠯᠳᠠᠷ ᠶᠠᠭᠤ ᠪᠢᠯᠡ︖ ᠶᠠᠭᠠᠬᠢᠵᠤ ᠠᠪᠤᠭᠠᠶᠢᠯᠠᠬᠤ | ᠪᠢᠯᠡ︖︾ ᠭᠡᠵᠦ ᠠᠰᠠᠭᠤᠬᠤ ᠳᠤ ᠬᠠᠷᠢᠭᠤ ᠳᠤᠨᠢ ᠨᠡᠷ᠎ᠡ ᠪᠠᠨ ᠬᠡᠯᠡᠬᠦ ᠶᠢᠨ ᠬᠠᠮᠲᠤ ᠠᠪᠤᠭᠠᠶᠢᠯᠠᠭ᠎ᠠ ᠪᠠᠨ ᠴᠤ | ᠬᠡᠯᠡᠵᠦ ᠥᠭᠳᠡᠭ ᠶᠤᠮ᠃ ᠶᠡᠷᠦ ᠶᠢᠨ ᠪᠠᠶᠢᠳᠠᠯ ᠳᠤ ᠪᠤᠰᠤᠳ ᠠᠴᠠ ᠠᠰᠠᠭᠤᠵᠤ ᠳᠠᠮ ᠢᠶᠠᠷ ᠮᠡᠳᠡᠬᠦ ᠵᠤᠷᠰᠢᠯ ᠲᠠᠢ | ᠪᠠᠶᠢᠳᠠᠭ ᠠᠵᠢ᠃ ᠡᠨᠡ ᠨᠢ ᠬᠥᠮᠥᠨ ᠤ ᠨᠡᠷ᠎ᠡ ᠶᠢ ᠪᠡᠶ᠎ᠡ ᠠᠴᠠ ᠨᠢ ᠠᠰᠠᠭᠤᠬᠤ ᠳᠤ ᠡᠪ ᠦᠭᠡᠢ ᠪᠣᠯᠬᠤ ᠠᠴᠠ | ᠳᠠᠯᠳᠠᠷᠢᠵᠤ ᠪᠠᠶᠢᠬᠤ ᠶᠠᠪᠤᠳᠠᠯ ᠶᠤᠮ᠃ | ᠮᠣᠩᠭᠤᠯᠴᠤᠳ ᠤᠨ ᠠᠪᠤᠭᠠᠶᠢᠯᠠᠭ᠎ᠠ ᠨᠡᠷ᠎ᠡ ᠪᠣᠯ ᠶᠠᠭ ᠯᠡ ᠫᠷᠣᠹᠧᠰᠰᠣᠷ ᠴᠣᠶᠢᠳᠠᠨᠳᠠᠷ ᠤᠨ ᠥᠭᠦᠯᠡᠭᠰᠡᠨ | ᠮᠡᠲᠦ ︽ᠠᠪᠤᠭᠠᠶᠢᠯᠠᠭ᠎ᠠ ᠨᠡᠷ᠎ᠡ ᠪᠣᠯ ᠪᠤᠰᠤᠳ ᠬᠥᠮᠥᠨ ᠤ ᠨᠡᠷ᠎ᠡ ᠶᠢ ᠰᠢᠭᠤᠳ ᠬᠡᠯᠡᠬᠦ ᠦᠭᠡᠢ ᠪᠠᠷ ᠥᠭᠡᠷ᠎ᠡ | ᠦᠭᠡ ᠪᠠᠷ ᠤᠶᠠᠷᠠᠭᠤᠯᠤᠨ ᠳᠠᠭᠤᠳᠠᠵᠤ ᠪᠤᠰᠤᠳ ᠬᠥᠮᠥᠨ ᠢ ᠡᠷᠬᠢᠮᠯᠡᠨ ᠬᠦᠨᠳᠦᠳᠬᠡᠬᠦ ᠳᠤ ᠴᠢᠭᠯᠡᠭᠰᠡᠨ ᠤᠳᠬ᠎ᠠ ᠲᠠᠢ | ᠪᠣᠯᠬᠤᠷ ᠲᠡᠷᠡ ᠨᠢ ᠰᠣᠨᠣᠰᠤᠭᠴᠢ ᠪᠠᠨ ᠤᠷᠮᠠᠰᠢᠭᠤᠯᠤᠨ ᠪᠠᠶᠠᠷᠯᠠᠭᠤᠯᠵᠤ ᠵᠥᠭᠡᠯᠡᠨ ᠲᠠᠭᠠᠲᠠᠢ ᠰᠡᠳᠬᠢᠯ ᠲᠥᠷᠥᠬᠦᠯᠦᠨ | ᠬᠥᠮᠥᠰ ᠬᠤᠭᠤᠷᠣᠨᠳᠣ ᠪᠠᠨ ᠠᠶᠠᠲᠠᠢ ᠡᠶᠡᠯᠳᠡᠭ ᠢᠶᠠᠷ ᠬᠠᠷᠢᠯᠴᠠᠬᠤ ᠦᠢᠯᠡᠳᠦᠯ ᠬᠡᠷᠡᠭᠴᠡᠭᠡ ᠲᠠᠢ ᠪᠥᠭᠡᠳ ᠮᠥᠨ | ᠪᠠᠭᠠᠴᠤᠳ ᠬᠡᠦᠬᠡᠳ ᠢᠶᠠᠨ ᠪᠠᠭ᠎ᠠ ᠠᠴᠠ ᠨᠢ ᠪᠣᠯᠪᠠᠰᠤᠨ ᠦᠭᠡ ᠶᠠᠷᠢᠶᠠᠨ ᠳᠤ ᠬᠥᠮᠥᠵᠢᠭᠦᠯᠬᠦ ᠨᠢᠭᠡᠨ ᠠᠷᠭ᠎ᠠ ᠬᠡᠯᠪᠡᠷᠢ | ᠪᠣᠯᠳᠠᠭ ᠪᠠᠶᠢᠨ᠎ᠠ︾᠃ |