ᠲᠣᠣᠷᠠᠢ ᠶᠢᠨ ᠠᠮᠢᠵᠢᠷᠠᠯ ᠬᠢᠭᠡᠳ ᠬᠠᠴᠢᠨ ᠣᠨᠴᠠᠯᠢᠭ
ᠨᠡᠶᠢᠲᠡᠯᠡᠭᠰᠡᠨ ᠴᠠᠭ᠄
2024/12/4
    ᠲᠣᠣᠷᠠᠢ ᠮᠣᠳᠣ ᠤᠰᠤ ᠴᠢᠭᠢᠭ ᠲᠠᠢ ᠨᠠᠭᠤᠷ ᠨᠠᠮᠤᠭ ᠭᠤᠣᠯ ᠳᠠᠭᠠᠤ ᠭᠠᠵᠠᠷ ᠴᠤ ᠭᠡᠰᠡᠨ᠂ ᠭᠠᠩ ᠬᠠᠭᠤᠷᠠᠢ ᠡᠯᠡᠰᠤᠨ ᠴᠥᠯ᠂ ᠭᠤᠪᠢ ᠬᠠᠩᠭᠠᠢ ᠭᠠᠵᠠᠷ ᠴᠤ ᠭᠡᠰᠡᠨ ᠴᠥᠮ ᠣᠷᠭᠤᠵᠤ ᠴᠢᠳᠠᠳᠠᠭ ᠴᠣᠷ ᠤᠨ ᠭᠠᠭᠴᠠ ᠤᠯᠢᠶᠠᠰᠤᠨ ᠲᠥᠷᠥᠯ ᠤᠨ ᠲᠣᠷᠤᠭ ᠮᠣᠳᠣ ᠪᠣᠯᠬᠤ ᠤᠴᠢᠷ ᠠᠴᠠ ᠭᠠᠩ ᠢ ᠳᠠᠭᠠᠭᠠᠬᠤ ᠣᠨᠴᠠ ᠴᠢᠳᠠᠪᠤᠷᠢ ᠲᠠᠢ᠃ ᠬᠤᠵᠢᠷ ᠠᠴᠠ ᠠᠶᠤᠳᠠᠭ ᠥᠬᠡᠶ ᠬᠠᠯᠠᠭᠤᠨ ᠬᠦᠢᠲᠡᠨ ᠢ ᠠᠵᠢᠭ ᠦᠭᠡᠢ ᠲᠤᠭᠤᠯᠵᠤ ᠴᠢᠳᠠᠳᠠᠭ ᠣᠨᠴᠠᠭᠠᠢ ᠠᠮᠢᠳᠤᠷᠠᠬᠤ ᠬᠦᠴᠦᠨ ᠲᠠᠢ ᠬᠠᠴᠢᠨ ᠭᠠᠶᠢᠬᠠᠯᠲᠠᠶ ᠤᠷᠭᠤᠮᠠᠯ ᠶᠤᠮ᠂ ᠠᠮᠢᠵᠢᠷᠠᠯ ᠤᠨ ᠨᠠᠰᠤ ᠨᠢ ᠡᠩ ᠶᠢᠨ ᠪᠠᠢᠳᠠᠯ ᠳᠤᠤᠷ᠎ᠠ 0 — 200 ᠵᠢᠯ ᠪᠠᠢᠳᠠᠭ᠃ ᠣᠨᠴᠠᠭᠠᠢ ᠵᠠᠷᠢᠮ ᠲᠤᠤᠷᠠᠢ ᠨᠢ 300 — 400 ᠰᠢᠬᠠᠮ ᠵᠢᠯ ᠠᠮᠢᠳᠤᠷᠠᠳᠠᠭ ᠪᠠᠢᠨ᠎ᠠ᠃ ᠡᠩ ᠤᠨ ᠨᠠᠰᠤ ᠭᠦᠢᠴᠡᠭᠰᠡᠨ ᠲᠤᠤᠷᠠᠢ ᠣᠢ ᠶᠢᠨ ᠪᠡᠶ᠎ᠡ ᠶᠢᠨ ᠪᠦᠰᠡᠯᠡᠭᠦᠷ ᠨᠢ 1.5 — 3.9 ᠮᠧᠲᠷ ᠤᠨ ᠬᠤᠭᠤᠷᠣᠨᠳᠣ ᠪᠠᠢᠳᠠᠭ᠃ ᠥᠨᠳᠥᠷ ᠨᠠᠰᠤᠲᠠᠶ ᠪᠦᠳᠦᠭᠦᠨ ᠲᠤᠤᠷᠠᠢ ᠶᠢᠨ ᠪᠡᠶ᠎ᠡ ᠶᠢᠨ ᠪᠦᠰᠡᠯᠡᠭᠦᠷ ᠤᠨ ᠣᠷᠳᠣ ᠨᠢ 4 — 6 ᠮᠧᠲᠷ ᠭᠠᠷᠤᠶ ᠪᠠᠢᠳᠠᠭ᠃ ᠲᠤᠤᠷᠠᠢ ᠮᠣᠳᠣ ᠪᠣᠯ ᠵᠢᠯ ᠤᠨ ᠤᠯᠠᠷᠢᠯ ᠤᠨ ᠬᠤᠪᠢᠷᠠᠯᠲᠠ ᠶᠢ ᠲᠠᠭᠠᠨ ᠬᠤᠪᠢᠷᠠᠵᠤ᠂ ᠬᠠᠪᠤᠷ ᠬᠦᠷᠡᠩ ᠥᠩᠭᠡ ᠪᠠᠷ ᠴᠡᠴᠡᠭᠯᠡᠵᠦ᠂ ᠵᠤᠨ ᠨᠣᠭᠤᠭᠠᠨ ᠥᠩᠭᠡ ᠪᠠᠷ ᠨᠠᠪᠴᠢᠯᠠᠵᠤ᠂ ᠨᠠᠮᠤᠷ ᠤᠨ ︵ᠲᠤᠮᠳᠠᠴᠢ︶ ᠰᠡᠭᠦᠯᠴᠢ ᠪᠠᠷ ᠰᠢᠷᠠᠯᠠᠵᠤ᠂ ᠠᠯᠲᠠᠨ ᠰᠢᠷᠭᠠᠯ ᠦᠩᠭᠡ ᠲᠠᠢ ᠪᠣᠯᠵᠤ᠂ ᠡᠪᠦᠯ ᠤᠨ ᠤᠯᠠᠷᠢᠯ ᠳᠤ ᠪᠣᠷᠣ ᠥᠩᠭᠡ ᠶᠢᠨ ᠮᠥᠴᠢᠷ ᠲᠠᠢ ᠪᠠᠨ ᠡᠪᠦᠯᠵᠢᠳᠡᠭ᠃    ᠣᠳᠣ ᠪᠦᠬᠦ ᠬᠤᠰᠢᠭᠤᠨ ᠤ ᠲᠤᠤᠷᠠᠢ ᠣᠢ ᠨᠡᠢᠲᠡ 44.024 ᠲᠦᠮᠡᠨ ᠮᠦ ᠲᠠᠯᠠᠪᠠᠢ ᠶᠢᠨ 762 ᠬᠡᠰᠡᠭ ᠭᠠᠵᠠᠷ ᠲᠤ ᠤᠷᠭᠤᠵᠤ ᠪᠤᠢ᠃ ᠡᠭᠦᠨ ᠳᠤ ᠰᠠᠢᠬᠠᠨᠳᠤᠤᠷᠠᠢ ᠰᠤᠮᠤ ᠶᠢᠨ 7.5928 ᠲᠦᠮᠡᠨ ᠮᠦ ᠲᠠᠯᠠᠪᠠᠢ ᠶᠢᠨ 456 ᠬᠡᠰᠡᠭ ᠭᠠᠵᠠᠷ ᠲᠤ︔ ᠰᠤᠪᠨᠠᠭᠤᠷ ᠰᠤᠮᠤ ᠶᠢᠨ 1.6622 ᠲᠦᠮᠡᠨ ᠮᠤ᠋ ᠲᠠᠯᠠᠪᠠᠢ ᠶᠢᠨ 35 ᠬᠡᠰᠡᠭ ᠭᠠᠵᠠᠷ ᠲᠤ᠂ ᠲᠠᠯᠠᠢᠬᠦᠪ ᠪᠠᠯᠭᠠᠰᠤ ᠶᠢᠨ 3.2385 ᠲᠦᠮᠡᠨ ᠮᠦ ᠲᠠᠯᠠᠪᠠᠢ ᠶᠢᠨ 65 ᠬᠡᠰᠡᠭ ᠭᠠᠵᠠᠷ ᠲᠤ︔ ᠳ᠋ᠦᠩ ᠹᠧᠩ ᠪᠠᠯᠭᠠᠰᠤ ᠶᠢᠨ 15. 6278 ᠲᠦᠮᠡᠨ ᠮᠦ ᠲᠠᠯᠠᠪᠠᠢ ᠶᠢᠨ 77 ᠬᠡᠰᠡᠭ ᠭᠠᠵᠠᠷ ᠲᠤ︔ ᠪᠠᠶᠢᠭᠠᠯᠢ ᠶᠢᠨ ᠬᠠᠮᠠᠭᠠᠯᠠᠯᠲᠠ ᠶᠢᠨ ᠲᠤᠤᠷᠠᠢ ᠤᠢ ︵ᠪᠠᠷᠠᠭᠤᠨ ᠲᠠᠯ᠎ᠠ ᠨᠢ ᠣᠪᠣᠭᠠᠨ ᠭᠤᠣᠯ ᠤᠨ ᠬᠥᠭᠦᠷᠭᠡ ᠠᠴᠠ ᠵᠡᠭᠦᠨ ᠲᠠᠯ᠎ᠠ ᠨᠢ ᠣᠨᠴᠠ ᠶᠢᠨ ᠭᠤᠣᠯ ᠤᠨ ᠬᠥᠭᠦᠷᠭᠡ ᠬᠦᠷᠲᠡᠯ᠎ᠡ ᠡᠮᠦᠨ᠎ᠡ ᠲᠠᠯ᠎ᠠ ᠨᠢ ᠣᠨᠴᠠ ᠶᠢᠨ ᠭᠤᠣᠯ ᠤᠨ ᠬᠠᠰᠢᠯᠭ᠎ᠠ ᠠᠴᠠ ᠬᠤᠢᠳᠤ ᠲᠠᠯ᠎ᠠ ᠨᠢ ᠰᠤᠪᠨᠠᠭᠤᠷ ᠰᠤᠮᠤ ᠤ ᠪᠠᠭ ᠵᠢᠭᠳᠡ ᠬᠦᠷᠲᠡᠯ᠎ᠡ︶ 15.9027 ᠲᠦᠮᠡᠨ ᠮᠤ᠋ ᠲᠠᠯᠠᠪᠠᠢ ᠶᠢᠨ᠂ ᠡᠮᠦᠨ᠎ᠡ 129 ᠬᠡᠰᠡᠭ ᠭᠠᠵᠠᠷ ᠲᠤ ᠲᠤᠰ ᠲᠤᠰ ᠤᠷᠭᠤᠵᠤ ᠪᠠᠢᠨ᠎ᠠ᠃    ᠲᠤᠤᠷᠠᠢ ᠮᠣᠳᠣ ᠪᠣᠯ ᠭᠠᠩ ᠬᠠᠭᠤᠷᠠᠶ ᠳᠤ ᠲᠦᠯ ᠤᠨ ᠲᠡᠰᠪᠦᠷᠢᠲᠡᠶ᠂ ᠤᠰᠤ ᠴᠢᠭᠢᠭ ᠶᠢᠨ ᠶᠡᠭᠡ ᠪᠠᠭ᠎ᠠ ᠬᠥᠷᠥᠰᠥ ᠰᠢᠷᠣᠶ ᠶᠢᠨ ᠰᠠᠢᠨ ᠮᠠᠭᠤ ᠭᠡᠵᠦ ᠢᠯᠭᠠᠯ ᠦᠭᠡᠢ  ᠭᠤᠪᠢ ᠬᠠᠩᠭᠠᠶ᠂ ᠡᠯᠡᠰᠦ ᠮᠠᠩᠬ᠎ᠠ ᠬᠤᠵᠢᠷᠳᠤ ᠨᠠᠮᠤᠭ ᠵᠡᠷᠭᠡ ᠬᠥᠷᠥᠰᠥᠨ ᠳᠤ ᠴᠥᠮ ᠠᠵᠢᠭ ᠦᠭᠡᠢ ᠤᠷᠭᠤᠵᠤ ᠴᠢᠳᠠᠳᠠᠭ ᠤᠴᠢᠷ ᠠᠴᠠ ᠪᠦᠬᠦ ᠬᠤᠰᠢᠭᠤᠨ ᠤ ᠭᠠᠵᠠᠷ ᠪᠣᠯᠭᠠᠨ ᠳᠤ ᠤᠷᠭᠤᠭ᠎ᠠ ᠲᠤᠤᠷᠠᠢ᠂ ᠥᠭᠢᠷᠡᠭᠰᠡᠨ ᠲᠤᠤᠷᠠᠢ ᠬᠠᠷᠠᠭᠳᠠᠵᠤ ᠪᠠᠢᠳᠠᠭ᠃    ᠲᠤᠤᠷᠠᠢ ᠣᠢ ᠶᠢᠨ ᠣᠷᠭᠤᠭᠰᠠᠨ ᠪᠠᠶᠢᠳᠠᠯ ᠠᠴᠠ ᠨᠢ ᠰᠢᠨᠵᠢᠪᠡᠯ ᠭᠤᠣᠯ ᠳᠠᠭᠠᠤ ᠣᠷᠭᠤᠭᠰᠠᠨ ᠲᠤᠤᠷᠠᠢ ᠨᠢ ᠥᠨᠳᠥᠷ᠂ ᠪᠦᠳᠦᠭᠦᠨ᠂ ᠥᠳᠬᠡᠨ ᠪᠠᠢᠳᠠᠭ᠃ ᠬᠠᠷᠢᠨ ᠭᠤᠪᠢ ᠬᠠᠩᠭᠠᠶ᠂ ᠡᠯᠡᠰᠦ ᠮᠠᠩᠬᠠᠨ ᠭᠠᠵᠠᠷ ᠤᠨ ᠲᠤᠤᠷᠠᠢ ᠨᠢ ᠪᠣᠭᠤᠨᠢ ᠮᠥᠷᠲᠡᠭᠡᠨ ᠨᠠᠷᠢᠨ᠂ ᠰᠡᠶᠢᠷᠡᠭ ᠪᠥᠭᠡᠳ ᠠᠳᠡ ᠲᠡᠨᠳᠡ ᠤᠷᠭᠤᠭᠰᠠᠨ ᠬᠠᠷᠠᠭᠳᠠᠳᠠᠭ᠃ ᠡᠨᠡ ᠨᠢ ᠭᠤᠣᠯᠳᠠᠭᠤ ᠬᠥᠷᠥᠰᠥᠨ ᠴᠢᠨᠠᠷ ᠤᠨ ᠰᠠᠢᠨ ᠮᠠᠭᠤ᠂ ᠤᠰᠤ ᠴᠢᠭᠢᠭ ᠤᠨ ᠬᠡᠮᠵᠢᠶ᠎ᠡ ᠶᠢᠨ ᠶᠡᠭᠡ ᠪᠠᠭ᠎ᠠ ᠲᠠᠢ ᠰᠢᠭᠤᠳ ᠬᠤᠯᠪᠣᠭ᠎ᠠ ᠲᠠᠢ ᠶᠤᠮ᠃ ᠭᠤᠣᠯ ᠳᠠᠭᠠᠤ ᠲᠣᠣᠷᠠᠢ ᠶᠢᠨ ᠦᠨᠳᠦᠰᠦ ᠬᠠᠳᠬᠤᠬᠤ ᠪᠠᠢᠳᠠᠯ ᠨᠢ ᠭᠤᠪᠢ᠂ ᠡᠯᠡᠰᠦᠨ ᠴᠥᠯ ᠭᠠᠵᠠᠷ ᠤᠨ ᠲᠤᠤᠷᠠᠢ ᠲᠠᠢ ᠠᠳᠠᠯᠢ ᠦᠭᠡᠢ ᠪᠠᠢᠳᠠᠭ᠃ ᠭᠤᠣᠯ ᠳᠠᠭᠠᠤ ᠬᠥᠷᠥᠰᠥᠨ ᠤ ᠴᠢᠨᠠᠷ ᠰᠠᠢᠨ ᠤᠰᠤ ᠴᠢᠭᠢᠭ ᠶᠢᠨ ᠲᠦᠪᠰᠢᠨ ᠨᠡᠯᠢᠶᠡᠳ ᠳᠡᠭᠡᠷ᠎ᠡ ᠪᠠᠢᠳᠠᠭ ᠤᠴᠢᠷ ᠠᠴᠠ ᠲᠣᠣᠷᠠᠢ ᠶᠢᠨ ᠦᠨᠳᠦᠰᠦ ᠨᠢ ᠭᠠᠵᠠᠷ ᠤᠨ ᠬᠥᠷᠥᠰᠥ ᠶᠢ ᠡᠭᠴᠡ ᠳᠣᠭᠤᠭᠰᠢ ᠨᠢ ᠬᠠᠳᠬᠤᠨ ᠣᠷᠭᠤᠬᠤ ᠪᠠᠷ ᠪᠠᠷᠠᠬᠤ ᠦᠭᠡᠢ᠂ ᠲᠤᠤᠷᠠᠢ ᠶᠢᠨ ᠪᠡᠶ᠎ᠡ ᠠᠴᠠ ᠪᠠᠨ ᠲᠠᠯ᠎ᠠ ᠪᠦᠷᠢ ᠲᠡᠢᠰᠢ ᠪᠠᠨ ᠭᠠᠵᠠᠷ ᠤᠨ ᠬᠥᠷᠥᠰᠥ ᠶᠢ ᠬᠠᠪᠤᠵᠤ ᠤᠷᠭᠤᠳᠠᠭ᠃ ᠡᠨᠡ ᠬᠦ ᠰᠢᠯᠲᠠᠭᠠᠨ ᠠᠴᠠ ᠪᠣᠯᠵᠤ ᠭᠤᠣᠯ ᠳᠠᠭᠠᠤ ᠲᠤᠤᠷᠠᠢ ᠤᠢ ᠶᠢ ᠬᠠᠰᠢᠶᠠᠯᠠᠨ ᠪᠢᠲᠡᠭᠦᠮᠵᠢᠯᠡᠪᠡᠯ᠂ ᠭᠠᠵᠠᠷ ᠤᠨ ᠬᠥᠷᠥᠰᠥ ᠶᠢ ᠬᠠᠪᠤᠵᠤ ᠤᠷᠭᠤᠭᠰᠠᠨ ᠦᠨᠳᠦᠰᠦ ᠠᠴᠠ ᠨᠢ ᠮᠠᠰᠢ ᠣᠯᠠᠨ ᠵᠤᠯᠵᠠᠭᠠᠨ ᠲᠤᠤᠷᠠᠢ ‍ᠣᠷᠭᠤᠨ ᠭᠠᠷᠳᠠᠭ᠃ ᠭᠡᠲᠡᠯ᠎ᠡ ᠭᠤᠪᠢ ᠴᠦᠯ᠂ ᠡᠯᠡᠰᠦ ᠮᠠᠩᠬᠠᠨ ᠤ ᠲᠤᠤᠷᠠᠢ ᠲᠡᠶᠢᠮᠦ ᠠᠮᠠᠷᠬᠠᠨ᠂ ᠦᠨᠳᠦᠰᠤ ᠠᠴᠠ ᠪᠠᠨ ᠣᠷᠭᠤᠵᠤ ᠴᠢᠳᠠᠳᠠᠭ ᠥᠬᠡᠶ᠃ ᠤᠴᠢᠷ ᠨᠢ ᠭᠤᠪᠢ ᠮᠠᠩᠬᠠᠨ ᠤ ᠭᠠᠵᠠᠷ ᠤᠨ ᠬᠥᠷᠥᠰᠥᠨ ᠳᠣᠣᠷᠠᠬᠢ ᠣᠰᠣᠨ ᠲᠦᠪᠰᠢᠨ ᠳᠣᠣᠷ᠎ᠠ ᠭᠠᠵᠠᠷ ᠤᠨ ᠥᠩᠭᠡᠴᠡ ᠭᠠᠩ ᠬᠠᠭᠤᠷᠠᠢ ᠲᠤᠯᠠ ᠲᠤᠤᠷᠠᠢ ᠶᠢᠨ ᠦᠨᠳᠦᠰᠦ ᠨᠢ ᠤᠰᠤ ᠴᠢᠭᠢᠭ ᠪᠠᠨ ᠲᠠᠭᠠᠨ ᠲᠤᠷᠤᠭᠰᠢ ᠪᠠᠨ ᠭᠠᠵᠠᠷ ᠤᠨ ᠬᠥᠷᠥᠰᠥ ᠶᠢ ᠭᠦᠨ ᠬᠠᠳᠬᠤᠵᠤ ᠣᠷᠭᠤᠭᠰᠠᠨ ᠠᠴᠠ ᠪᠣᠯᠤᠭᠰᠠᠨ ᠶᠤᠮ᠃ ᠭᠤᠣᠯ ᠳᠠᠭᠠᠤ ᠣᠷᠭᠤᠭᠰᠠᠨ ᠨᠢᠭᠡ ᠰᠠᠭᠤᠷᠢ ᠨᠠᠰᠤ ᠭᠦᠢᠴᠡᠭᠰᠡᠨ ᠡᠬᠡ ᠲᠤᠤᠷᠠᠢ ᠶᠢᠨ ᠡᠷᠭᠢᠨ ᠲᠣᠭᠤᠷᠢᠨ ᠤ ᠦᠨᠳᠦᠰᠤ ᠠᠴᠠ ᠪᠤᠳᠠᠯᠠᠨ ︵ᠰᠣᠶᠣᠭᠠᠯᠠᠨ︶ ᠤᠷᠭᠤᠵᠤ ᠦᠷᠡᠵᠢᠬᠦ ᠲᠠᠯᠠᠪᠠᠢ ᠨᠢ 2 ᠮᠦ 3 ᠹᠦᠨ ᠬᠦᠷᠳᠡᠭ᠃ ᠲᠤᠰ ᠵᠢᠯ ᠤᠨ ᠪᠢᠲᠡᠭᠦᠮᠵᠢᠯᠡᠨ ᠪᠤᠶᠢᠵᠢᠭᠤᠯᠤᠭᠰᠠᠨ ᠨᠢᠯᠬ᠎ᠠ ᠴᠢᠬᠢ ᠶᠢᠨ ᠥᠨᠳᠥᠷ ᠨᠢ 1 ᠮᠧᠲᠷ ᠭᠠᠷᠤᠢ ᠳ᠋ᠢᠶᠠᠮᠧᠲᠷ ᠨᠢ 2 cm ᠬᠦᠷᠳᠡᠭ᠃ 5 — 6 ᠵᠢᠯ ᠪᠣᠯᠤᠭᠰᠠᠨ ᠵᠤᠯᠵᠠᠭᠠᠨ ᠲᠤᠤᠷᠠᠢ ᠥᠨᠳᠥᠷ ᠨᠢ 4 ᠮᠧᠲᠷ ᠢᠯᠡᠭᠦᠦ ᠪᠣᠯᠳᠠᠭ ᠪᠠᠢᠨ᠎ᠠ᠃    ᠡᠵᠡᠨ᠎ᠡ ᠶᠢᠨ ᠮᠣᠩᠭᠤᠯᠴᠤᠳ ᠤᠨ ᠠᠮᠠᠨ ᠤᠯᠠᠮᠵᠢᠯᠠᠯ ᠳᠤ ᠲᠣᠣᠷᠠᠢ ᠮᠣᠳᠣᠨ ᠤ ᠪᠡᠶ᠎ᠡ ᠶᠢᠨ ᠪᠦᠲᠦᠴᠡ ᠶᠢ ᠲᠣᠣᠷᠠᠢ ᠶᠢᠨ ᠦᠨᠳᠦᠰᠤ᠂ ᠲᠣᠣᠷᠠᠢ ᠶᠢᠨ ᠣᠩᠭᠢ᠂ ᠲᠣᠣᠷᠠᠢ ᠶᠢᠨ ᠪᠡᠶ᠎ᠡ᠂ ᠲᠣᠣᠷᠠᠢ ᠶᠢᠨ ᠰᠠᠯᠠᠭ᠎ᠠ᠂ ᠲᠤᠤᠷᠠᠶ ᠶᠢᠨ ᠨᠠᠮᠠᠭ᠎ᠠ᠂ ᠲᠤᠤᠷᠠᠶ ᠶᠢᠨ ᠨᠠᠪᠴᠢ ᠵᠡᠷᠭᠡ ᠵᠢᠷᠭᠤᠭᠠᠨ ᠬᠡᠰᠡᠭ ᠲᠤ ᠬᠤᠪᠢᠶᠠᠨ᠎ᠠ᠃ ᠲᠤᠤᠷᠠᠶ ᠶᠢᠨ ᠦᠨᠳᠦᠰᠦ ᠨᠢ ᠭᠠᠵᠠᠷ ᠤᠨ ᠬᠥᠷᠥᠰᠥᠨ ᠤ ᠬᠠᠲᠠᠭᠤ ᠵᠥᠭᠡᠯᠡᠨ᠂ ᠬᠥᠷᠥᠰᠥᠨ ᠤ ᠴᠢᠨᠠᠷ ᠤᠨ ᠰᠠᠶᠢᠨ ᠮᠠᠭᠤ᠂ ᠬᠥᠷᠥᠰᠥᠨ ᠳᠤᠤᠷᠠᠬᠢ ᠤᠰᠤ ᠴᠢᠭᠢᠭ ᠤᠨ ᠬᠡᠮᠵᠢᠶ᠎ᠡ ᠵᠡᠷᠭᠡ ᠰᠢᠯᠲᠠᠭᠠᠨ ᠠᠴᠠ ᠪᠣᠯᠵᠤ ᠦᠨᠳᠦᠰᠦ ᠬᠠᠳᠬᠤᠬᠤ ᠭᠦᠨ ᠭᠦᠢᠭᠡᠨ᠂ ᠬᠤᠯᠠ ᠣᠢᠷ᠎ᠠ ᠶᠢᠨ ᠬᠡᠮᠵᠢᠶ᠎ᠡ ᠨᠢ ᠬᠠᠷᠢᠯᠴᠠᠨ ᠠᠳᠠᠯᠢ ᠦᠭᠡᠢ᠃ ᠭᠠᠵᠠᠷ ᠤᠨ ᠬᠥᠷᠥᠰᠥ ᠨᠢ ᠵᠥᠭᠡᠯᠡᠨ᠂ ᠤᠰᠤ ᠴᠢᠭᠢᠭ ᠨᠢ ᠡᠯᠪᠡᠭ ᠭᠠᠵᠠᠷ ᠤᠨ ᠲᠣᠣᠷᠠᠢ ᠶᠢᠨ ᠦᠨᠳᠦᠰᠦ ᠨᠢ ᠭᠠᠵᠠᠷ ᠤᠨ ᠬᠦᠷᠦᠰᠤ ᠠᠴᠠ ᠡᠭᠴᠡ ᠳᠣᠷᠣᠭᠰᠢ ᠪᠠᠨ ᠪᠠᠷᠤᠭ 10 — 15 ᠮᠤᠳ᠋ᠷ ᠭᠦᠨ ᠬᠠᠳᠬᠤᠵᠤ ᠤᠷᠭᠤᠳᠠᠭ ᠤᠴᠢᠷ ᠠᠴᠠ ᠶᠡᠭᠡ ᠬᠡᠮᠵᠢᠶᠡᠨ ᠤ ᠭᠠᠵᠠᠷ ᠳᠤᠤᠷᠠᠬᠢ ᠤᠰᠤ ᠶᠢ ᠪᠡᠶ᠎ᠡ ᠳᠡᠭᠡᠨ ᠰᠢᠩᠭᠡᠭᠡᠨ ᠠᠪᠴᠤ ᠴᠢᠳᠠᠳᠠᠭ᠃ ᠲᠣᠣᠷᠠᠢ ᠶᠢᠨ ᠪᠡᠶ᠎ᠡ ᠳᠣᠲᠣᠷᠠᠬᠢ ᠤᠰᠤᠨ ᠤ ᠬᠡᠮᠵᠢᠶ᠎ᠡ ᠬᠡᠵᠢᠶᠡᠳᠡ ᠡᠯᠪᠡᠭ ᠪᠠᠢᠳᠠᠭ ᠤᠴᠢᠷ ᠠᠴᠠ ᠭᠠᠩ ᠬᠠᠭᠰᠠᠷᠠᠭᠠᠨ ᠳᠤ ᠲᠦᠯ ᠤᠨ ᠲᠠᠭᠠᠭᠠᠴᠠ ᠲᠠᠢ᠂ ᠬᠤᠷ᠎ᠠ ᠤᠰᠤ ᠬᠤᠮᠰᠠᠳᠠᠭᠰᠠᠨ ᠴᠤ ᠭᠠᠵᠠᠷ ᠳᠤᠤᠷᠠᠬᠢ ᠤᠰᠤ ᠶᠢ ᠲᠦᠰᠢᠨ ᠠᠮᠢᠳᠤᠷᠠᠳᠠᠭ᠃ ᠲᠤᠤᠷᠠᠶ ᠶᠢᠨ ᠦᠨᠳᠦᠰᠦ ᠨᠢ ᠭᠠᠵᠠᠷ ᠤᠨ ᠬᠥᠷᠥᠰᠥ ᠶᠢ ᠡᠭᠴᠡ ᠳᠣᠷᠣᠭᠰᠢ ᠪᠠᠨ ᠬᠠᠳᠬᠤᠵᠤ ᠤᠷᠭᠤᠬᠤ ᠠᠴᠠ ᠭᠠᠳᠠᠨ᠎ᠠ ᠪᠠᠰᠠ ᠭᠠᠵᠠᠷ ᠤᠨ ᠬᠥᠷᠥᠰᠥ ᠶᠢ ᠬᠠᠪᠤᠵᠤ᠂ ᠲᠣᠣᠷᠠᠢ ᠶᠢᠨ ᠪᠡᠶ᠎ᠡ ᠠᠴᠠ 50 — 70 ᠮᠧᠲᠷ ᠤᠨ ᠠᠯᠤᠰ ᠬᠥᠷᠥᠰᠥᠨ ᠲᠤᠤᠭᠤᠷ ᠬᠠᠪᠤᠨ ᠤᠷᠭᠤᠳᠠᠭ ᠤᠴᠢᠷ ᠠᠴᠠ  ᠣᠶᠢᠷ᠎ᠠ ᠬᠠᠪᠢ ᠶᠢᠨ ᠬᠥᠷᠥᠰᠥᠨ ᠤ ᠰᠢᠮ᠎ᠡ ᠲᠡᠵᠢᠭᠡᠯ ᠢ ᠰᠣᠷᠣᠨ ᠠᠪᠴᠤ ᠪᠡᠶ᠎ᠡ ᠳᠡᠭᠡᠨ ᠨᠥᠬᠦᠪᠥᠷᠢᠯᠡᠳᠡᠭ ᠲᠤᠯᠠ ᠡᠷᠡᠭᠦᠯ ᠴᠢᠭᠢᠷᠠᠭ ᠢᠶᠠᠷ ᠦᠷᠡᠵᠢᠨ ᠥᠰᠴᠦ᠂ ᠠᠮᠢᠵᠢᠷᠠᠯ ᠤᠨ ᠨᠣᠷᠮ᠎ᠠ ᠨᠢ ᠥᠨᠳᠥᠷ᠂ ᠨᠠᠪᠴᠢ ᠨᠠᠮᠠᠭ᠎ᠠ ᠨᠢ ᠰᠠᠬᠤᠯᠢᠭ᠂ ᠭᠠᠩ ᠬᠠᠭᠤᠷᠠᠶ ᠬᠠᠯᠠᠭᠤᠨ ᠬᠦᠢᠲᠡᠨ᠂ ᠰᠠᠯᠬᠢ ᠰᠢᠭᠤᠷᠭᠠᠨ ᠵᠡᠷᠭᠡ ᠪᠠᠢᠭᠠᠯᠢ ᠶᠢᠨ ᠡᠯᠳᠡᠪ ᠵᠦᠢᠯ ᠤᠨ ᠭᠠᠮᠰᠢᠭ ᠲᠠᠢ ᠡᠰᠡᠷᠭᠦᠴᠡᠨ ᠲᠤᠯᠵᠤ ᠴᠢᠳᠠᠳᠠᠭ ᠣᠨᠴᠠᠭᠠᠶ ᠴᠢᠳᠠᠪᠤᠷᠢ ᠲᠠᠢ᠃ ᠲᠣᠣᠷᠠᠢ ᠶᠢᠨ ᠣᠩᠭᠢ ᠭᠡᠳᠡᠭ ᠪᠣᠯ ᠲᠣᠣᠷᠠᠢ ᠶᠢᠨ ᠦᠨᠳᠦᠰᠦ ᠪᠠ ᠪᠡᠶ᠎ᠡ ᠶᠢᠨ ᠵᠠᠯᠭᠠᠭᠠᠰᠤ ᠮᠥᠨ ᠤᠴᠢᠷ ᠠᠴᠠ ᠲᠣᠣᠷᠠᠢ ᠮᠤᠳᠤᠨ ᠳᠤ ᠪᠠᠳᠤ ᠪᠠᠬᠢ ᠰᠠᠭᠤᠷᠢ ᠪᠣᠯᠳᠠᠭ᠃ ᠲᠣᠣᠷᠠᠢ ᠶᠢᠨ ᠣᠩᠭᠢ ᠨᠢ ᠲᠣᠣᠷᠠᠢ ᠶᠢᠨ ᠪᠡᠶ᠎ᠡ ᠲᠠᠢ ᠠᠳᠠᠯᠢ ᠪᠦᠳᠦᠭᠦᠨ ᠪᠤᠶᠤ ᠴᠢᠨᠠᠭᠰᠢᠯᠠᠨ ᠲᠣᠣᠷᠠᠢ ᠶᠢᠨ ᠪᠡᠶ᠎ᠡ ᠠᠴᠠ ᠪᠦᠳᠦᠭᠦᠨ ᠪᠠᠶᠢᠳᠠᠭ᠃ ᠲᠣᠣᠷᠠᠢ ᠣᠩᠭᠢ ᠠᠴᠠ ᠪᠠᠨ ᠳᠣᠷᠣᠭᠰᠢ ᠪᠠᠨ ᠭᠤᠤᠯ ᠦᠨᠳᠦᠰᠦ᠂ ᠰᠠᠯᠠᠭ᠎ᠠ ᠦᠨᠳᠦᠰᠦ ᠵᠠᠯᠭᠠᠯᠳᠤᠨ ᠳᠣᠷᠣᠭᠰᠢ ᠪᠠᠨ ᠭᠠᠵᠠᠷ ᠤᠨ ᠬᠥᠷᠥᠰᠥ ᠬᠠᠳᠬᠤᠨ ᠤᠷᠭᠤᠨ᠎ᠠ᠃  ᠡᠶᠢᠮᠤ ᠠᠴᠠ ᠲᠣᠣᠷᠠᠢ ᠶᠢᠨ ᠣᠩᠭᠢ ᠪᠣᠯ ᠲᠣᠣᠷᠠᠢ ᠶᠢᠨ ᠪᠦᠬᠦᠯᠢ ᠪᠡᠶ᠎ᠡ ᠪᠠ ᠬᠥᠷᠥᠰᠥ ᠬᠠᠳᠬᠤᠭᠰᠠᠨ ᠦᠨᠳᠦᠰᠦ ᠶᠢᠨ ᠬᠤᠭᠤᠷᠣᠨᠳᠣ ᠪᠠᠲᠤ ᠰᠠᠭᠤᠷᠢ ᠲᠠᠢ ᠲᠤᠯᠭᠠᠭᠤᠷᠢ ᠪᠤᠯᠳᠠᠭ ᠪᠠᠶᠢᠨ᠎ᠠ᠃ ᠲᠤᠤᠷᠠᠶ ᠮᠣᠳᠣ ᠣᠩᠭᠢ ᠪᠠᠷ ᠢᠶᠠᠨ ᠪᠣᠯᠭᠤᠷᠠᠨ ᠤᠨᠠᠭᠰᠠᠨ ᠪᠠᠶᠢᠳᠡᠯ ᠲᠣᠩ ᠴᠥᠭᠡᠨ ᠬᠠᠷᠠᠭᠳᠠᠳᠠᠭ ᠪᠥᠭᠡᠳ ᠬᠠᠳᠠᠵᠤ ᠦᠬᠦᠭᠰᠡᠨ ᠲᠣᠣᠷᠠᠢ ᠮᠤᠳᠤᠨ ᠤ ᠪᠡᠶ᠎ᠡ ᠨᠢ ᠵᠣᠭᠰᠤᠭ᠎ᠠ ᠪᠠᠷ ᠢᠶᠠᠨ ᠬᠡᠳᠦᠨ ᠠᠷᠪᠠᠨ ᠵᠢᠯ ᠴᠢᠨᠠᠭᠰᠢᠯᠠᠨ ᠬᠡᠳᠦᠨ ᠵᠠᠭᠤᠨ ᠵᠢᠯ ᠪᠣᠯᠳᠠᠭ ᠨᠢ ᠣᠩᠬᠢ ᠶᠢᠨ ᠰᠠᠶᠢᠨ ᠪᠠᠶᠢᠭᠰᠠᠨ ᠲᠠᠢ ᠬᠤᠯᠪᠣᠭ᠎ᠠ ᠲᠠᠢ᠃ ᠣᠯᠠᠨ ᠵᠢᠯ ᠤᠨ ᠰᠠᠯᠬᠢ ᠰᠢᠭᠤᠷᠭᠠᠨ ᠳᠤ ᠬᠥᠷᠥᠰᠥ ᠰᠢᠷᠣᠶ ᠢᠳᠡᠭᠳᠡᠨ᠂ ᠲᠤᠤᠷᠠᠶ ᠶᠢᠨ ᠣᠩᠭᠢ ᠢᠯᠡ ᠭᠠᠷᠤᠭᠰᠠᠨ ᠪᠤᠶᠤ ᠣᠩᠭᠢ ᠪᠠ ᠥᠨᠳᠦᠰᠦ ᠲᠠᠢ ᠪᠠᠨ 1 - 1.5 ᠮᠧᠲᠷ ᠭᠠᠷᠤᠢ ᠥᠨᠳᠥᠷ ᠢᠯᠡ ᠭᠠᠷᠤᠭᠰᠠᠨ ᠪᠠᠶᠢᠲᠠᠯ᠎ᠠ ᠠᠮᠢ ᠨᠠᠰᠤᠨ ᠳᠤᠨᠢ ᠬᠠᠷᠰᠢ ᠰᠠᠭᠠᠳ ᠪᠣᠯᠳᠠᠭ ᠦᠭᠡᠢ ᠮᠥᠷᠲᠡᠭᠡᠨ ᠠᠵᠢᠭ ᠦᠭᠡᠢ ᠤᠷᠭᠤᠵᠤ ᠪᠠᠢᠳᠠᠭ᠃ ᠲᠣᠣᠷᠠᠢ ᠶᠢᠨ ᠪᠡᠶ᠎ᠡ ᠨᠢ ᠲᠤᠤᠷᠠᠶ ᠶᠢᠨ ᠨᠠᠰᠤ ᠵᠢᠯ ᠤᠨ ᠢᠯᠭᠠᠭ᠎ᠠ ᠠᠴᠠ ᠪᠣᠯᠵᠤ᠂ ᠥᠨᠳᠥᠷ᠂ ᠪᠣᠭᠤᠨᠢ᠂ ᠪᠦᠳᠦᠭᠦᠨ᠂ ᠨᠠᠷᠢᠨ ᠨᠢ ᠬᠠᠷᠢᠯᠴᠠᠨ ᠠᠳᠠᠯᠢ ᠦᠬᠡᠶ᠃ ᠡᠩ ᠤᠨ ᠪᠠᠶᠢᠳᠡᠯ ᠲᠤᠤᠷ᠎ᠠ ᠲᠣᠣᠷᠠᠢ ᠶᠢᠨ ᠪᠡᠶ᠎ᠡ ᠨᠢ ᠣᠨᠴᠠᠭᠠᠶ ᠥᠨᠳᠥᠷ ᠣᠷᠭᠤᠳᠠᠭ ᠥᠬᠡᠶ᠃ ᠲᠣᠣᠷᠠᠢ ᠶᠢᠨ ᠣᠩᠭᠢ ᠠᠴᠠ ᠳᠡᠭᠡᠭᠰᠢ ᠲᠣᠣᠷᠠᠢ ᠶᠢᠨ ᠰᠠᠯᠠᠭ᠎ᠠ ᠬᠦᠷᠲᠡᠯ᠎ᠡ ᠪᠠᠷᠤᠭ ᠲᠠᠭᠠᠨ 3 - 5 ᠮᠧᠲᠷ ᠥᠨᠳᠥᠷ ᠪᠠᠢᠳᠠᠭ᠃ ᠬᠠᠶᠠ ᠵᠠᠷᠢᠮ ᠥᠨᠳᠥᠷ ᠲᠤᠤᠷᠠᠶ ᠶᠢᠨ ᠪᠡᠶ᠎ᠡ ᠨᠢ ᠠᠷᠪᠠᠭᠠᠳ ᠮᠧᠲᠷ ᠥᠨᠳᠥᠷ ᠪᠠᠢᠳᠠᠭ᠃ ᠲᠤᠤᠷᠠᠶ ᠶᠢᠨ ᠪᠡᠶ᠎ᠡ ᠶᠢᠨ ᠪᠦᠰᠡᠯᠡᠭᠦᠷ ᠤᠨ ᠤᠷᠳᠣ ᠨᠢ ᠪᠠᠷᠤᠭ ᠲᠠᠭᠠᠨ 2 — 6 ᠮᠧᠲᠷ ᠤᠨ ᠬᠤᠭᠤᠷᠣᠨᠳᠣ ᠪᠠᠶᠢᠳᠠᠭ᠃ ᠵᠠᠭᠤ ᠰᠢᠬᠠᠮ ᠵᠢᠯ ᠤᠨ ᠨᠠᠰᠤᠲᠠᠶ ᠪᠤᠶᠤ ᠵᠠᠭᠤ ᠭᠠᠷᠤᠶ ᠵᠢᠯ ᠤᠨ ᠨᠠᠰᠤᠲᠠᠶ ᠪᠤᠭᠤᠷᠤᠯ ᠪᠦᠳᠦᠭᠦᠨ ᠲᠣᠣᠷᠠᠢ ᠶᠢᠨ ᠪᠡᠶ᠎ᠡ ᠨᠢ ᠣᠯᠠᠩᠬᠢ ᠳᠠᠭᠠᠨ ᠳᠣᠲᠣᠷ᠎ᠠ ᠠᠴᠠ ᠪᠠᠨ ᠬᠥᠨᠳᠡᠶᠢᠷᠡᠳᠡᠭ ᠪᠣᠯᠪᠠᠴᠤ ᠲᠣᠣᠷᠠᠢ ᠶᠢᠨ ᠠᠮᠢ ᠨᠠᠰᠤᠨ ᠳᠤᠨᠢ ᠳᠡᠮᠡᠶ ᠨᠥᠯᠥᠭᠡ ᠪᠤᠯᠳᠠᠭ ᠦᠬᠡᠢ᠃                       — ᠴᠠ᠊· ᠰᠠᠶᠢᠵᠢᠷᠠᠬᠤ ᠶᠢᠨ ︽ᠡᠵᠡᠨ᠎ᠡ ᠲᠤᠤᠷᠠᠢ ᠶᠢᠨ ᠰᠤᠶᠤᠯ︾ ᠬᠡᠭᠦ ᠨᠣᠮ ᠠᠴᠠ
 
ᠢᠷᠡᠯᠲᠡ᠄ ᠡᠵᠡᠨ᠎ᠡ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号