ᠲᠠᠨᠢᠭᠳᠠᠭ᠎ᠠ ᠦᠭᠡᠢ ᠪᠠᠶᠢᠭᠰᠠᠨ ᠪᠣᠭᠤᠷᠤᠯ ᠪᠦᠳᠦᠭᠦᠨ ᠲᠤᠣᠷᠠᠢ
ᠨᠡᠶᠢᠲᠡᠯᠡᠭᠰᠡᠨ ᠴᠠᠭ᠄
2025/4/7
    ︵ᠨᠢᠭᠡ︶ ᠪᠣᠭᠤᠷᠤᠯ ᠪᠦᠳᠦᠭᠦᠨ ᠲᠤᠣᠷᠠᠢ ᠶᠢ ᠡᠷᠢᠨ ᠰᠢᠨᠵᠢᠯᠡᠭᠰᠡᠨ ᠨᠢ    ᠡᠵᠡᠨ᠎ᠡ ᠬᠤᠰᠢᠭᠤ ᠣᠷᠴᠢᠮ ᠤᠨ ᠵᠢᠯ ᠪᠣᠯᠭᠠᠨ ᠤ ᠨᠠᠮᠤᠷ ︽ᠲᠣᠣᠷᠠᠢ ᠶᠢᠨ ᠨᠠᠶᠢᠷ︾ ᠭᠡᠳᠡᠭ ᠲᠣᠣᠷᠠᠢ ᠶᠢᠨ ᠰᠣᠶᠣᠯ ᠤᠨ ᠠᠵᠢᠯᠯᠠᠭ᠎ᠠ ᠶᠢ ᠦᠷᠨᠢᠭᠦᠯᠤᠭ᠍ᠰᠡᠨ ᠠᠴᠠ ᠡᠵᠡᠨ᠎ᠠ ᠶᠢᠨ ᠲᠤᠣᠷᠠᠢ ᠶᠢᠨ ᠨᠡᠷ᠎ᠡ ᠠᠯᠳᠠᠷ ᠭᠠᠵᠠᠷ ᠪᠣᠯᠭᠠᠨ ᠳᠤ ᠮᠠᠨᠳᠤᠵᠤ᠂ ᠡᠵᠡᠨ᠎ᠡ ᠶᠢᠨ ᠤᠯᠠᠨ ᠢᠶᠠᠷ ᠮᠡᠳᠡᠳᠡᠭ ᠭᠠᠭᠴᠠ ᠤᠩᠭᠤᠨ ᠤ ᠲᠤᠣᠷᠠᠢ ᠴᠤ ᠤᠯᠤᠰ ᠤᠨ ᠲᠣᠲᠤᠭᠠᠲᠤ ᠭᠠᠳᠠᠭᠠᠲᠤ ᠶᠢᠨ ᠬᠢᠨ ᠳᠤ ᠠᠩᠬᠠᠷᠤᠭᠳᠠᠵᠤ᠂ ᠡᠯ᠎ᠡ ᠵᠦᠢᠯ ᠤᠨ ᠰᠣᠨᠢᠨ ᠰᠡᠳᠭᠦᠯ᠂ ᠵᠢᠷᠤᠭ ᠤᠨ ᠦᠵᠡᠰᠭᠦᠯᠡᠩ᠂ ᠲᠧᠯᠸᠢᠰ ᠤᠨ ᠬᠦᠰᠢᠭᠡᠨ ᠳᠡᠭᠡᠷ᠎ᠡ ᠰᠡᠷᠭᠢᠷᠤᠤ ᠶᠢᠨ ᠪᠦᠳᠦᠭᠦᠨ ᠲᠤᠣᠷᠠᠢ ᠦᠷᠭᠦᠯᠵᠢ ᠬᠠᠷᠠᠭᠳᠠᠬᠤ ᠪᠣᠯᠵᠠᠢ᠃ ᠮᠠᠰᠢ ᠠᠷᠪᠢᠨ ᠵᠢᠭᠤᠯᠴᠢᠯᠠᠭᠴᠢᠳ ᠡᠵᠡᠨ᠎ᠠ ᠳᠤ ᠢᠷᠡᠭᠰᠡᠭᠡᠷ ᠯᠡ᠄ ︽ᠲᠠᠨ ᠤ ᠤᠩᠭᠤᠨ ᠲᠤᠣᠷᠠᠢ ᠴᠢᠨᠢ ᠬᠠᠮᠢᠭ᠎ᠠ ᠪᠠᠶᠢᠨ᠎ᠠ ᠪᠣᠢ︖ ᠦᠵᠡᠬᠦ ᠶᠤᠮᠰᠠᠨ᠂ ᠵᠠᠮ ᠵᠢᠭᠠᠵᠤ ᠥᠭᠭᠦᠨ᠎ᠡ ᠦᠦ︖︾ ᠭᠡᠳᠡᠭ᠃ ᠴᠢᠨᠠᠭᠰᠢᠯᠠᠪᠠᠯ ᠮᠠᠨ ᠤ ᠡᠵᠡᠨ᠎ᠠ ᠶᠢᠨ ᠬᠦᠮᠤᠰ ᠴᠤ ᠤᠩᠭᠤᠨ ᠲᠤᠣᠷᠠᠢ — ᠰᠡᠷᠭᠢᠷᠤᠤ ᠶᠢᠨ ᠲᠣᠣᠷᠠᠢ ᠠᠴᠠ ᠦᠭᠡᠷ᠎ᠡ ᠦᠨᠳᠤᠷ ᠪᠦᠳᠦᠭᠦᠨ ᠲᠤᠣᠷᠠᠢ ᠪᠠᠶᠢᠳᠠᠭ ᠦᠭᠡᠢ ᠭᠡᠵᠦ ᠣᠶᠢᠯᠠᠭᠠᠵᠤ ᠪᠠᠶᠢᠭ᠎ᠠ ᠪᠣᠯᠤᠯᠲᠠᠢ᠃ ᠨᠤᠳᠤᠭ ᠤᠨ ᠬᠢᠨ ᠠᠴᠠ᠄ ︽ᠤᠩᠭᠤᠨ ᠲᠤᠣᠷᠠᠢ ᠠᠴᠠ ᠦᠭᠡᠷ᠎ᠡ ᠪᠦᠳᠦᠭᠦᠨ ᠲᠤᠣᠷᠠᠢ ᠪᠠᠶᠢᠳᠠᠭ ᠤᠤ︖︾ ᠭᠡᠵᠦ ᠠᠰᠠᠭᠤᠪᠠᠯ ᠲᠣᠯᠣᠭᠠᠢ ᠰᠡᠭᠰᠤᠷᠳᠡᠭ ᠬᠥᠮᠤᠨ ᠮᠠᠰᠢ ᠠᠷᠪᠢᠨ᠃ ᠡᠵᠡᠨ᠎ᠠ ᠨᠤᠲᠤᠭ ᠲᠤ ᠰᠡᠷᠬᠢᠷᠤᠣ ᠶᠢᠨ ᠲᠤᠣᠷᠠᠢ ᠠᠴᠠ ᠦᠭᠡᠷ᠎ᠡ ᠪᠦᠳᠦᠭᠦᠨ ᠲᠤᠣᠷᠠᠢ ᠦᠭᠡᠢ ᠶᠤᠮ ᠰᠢᠭ᠋ ᠡᠶᠢᠮᠤ ᠠᠳᠡᠭᠦᠦ ᠣᠶᠢᠯᠠᠭᠠᠯᠲᠠ ᠪᠠᠶᠢᠬᠤ ᠰᠢᠭ᠋ ᠰᠠᠨᠠᠭᠲᠠᠨ᠎ᠠ᠃ ᠪᠢ ᠡᠨᠡ ᠠᠰᠠᠭᠤᠯᠲᠠ ᠳᠤ ᠬᠠᠷᠢᠭᠤᠯᠲᠠ ᠤᠯᠬᠤ ᠪᠠᠷ ᠬᠤᠶᠠᠷ ᠵᠢᠯ ᠭᠠᠷᠤᠢ ᠶᠢᠨ ᠬᠤᠭᠤᠴᠠᠭᠠᠨ ᠳᠤ ᠡᠵᠡᠨ᠎ᠡ ᠶᠢᠨ ᠲᠤᠣᠷᠠᠢ ᠣᠢ ᠶᠢᠨ ᠲᠤᠬᠠᠢ ᠠᠩᠬᠠᠨ ᠤ ᠰᠢᠨᠵᠢᠯᠡᠭᠡ ᠬᠢᠵᠦ᠂ ᠡᠵᠡᠨ᠎ᠠ ᠭᠤᠣᠯ ᠤᠨ ᠡᠬᠢᠨ ᠠᠴᠠ ᠠᠳᠠᠭ ᠬᠦᠷᠳᠡᠯᠠᠬᠢ ᠰᠠᠪᠠ ᠭᠠᠵᠠᠷ ᠤᠳ ᠢᠶᠠᠷ ᠤᠳᠠᠭᠠᠨ ᠵᠢᠯ ᠠᠮᠢᠳᠤᠷᠠᠵᠤ ᠢᠷᠡᠭᠰᠡᠨ ᠬᠠᠰᠢᠷ ᠮᠠᠯᠴᠢᠨ᠂ ᠠᠬᠠᠮᠠᠳ ᠲᠣᠮᠤᠭ᠎ᠠ ᠲᠠᠢ ᠪᠤᠭᠤᠷᠤᠯᠴᠤᠳ᠂ ᠬᠢᠷᠠᠬᠠᠢ ᠠᠵᠢᠭᠴᠢ ᠬᠦᠮᠤᠰ ᠢ ᠤᠯᠠᠨ ᠰᠤᠷᠪᠤᠯᠵᠢᠯᠠᠵᠤ᠂ ᠥᠪᠡᠷ ᠎ ᠤᠨ ᠪᠡᠶ᠎ᠡ ᠪᠠᠷ ᠢᠶᠠᠨ ᠲᠤᠣᠷᠠᠢ ᠣᠢ ᠳᠤᠮᠳᠠᠭᠤᠷ ᠶᠠᠪᠠᠭᠠᠨ ᠶᠠᠪᠤᠵᠤ ᠭᠡᠭᠡᠷ᠎ᠡ ᠶᠢᠨ ᠰᠢᠨᠵᠢᠯᠡᠭᠡ ᠬᠢᠭᠡᠳ᠂ ᠡᠵᠡᠨ᠎ᠠ ᠶᠢᠨ ᠲᠤᠣᠷᠠᠢ ᠣᠢ ᠶᠢᠨ ᠳᠣᠲᠣᠷ᠎ᠠ ᠬᠥᠮᠤᠰ ᠲᠤ ᠲᠠᠨᠢᠭᠳᠠᠭ᠎ᠠ ᠦᠭᠡᠢ ᠪᠤᠭᠤᠷᠠᠯ ᠪᠦᠳᠦᠭᠦᠨ ᠲᠤᠣᠷᠠᠢ ᠡᠳᠦᠢ ᠲᠡᠳᠦᠢ ᠪᠠᠶᠢᠭᠰᠠᠨ ᠢ ᠡᠷᠢᠵᠤ ᠣᠯᠬᠤ ᠠᠩᠬ᠎ᠠ ᠠᠯᠬᠤᠮ ᠤᠨ ᠦᠨᠳᠦᠰᠦᠨ ᠲᠤᠭ᠎ᠠ ᠪᠠᠷᠢᠮᠲᠠ ᠶᠢ ᠡᠵᠡᠮᠰᠢᠵᠤ ᠪᠢᠯᠡ᠃    ᠡᠵᠡᠨ᠎ᠡ ᠨᠤᠲᠤᠭ ᠲᠤ ᠨᠠᠶᠢᠳᠠ 44 ᠲᠦᠮᠡ ᠭᠠᠷᠤᠢ ᠮᠦ ᠲᠣᠣᠷᠠᠢ ᠣᠢ ᠲᠠᠢ᠃ ᠡᠭᠦᠨ ᠤ ᠲᠤᠳᠤᠷᠠᠬᠢ 28 ᠲᠦᠮᠡ ᠭᠠᠷᠤᠢ ᠮᠦ ᠲᠣᠣᠷᠠᠢ ᠣᠢ ᠨᠢ ᠡᠮᠤᠨ᠎ᠠ ᠭᠤᠣᠯ ᠤᠨ ᠰᠠᠪᠠ ᠭᠠᠵᠠᠷ ᠤᠳ ᠢᠶᠠᠷ ᠳᠠᠷᠬᠠᠨ ᠤᠷᠭᠤᠵᠤ᠂ 16 ᠲᠦᠮᠡ ᠰᠢᠬᠠᠮ ᠮᠦ ᠳᠣᠣᠷᠠᠢ ᠣᠢ ᠨᠢ ᠬᠤᠶᠢᠲᠤ ᠭᠤᠣᠯ ᠤᠨ ᠰᠠᠪᠠ ᠭᠠᠵᠠᠷ ᠪᠣᠯᠣᠨ ᠭᠤᠪᠢ ᠭᠠᠵᠠᠷ ᠢᠶᠠᠷ ᠲᠠᠷᠬᠠᠨ ᠤᠷᠭᠤᠵᠤ ᠪᠣᠢ᠃ ᠡᠮᠤᠨ᠎ᠠ ᠭᠤᠣᠯ ᠳᠠᠭᠠᠤ ᠣᠷᠣᠨ ᠤ ᠲᠣᠣᠷᠠᠢ ᠣᠢ ᠶᠢᠨ ᠲᠠᠯᠠᠪᠠᠢ ᠨᠢ ᠪᠥᠬᠦ ᠬᠤᠰᠢᠭᠤᠨ ᠤ ᠲᠣᠣᠷᠠᠢ ᠣᠢ ᠶᠢᠨ ᠲᠠᠯᠠᠪᠠᠢ ᠶᠢᠨ 64%᠎ ᠶᠢ ᠡᠵᠡᠯᠡᠨ᠎ᠠ᠃ ᠡᠮᠤᠨ᠎ᠠ ᠭᠤᠣᠯ ᠤᠨ ᠡᠬᠢᠨ ᠠᠴᠠ ᠠᠳᠠᠭ ᠬᠦᠷᠳᠡᠯ᠎ᠠ ᠪᠠᠷᠤᠭ 300 ᠺᠢᠯᠤᠮᠧᠲᠷ ᠰᠢᠬᠠᠮ ᠤᠷᠲᠤ ᠭᠤᠣᠯ ᠳᠠᠭᠠᠤ ᠣᠷᠣᠨ ᠢᠶᠠᠷ ᠲᠣᠣᠷᠠᠢ ᠣᠢ ᠦᠨᠳᠦᠰᠤᠨ ᠳᠡᠭᠡᠨ ᠵᠠᠯᠭᠠᠯᠳᠤᠵᠤ ᠪᠠᠶᠢᠳᠠᠭ᠃ ᠭᠡᠲᠡᠯ᠎ᠠ ᠬᠤᠶᠢᠲᠤ ᠭᠤᠣᠯ ᠤᠨ ᠳᠣᠣᠷᠠᠢ ᠣᠢ ᠭᠤᠣᠯ ᠤᠨ ᠡᠬᠢᠨ ᠳᠡᠭᠡᠨ ᠨᠡᠯᠢᠶᠠᠳ ᠨᠢᠭᠲᠠ ᠪᠠᠶᠢᠳᠠᠭ᠃ ᠭᠤᠣᠯ ᠤᠨ ᠤᠷᠤᠰᠬᠠᠯ ᠳᠠᠭᠠᠤ ᠨᠠᠮᠤᠭ ᠤᠨ ᠨᠠᠭᠤᠷ ᠠᠴᠠ ᠬᠤᠶᠢᠰᠢ ᠶᠠᠪᠤᠬᠤ ᠳᠣᠳᠤᠮ ᠰᠠᠶᠢᠷᠡᠭ ᠪᠣᠯᠵᠤ᠂ ᠣᠢ ᠮᠣᠳᠣ ᠳᠤᠮᠳᠠ ᠪᠠᠨ ᠠᠷᠪᠢᠨ ᠲᠠᠰᠤᠷᠠᠭᠰᠠᠨ ᠬᠠᠷᠠᠭᠳᠠᠨ᠎ᠠ᠃ ᠤᠭ ᠤᠨ ᠰᠠᠶᠢᠬᠠᠨᠳᠤᠤᠷᠠᠢ ᠰᠤᠮᠤᠨ ᠤ ᠰᠠᠭᠤᠷᠢᠰᠢᠯ ᠬᠠᠪᠢ ᠶᠢᠨ ᠲᠤᠣᠷᠠᠢ ᠶᠢ ᠭᠠᠷᠭᠠᠪᠠᠯ ᠬᠤᠶᠢᠰᠢ ᠪᠠᠨ ᠭᠠᠰᠢᠭᠤᠨ ᠨᠠᠭᠤᠷ ᠬᠦᠷᠲᠡᠯ᠎ᠠ ᠭᠤᠷᠪᠠᠨ ᠪᠠᠭ ᠤᠨ ᠲᠣᠣᠷᠠᠢ ᠠᠴᠠ ᠦᠬᠡᠷ᠎ᠡ ᠲᠣᠣᠷᠠᠢ ᠣᠢ ᠲᠡᠮᠠᠢ ᠦᠭᠡᠢ᠃ ᠡᠵᠡᠨ᠎ᠠ ᠶᠢᠨ ᠲᠣᠣᠷᠠᠢ ᠣᠢ ᠶᠢᠨ ᠨᠢᠭᠡᠨ ᠢᠯᠡᠷᠬᠡᠢ ᠣᠨᠴᠠᠯᠢᠭ ᠭᠡᠪᠡᠯ᠄ ᠡᠵᠡᠨ᠎ᠠ ᠭᠤᠣᠯ ᠤᠨ ᠣᠷᠣᠰᠬᠠᠯ ᠤᠨ ᠡᠬᠢᠨ ᠤ ᠣᠷᠣᠨ ᠤ ᠲᠣᠣᠷᠠᠢ ᠣᠢ ᠶᠢᠨ ᠨᠠᠰᠤ ᠨᠢ ᠦᠨᠳᠤᠰᠤᠨ ᠳᠡᠭᠡᠨ ᠵᠠᠯᠠᠭᠤ᠂ ᠪᠡᠶ᠎ᠡ ᠪᠠᠭ᠎ᠠ ᠲᠠᠢ ᠪᠠᠶᠢᠳᠠᠭ᠃ ᠬᠠᠷᠢᠨ ᠭᠤᠣᠯ ᠤᠨ ᠤᠷᠤᠰᠬᠠᠯ ᠤᠨ ᠠᠳᠠᠭ ᠤᠨ ᠳᠤᠣᠷᠠᠢ ᠣᠢ ᠳᠣᠲᠣᠷ᠎ᠠ ᠨᠠᠰᠤ ᠬᠥᠭᠰᠢᠨ᠂ ᠪᠡᠶ᠎ᠡ ᠪᠦᠳᠦᠭᠦᠨ ᠲᠣᠣᠷᠠᠢ ᠨᠡᠯᠢᠶᠡᠳ ᠬᠠᠷᠠᠭᠳᠠᠨ᠎ᠠ᠃ ᠡᠮᠦᠨ᠎ᠡ ᠭᠤᠣᠯ ᠤᠨ ᠴᠭᠠᠨ ᠠᠮᠠ ᠠᠴᠠ ᠬᠤᠶᠢᠰᠢ ᠭᠤᠣᠯ ᠤᠨ ᠠᠳᠠᠭ ᠬᠦᠷᠳᠡᠯ᠎ᠡ ᠪᠦᠳᠦᠭᠦᠨ ᠲᠣᠣᠷᠠᠢ ᠨᠡᠯᠢᠶᠡᠳ ᠣᠯᠠᠨ ᠪᠠᠶᠢᠳᠠᠭ᠃ ᠬᠤᠶᠢᠲᠤ ᠭᠤᠣᠯ ᠤᠨ ᠤᠯᠠᠭᠠᠨ ᠴᠣᠨᠵᠢ ᠠᠴᠠ ᠬᠤᠶᠢᠰᠢ ᠠᠳᠠᠭ ᠪᠠᠭ ᠬᠦᠷᠲᠡᠯ᠎ᠠ ᠴᠦᠬᠡᠨ ᠬᠡᠳᠤᠨ ᠪᠦᠳᠦᠭᠦᠨ ᠳᠣᠣᠷᠠᠢ ᠪᠠᠶᠢᠳᠠᠭ᠃ ᠮᠢᠨᠤ ᠬᠡᠯᠡᠵᠤ ᠪᠠᠶᠢᠭ᠎ᠠ ᠪᠦᠳᠦᠭᠦᠨ ᠲᠣᠣᠷᠠᠢ ᠭᠡᠳᠡᠭ ᠪᠣᠯ ᠲᠣᠣᠷᠠᠢ ᠶᠢᠨ ᠪᠡᠶ᠎ᠡ ᠶᠢᠨ ᠪᠦᠰᠡᠯᠡᠭᠦᠷ ᠤᠨ ᠤᠷᠲᠤ ᠨᠢ 4 ᠮᠧᠲᠷ  ᠠᠴᠠ ᠳᠡᠭᠡᠭᠰᠢ ︵ᠡᠨᠡ 4 ᠮᠧᠲᠷ ᠤᠷᠲᠤ ᠨᠢ ᠪᠠᠷᠤᠭ ᠬᠥᠮᠤᠨ ᠤ ᠬᠤᠶᠠᠷ ᠳᠡᠪᠡᠷᠢ ᠬᠠᠭᠠᠰ ᠲᠠᠢ ᠳᠠᠩᠴᠡᠨ᠎ᠠ︶ ᠮᠣᠳᠣ ᠶᠢ ᠵᠢᠭᠠᠨ᠎ᠠ᠃ ᠮᠢᠨᠤ ᠠᠩᠬ᠎ᠠ ᠠᠯᠬᠤᠮ ᠤᠨ ᠪᠦᠷᠢᠨ ᠪᠤᠰᠤ ᠪᠦᠷᠢᠳᠭᠡᠯ ᠠᠴᠠ ᠲᠣᠣᠷᠠᠢ ᠶᠢᠨ ᠪᠡᠶ᠎ᠡ ᠶᠢᠨ ᠪᠦᠰᠡᠯᠡᠭᠦᠷ ᠤᠨ ᠣᠷᠲᠤ ᠨᠢ 4 ᠮᠧᠲᠷ ᠠᠴᠠ ᠳᠡᠭᠡᠭᠰᠢ ᠪᠦᠳᠦᠭᠦᠨ ᠲᠣᠣᠷᠠᠢ 73 ᠰᠠᠭᠤᠷᠢ ᠪᠣᠢ᠃ ᠡᠭᠦᠨ ᠳᠤ ᠲᠣᠣᠷᠠᠢ ᠶᠢᠨ ᠪᠡᠶ᠎ᠡ ᠶᠢᠨ ᠪᠦᠰᠡᠯᠡᠭᠦᠷ ᠤᠨ ᠤᠷᠲᠤ ᠨᠢ 6 ᠮᠧᠲᠷ ᠠᠴᠠ ᠳᠡᠭᠡᠭᠰᠢ 4 ᠰᠠᠭᠤᠷᠢ᠂ 5 — 5.99 ᠮᠧᠲᠷ ᠤᠨ 19 ᠰᠠᠭᠤᠷᠢ᠂ 4 — 4.99 ᠮᠧᠲᠷ ᠤᠨ 50 ᠰᠠᠭᠤᠷᠢ ᠪᠠᠶᠢᠨ᠎ᠠ᠃ ᠲᠣᠣᠷᠠᠢ ᠶᠢᠨ ᠪᠡᠶ᠎ᠡ ᠶᠢᠨ ᠪᠦᠰᠡᠯᠡᠭᠦᠷ ᠤᠷᠲᠤ ᠨᠢ 3— 4 ᠮᠧᠲᠷ ᠤᠷᠲᠤ ᠢᠳᠡᠷ ᠨᠠᠰᠤᠨ ᠤ ᠲᠣᠣᠷᠠᠢ ᠪᠠᠷᠤᠭᠯᠠᠪᠠᠯ ᠬᠡᠳᠤᠨ ᠵᠠᠭᠤᠨ ᠰᠠᠭᠤᠷᠢ ᠪᠠᠶᠢᠨ᠎ᠠ᠃ ᠲᠣᠣᠷᠠᠢ ᠮᠣᠳᠣ ᠶᠢ ᠵᠥᠪᠬᠡᠨ ᠪᠡᠶ᠎ᠡ ᠶᠢᠨ ᠬᠢᠨᠢ ᠪᠦᠳᠦᠭᠦᠨ ᠢᠶᠠᠷ ᠨᠠᠰᠤ ᠦᠨᠳᠤᠷ ᠲᠤᠣᠷᠠᠢ ᠭᠡᠵᠤ ᠬᠡᠯᠡᠬᠦ ᠠᠷᠭ᠎ᠠ ᠦᠭᠡᠢ᠂ ᠲᠣᠣᠷᠠᠢ ᠶᠢᠨ ᠤᠷᠭᠤᠵᠤ ᠪᠠᠶᠢᠭ᠎ᠠ ᠶᠠᠩᠵᠤ ᠬᠡᠯᠪᠡᠷᠢ᠂ ᠣᠨᠴᠠᠯᠢᠭ ᠰᠢᠨᠵᠢ ᠨᠢ ᠬᠠᠷᠢᠯᠴᠠᠨ ᠠᠲᠠᠯᠢ ᠦᠭᠡᠢ ᠤᠴᠢᠷ ᠠᠴᠠ ᠲᠣᠣᠷᠠᠢ ᠶᠢᠨ ᠨᠠᠰᠤ ᠶᠢ ᠪᠠᠷᠤᠭᠴᠠᠭᠠᠯᠠᠬᠤ ᠳᠤ ᠲᠤᠩ ᠬᠦᠴᠢᠷᠳᠠᠢ᠃ ᠵᠢᠱᠢᠶᠡᠯᠡᠪᠡᠯ ᠰᠤᠪᠨᠠᠭᠤᠷ ᠰᠤᠮᠤᠨ ᠤ ᠴᠡᠭᠡ ᠭᠠᠴᠠᠭᠠᠨ ᠤ ᠲᠣᠭᠤᠯ ᠤᠨ ᠵᠠᠯ᠎ᠠ ᠶᠢᠨ ᠪᠦᠳᠦᠭᠦᠨ ᠲᠤᠣᠷᠠᠢ ᠶᠢ 74 ᠵᠢᠯ ᠤᠨ ᠡᠮᠤᠨ᠎ᠠ ᠠᠩᠬ᠎ᠠ ᠨᠤᠲᠤᠭ ᠤᠰᠤ ᠭᠠᠷᠭᠠᠬᠤ ᠦᠶ᠎ᠡ ᠳᠤ ᠸᠠᠴᠢᠷ᠂ ᠶᠠᠨ ᠳᠣᠷᠵᠢ ᠭᠡᠳᠡᠭ ᠬᠤᠶᠠᠷ ᠬᠦᠮᠤᠨ ᠭᠠᠷ ᠢᠶᠠᠨ ᠬᠤᠯᠪᠣᠭᠠᠳ ᠪᠦᠲᠦᠨ ᠳᠡᠪᠠᠷᠢᠵᠤ ᠭᠡᠨ᠎ᠡ᠃ ᠪᠠᠷᠤᠭᠴᠠᠭᠠᠯᠠᠪᠡᠯ ᠲᠡᠷᠡ ᠦᠶ᠎ᠡ ᠳᠤ ᠡᠨᠡ ᠲᠣᠣᠷᠠᠢ ᠶᠢᠨ ᠪᠡᠶ᠎ᠡ ᠶᠢᠨ ᠪᠦᠰᠡᠯᠡᠭᠦᠷ ᠤᠨ ᠤᠷᠲᠤ ᠨᠢ 3.3 — 3.4 ᠮᠧᠲᠷ ᠪᠠᠶᠢᠵᠠᠢ᠃ ᠣᠳᠣ ᠡᠨᠡ ᠪᠦᠳᠦᠭᠦᠨ ᠲᠣᠣᠷᠠᠢ ᠶᠢᠨ ᠪᠦᠰᠡᠯᠡᠭᠦᠷ ᠤᠨ ᠣᠷᠲᠤ ᠨᠢ 5.75 ᠮᠧᠲᠷ ᠪᠠᠶᠢᠨ᠎ᠠ᠃ ᠣᠳᠣ ᠡᠨᠡ ᠬᠠᠪᠢ ᠶᠢᠨ ᠲᠤᠣᠷᠠᠢ ᠣᠢ ᠳᠣᠲᠣᠷ᠎ᠠ ᠪᠡᠶ᠎ᠡ ᠶᠢᠨ ᠪᠦᠰᠡᠯᠡᠭᠦᠷ ᠤᠨ ᠤᠷᠲᠤ ᠨᠢ 4 ᠮᠧᠲᠷ ᠬᠦᠷᠬᠦ ᠲᠣᠣᠷᠠᠢ ᠶᠢ ᠬᠠᠶᠢᠭᠠᠳ ᠨᠢᠭᠡ ᠴᠦ ᠣᠯᠳᠠᠭᠰᠠᠨ ᠦᠭᠡᠢ᠃ ᠢᠩᠭᠢᠵᠤ ᠪᠣᠳᠣᠪᠠᠯ ᠲᠤᠣᠷᠠᠢ ᠶᠢᠨ ᠪᠡᠶ᠎ᠡ ᠶᠢᠨ ᠪᠦᠰᠡᠯᠡᠭᠦᠷ ᠤᠨ ᠤᠷᠳᠤ ᠨᠢ 4 ᠮᠧᠲᠷ ᠲᠣᠣᠷᠠᠢ ᠶᠢᠨ ᠨᠠᠰᠤ ᠶᠢ ᠪᠠᠷᠤᠭᠴᠠᠭᠠᠯᠠᠪᠡᠯ 70 — 80 ᠵᠢᠯ ᠤᠨ ᠣᠷᠴᠢᠮ ᠪᠠᠶᠢᠬᠤ ᠶᠣᠰᠣᠲᠠᠢ᠃ ᠵᠠᠷᠢᠮ ᠲᠣᠣᠷᠠᠢ ᠶᠢᠨ ᠪᠡᠶ᠎ᠡ ᠨᠢ ᠶᠡᠭᠡ ᠪᠦᠳᠦᠭᠦᠨ ᠪᠢᠰᠢ ᠴᠦ ᠣᠨᠴᠠᠭᠠᠢ ᠦᠨᠳᠤᠷ ᠤᠷᠭᠤᠭᠰᠠᠨ ᠪᠠᠶᠢᠳᠠᠭ᠃ ᠰᠤᠪᠨᠠᠭᠤᠷ ᠰᠤᠮᠤᠨ ᠤ ᠴᠡᠭᠡ ᠭᠠᠴᠠᠭᠠᠨ ᠤ ᠬᠥᠬᠡ ᠡᠷᠬᠢ ᠭᠡᠳᠡᠭ ᠭᠠᠵᠠᠷ ᠤᠨ ᠬᠠᠪᠢ ᠳᠤ ᠨᠢᠭᠡ ᠦᠨᠳᠤᠷ ᠲᠣᠣᠷᠠᠢ ᠬᠠᠪᠢ ᠳᠤ ᠨᠢᠭᠡ ᠦᠨᠳᠤᠷ ᠲᠣᠣᠷᠠᠢ ᠪᠠᠶᠢᠵᠠᠢ᠃ ᠡᠨᠡ ᠲᠣᠣᠷᠠᠢ ᠶᠢ 15 ᠺᠢᠯᠤᠮᠧᠲᠷ ᠤᠨ ᠠᠯᠤᠰ ᠲᠠᠬᠢ ᠰᠣᠪ ᠨᠠᠭᠤᠷ ᠤᠨ ᠴᠠᠭᠠᠨ ᠡᠷᠬᠢ ᠭᠡᠳᠡᠭ ᠭᠠᠵᠠᠷ ᠠᠴᠠ ᠪᠠᠷ᠎ᠠ ᠨᠢ ᠬᠠᠷᠠᠭᠳᠠᠳᠠᠭ ᠪᠠᠶᠢᠭᠰᠠᠨ ᠭᠡᠨ᠎ᠡ᠃ ᠣᠳᠣ ᠡᠵᠡᠨ᠎ᠠ ᠶᠢᠨ ᠡᠮᠤᠨ᠎ᠠ ᠭᠤᠣᠯ ᠤᠨ ᠳᠣᠣᠷᠠᠲᠤ ᠣᠷᠣᠰᠬᠠᠯ ᠳᠠᠭᠠᠤ ᠣᠷᠣᠨ ᠢᠶᠠᠷ ᠦᠨᠳᠤᠷ ᠢᠶᠠᠷ ᠢᠶᠠᠨ ᠰᠡᠷᠬᠢᠷᠤᠣ ᠶᠢᠨ ᠲᠤᠣᠷᠠᠢ ᠠᠴᠠ ᠦᠨᠳᠤᠷ᠂ ᠰᠠᠭᠯᠠᠭᠠᠷ᠂ ᠥᠷᠭᠡᠨ ᠢᠶᠠᠷ ᠢᠶᠠᠨ ᠰᠡᠷᠬᠢᠷᠤᠣ ᠶᠢᠨ ᠲᠤᠣᠷᠠᠢ ᠠᠴᠠ ᠥᠷᠭᠡᠨ᠂ ᠪᠦᠳᠦᠭᠦᠨ ᠢᠶᠠᠷ ᠢᠶᠠᠨ ᠰᠡᠷᠬᠢᠷᠤᠣ ᠶᠢᠨ ᠲᠤᠣᠷᠠᠢ ᠲᠠᠢ ᠣᠶᠢᠷᠠᠯᠴᠠᠭ᠎ᠠ ᠡᠶᠢᠮᠤ ᠪᠦᠳᠦᠭᠦᠨ ᠲᠤᠣᠷᠠᠢ ᠨᠡᠯᠢᠶᠠᠳ ᠬᠡᠳᠤ ᠪᠣᠢ᠃ ᠰᠤᠪᠨᠠᠭᠤᠷ ᠰᠤᠮᠤᠨ ᠤ ᠴᠡᠭᠡ ᠭᠠᠴᠠᠭ᠎ᠠ ᠶᠢᠨ ᠮᠣᠭᠠᠶᠢᠲᠤ ᠶᠢᠨ ᠲᠣᠣᠷᠠᠢ᠂ ᠬᠤᠩᠬᠤᠷ ᠤᠨ ᠬᠤᠳᠳᠤᠭ ᠤᠨ ᠪᠦᠳᠦᠭᠦᠨ ᠲᠣᠣᠷᠠᠢ ᠶᠢᠨ ᠪᠡᠶ᠎ᠡ ᠶᠢᠨ ᠪᠦᠰᠡᠯᠡᠭᠦᠷ ᠤᠨ ᠣᠷᠲᠤ ᠨᠢ 6.30 — 6.4 ᠮᠧᠲᠷ       ᠪᠣᠢ᠃ ᠬᠠᠷᠠᠮᠰᠠᠯᠲᠠᠢ ᠨᠢ ᠡᠨᠡ ᠪᠦᠳᠦᠭᠦᠨ ᠲᠣᠣᠷᠠᠢ ᠶᠢᠨ ᠤᠤᠯ ᠤᠨ ᠪᠦᠳᠦᠭᠦᠨ ᠰᠠᠯᠠᠭ᠎ᠠ ᠨᠢ ᠴᠥᠮ ᠰᠠᠯᠬᠢᠨ ᠳᠤ ᠬᠤᠭᠤᠷᠠᠵᠤ ᠤᠨᠠᠭᠠᠳ᠂ ᠣᠳᠣ ᠰᠡᠭᠦᠯ ᠳᠤ ᠤᠷᠭᠤᠭᠰᠠᠨ ᠰᠢᠨ᠎ᠡ ᠰᠠᠯᠠᠭ᠎ᠠ ᠨᠠᠮᠠᠭ᠎ᠠ ᠲᠠᠢ ᠪᠠᠨ ᠪᠠᠶᠢᠭ᠎ᠠ ᠤᠴᠢᠷ ᠲᠡᠮᠡᠢ ᠦᠨᠳᠤᠷ ᠰᠦᠷᠯᠢᠭ ᠪᠢᠰᠢ᠃ ᠰᠤᠪᠨᠠᠭᠤᠷ ᠰᠤᠮᠤᠨ ᠤ ᠮᠠᠵᠢᠯᠠᠢ ᠶᠢᠨ ᠨᠤᠲᠤᠭ ᠤᠨ ᠲᠤᠣᠷᠠᠢ ᠣᠢ ᠲᠣᠲᠣᠷ᠎ᠠ ᠨᠢᠭᠡ ᠰᠠᠭᠤᠷᠢ ᠣᠨᠴᠠᠭᠠᠢ ᠦᠷᠭᠡᠨ ᠰᠠᠭᠯᠠᠭᠠᠷ ᠲᠤᠣᠷᠠᠢ ᠪᠠᠶᠢᠳᠠᠭ᠃ ᠲᠡᠭᠦᠨ ᠤ ᠥᠷᠭᠡᠨ ᠤ ᠬᠡᠮᠵᠢᠶ᠎ᠡ ᠨᠢ ᠰᠡᠷᠬᠢᠷᠤᠣ ᠶᠢᠨ ᠲᠤᠣᠷᠠᠢ ᠠᠴᠠ ᠳᠠᠪᠡᠨ᠎ᠡ᠃ ᠣᠳᠣ ᠰᠡᠷᠬᠢᠷᠤᠣ ᠶᠢᠨ ᠪᠦᠳᠦᠭᠦᠨ ᠲᠤᠣᠷᠠᠢ ᠠᠴᠠ ᠦᠭᠡᠷ᠎ᠡ ᠪᠦᠳᠦᠭᠦᠨ ᠲᠤᠣᠷᠠᠢ ᠰᠤᠪᠨᠠᠭᠤᠷ ᠰᠤᠮᠤᠨ ᠤ ᠬᠡᠪᠴᠢᠶᠠᠨ ᠳᠤ ᠮᠣᠭᠠᠶᠢᠲᠤ ᠶᠢᠨ ᠪᠦᠳᠦᠭᠦᠨ ᠲᠤᠣᠷᠠᠢ᠂ ᠬᠤᠩᠬᠤᠷ ᠤᠨ ᠬᠤᠳᠳᠤᠭ ᠤᠨ ᠪᠦᠳᠦᠭᠦᠨ ᠲᠤᠣᠷᠠᠢ᠂ ᠡᠷᠳᠠᠨᠢ ᠶᠢᠨ ᠪᠦᠳᠦᠭᠦᠨ ᠲᠤᠣᠷᠠᠢ᠂ ᠲᠣᠭᠤᠯ ᠤᠨ ᠵᠡᠯ᠎ᠡ ᠶᠢᠨ ᠪᠦᠳᠦᠭᠦᠨ ᠲᠤᠣᠷᠠᠢ᠂ ᠪᠠᠯᠠᠷ ᠤᠨ ᠪᠦᠳᠦᠭᠦᠨ ᠲᠤᠣᠷᠠᠢ᠂ ᠬᠥᠬᠡ ᠦᠷᠢᠶ᠎ᠠ ᠶᠢᠨ ᠪᠦᠳᠦᠭᠦᠨ ᠲᠤᠣᠷᠠᠢ᠂ ᠭᠠᠰᠢᠭᠤᠨ ᠬᠤᠳᠳᠤᠭ ᠤᠨ ᠪᠦᠳᠦᠭᠦᠨ ᠲᠤᠣᠷᠠᠢ᠂ ᠮᠠᠵᠢᠯᠠᠢ ᠶᠢᠨ ᠨᠤᠲᠤᠭ ᠤᠨ ᠪᠦᠳᠦᠭᠦᠨ ᠲᠤᠣᠷᠠᠢ᠂ ᠳᠠᠯᠡᠶᠢᠭᠦᠪ ᠪᠠᠯᠭᠠᠰᠤᠨ ᠤ ᠬᠡᠪᠴᠢᠶᠠᠨ ᠳᠤ ᠬᠦᠷᠠᠩ ᠪᠥᠭᠡᠷᠡᠭ ᠤᠨ ᠪᠦᠳᠦᠭᠦᠨ ᠲᠤᠣᠷᠠᠢ᠂ ᠰᠠᠶᠢᠬᠠᠨᠳᠤᠤᠷᠠᠢ ᠰᠤᠮᠤᠨ ᠤ ᠬᠡᠪᠴᠢᠶᠠᠨ ᠳᠤ ᠪᠦᠳᠦᠭᠦᠨ ᠲᠣᠣᠷᠠᠢ ᠶᠢᠨ ᠬᠤᠩᠬᠤᠷ ᠤᠨ ᠲᠤᠣᠷᠠᠢ ᠪᠠᠶᠢᠨ᠎ᠠ᠃ ᠡᠳᠡᠭᠡᠷ ᠲᠣᠣᠷᠠᠢ ᠶᠢᠨ ᠪᠡᠶ᠎ᠡ ᠶᠢᠨ ᠪᠦᠰᠡᠯᠡᠭᠦᠷ ᠤᠨ ᠤᠷᠲᠤ ᠨᠢ 5 ᠮᠧᠲᠷ ᠠᠴᠠ ᠳᠡᠭᠡᠭᠰᠢ ᠶᠤᠮ᠃     ᠡᠵᠡᠨ᠎ᠠ ᠨᠤᠲᠤᠭ ᠲᠤ ᠪᠤᠭᠤᠷᠤᠯ ᠪᠦᠳᠦᠭᠦᠨ ᠲᠣᠣᠷᠠᠢ ᠨᠠᠯᠢᠶᠠᠳ ᠪᠠᠶᠢᠬᠤ ᠪᠠᠷ ᠪᠠᠷᠠᠬᠤ ᠦᠭᠡᠢ ᠢᠳᠡᠷ ᠨᠠᠰᠤᠨ ᠤ ᠲᠤᠣᠷᠠᠢ ᠴᠤ ᠮᠠᠰᠢ ᠠᠷᠪᠢᠨ ᠪᠠᠶᠢᠨ᠎ᠠ᠃ ᠲᠤᠣᠷᠠᠢ ᠣᠢ ᠶᠢ ᠪᠢᠳᠡᠭᠦᠮᠵᠢᠯᠡᠭᠰᠡᠨ ᠠᠴᠠ ᠵᠠᠯᠠᠭᠤ ᠪᠠᠭ᠎ᠠ ᠲᠤᠣᠷᠠᠢ ᠪᠠ ᠵᠤᠯᠵᠠᠭᠠᠨ ᠲᠤᠣᠷᠠᠢ ᠵᠢᠯ ᠠᠴᠠ ᠵᠢᠯ ᠨᠡᠮᠡᠭᠳᠡᠨ ᠤᠯᠠᠰᠢᠷᠠᠵᠤ᠂ ᠡᠵᠡᠨ᠎ᠠ ᠶᠢᠨ ᠲᠤᠣᠷᠠᠢ ᠣᠢ ᠳᠤ ᠰᠢᠨ᠎ᠡ ᠠᠮᠢ ᠨᠠᠰᠤ ᠵᠠᠯᠭᠠᠵᠤ᠂ ᠲᠣᠣᠷᠠᠢ ᠣᠢ ᠶᠢᠨ ᠦᠳᠡᠯᠵᠤ ᠥᠬᠢᠷᠡᠬᠦ ᠨᠣᠷᠮ᠎ᠠ ᠶᠢ ᠪᠠᠭᠠᠰᠬᠠᠭᠰᠠᠨ ᠪᠠᠶᠢᠨ᠎ᠠ᠃    ︵ᠬᠤᠶᠠᠷ︶ ᠡᠵᠡᠨ᠎ᠠ ᠶᠢᠨ ᠪᠣᠭᠤᠷᠤᠯ ᠪᠦᠳᠦᠭᠦᠨ ᠲᠤᠣᠷᠠᠢ ᠨᠤᠭᠤᠳ ᠤᠨ ᠪᠠᠶᠢᠷᠢᠰᠢᠯ    ᠮᠢᠨᠤ ᠣᠯᠣᠭᠰᠠᠨ ᠪᠦᠰᠡᠯᠡᠭᠦᠷ ᠨᠢ 4 ᠮᠧᠲᠷ ᠠᠴᠠ ᠲᠡᠭᠡᠭᠰᠢ ᠪᠦᠳᠦᠭᠦᠨ ᠲᠣᠣᠷᠠᠢ 73 ᠰᠠᠭᠤᠷᠢ ᠪᠣᠢ᠃ ᠮᠢᠨᠤ ᠣᠨᠤᠭ᠎ᠠ ᠮᠠᠭᠤᠳᠠᠭᠠᠳ ᠪᠦᠬᠦᠨ ᠢ ᠵᠢᠷᠤᠭ ᠠᠪᠴᠤ ᠴᠢᠳᠠᠭᠰᠠᠨ ᠦᠭᠡᠢ᠃ ᠶᠠᠭᠤ ᠪᠤᠯᠤᠭᠰᠠᠨ ᠴᠤ ᠬᠦᠮᠤᠨ ᠤ ᠬᠢᠭᠡ ᠦᠭᠡᠢ ᠶᠠᠭᠤᠮ᠎ᠠ ᠶᠢ ᠬᠢᠭᠰᠡᠨ ᠳᠡᠭᠡᠨ ᠪᠠᠭ᠎ᠠ ᠤᠮᠣᠭᠰᠢᠳᠠᠭ ᠶᠤᠮ᠃ ᠮᠠᠨ ᠤ ᠡᠵᠡᠨ᠎ᠠ ᠪᠦᠳᠦᠭᠦᠨ ᠲᠣᠣᠷᠠᠢ ᠲᠠᠢ ᠯᠠ ᠨᠤᠲᠤᠭ ᠭᠡᠳᠡᠭ ᠢ ᠬᠦᠮᠤᠰ ᠲᠤ ᠮᠡᠳᠡᠭᠦᠯᠬᠦ ᠭᠡᠰᠡᠨ ᠶᠤᠮ︕    1 ᠴᠠᠭᠠᠨ ᠠᠮᠠ ᠶᠢᠨ ᠲᠣᠣᠷᠠᠢ᠄ ᠲᠡᠯᠡᠶᠢᠭᠦ᠋ᠪ ᠠᠴᠠ ᠡᠮᠦᠨᠠᠰᠢ 4 ᠺᠢᠯᠤᠮᠧᠲᠷ — ᠲᠡᠯᠡᠶᠢᠭᠦᠪ ᠪᠠᠯᠠᠭᠠᠰᠤᠨ ᠤ ᠵᠢᠷᠭᠠᠯᠡᠩᠲᠤ ᠭᠠᠴᠠᠭ᠎ᠠ ᠳᠤ᠃   2 ᠮᠣᠭᠠᠶᠢᠲᠤ ᠶᠢᠨ ᠴᠢᠭᠡ ᠶᠢᠨ ᠲᠣᠣᠷᠠᠢ᠄ ᠲᠡᠯᠡᠶᠢᠭᠦᠪ ᠠᠴᠠ ᠵᠡᠭᠦᠨ ᠡᠮᠦᠨᠠᠰᠢ 1 ᠺᠢᠯᠤᠮᠧᠲᠷ — ᠲᠡᠯᠡᠶᠢᠭᠦᠪ ᠪᠠᠯᠠᠭᠠᠰᠤᠨ ᠤ ᠵᠢᠷᠭᠠᠯᠡᠩᠲᠤ ᠭᠠᠴᠠᠭ᠎ᠠ ᠳᠤ᠃   3 ᠬᠦᠷᠡᠩ ᠪᠥᠭᠡᠷᠡᠭ ᠤᠨ ᠳᠣᠣᠷᠠᠢ᠄ ᠲᠡᠯᠡᠶᠢᠭᠦ᠋ᠪ ᠠᠴᠠ ᠵᠡᠭᠦᠨ ᠡᠮᠦᠨᠠᠰᠢ 6 ᠺᠢᠯᠤᠮᠧᠲᠷ — ᠳᠡᠯᠡᠶᠢᠭᠦᠪ ᠪᠠᠯᠠᠭᠠᠰᠤᠨ ᠤ ᠵᠢᠷᠭᠠᠯᠡᠩᠲᠤ ᠭᠠᠴᠠᠭ᠎ᠠ ᠳᠤ᠃    4 ᠮᠠᠵᠠᠯᠠᠢ ᠶᠢᠨ ᠨᠤᠲᠤᠭ ᠤᠨ ᠲᠣᠣᠷᠠᠢ᠄ ᠲᠠᠯᠡᠶᠢᠭᠦ᠋ᠪ ᠠᠴᠠ ᠵᠡᠭᠦᠨᠰᠢ 18 ᠺᠢᠯᠤᠮᠧᠲᠷ — ᠰᠤᠪᠨᠠᠭᠤᠷ ᠰᠤᠮᠤᠨ ᠤ ᠪᠠᠶᠠᠨᠪᠤᠯᠠᠭ ᠭᠠᠴᠠᠭ᠎ᠠ ᠳᠤ᠃    5 ᠲᠣᠭᠤᠯ ᠤᠨ ᠵᠡᠯ᠎ᠠ ᠶᠢᠨ ᠲᠣᠣᠷᠠᠢ᠄ ᠲᠠᠯᠡᠶᠢᠭᠦ᠋ᠪ ᠠᠴᠠ ᠵᠡᠭᠦᠨᠰᠢ 22 ᠺᠢᠯᠤᠮᠧᠲᠷ — ᠰᠤᠪᠨᠠᠭᠤᠷ ᠰᠤᠮᠤᠨ ᠤ ᠴᠡᠭᠡ ᠭᠠᠴᠠᠭ᠎ᠠ ᠳᠤ᠃    6 ᠡᠷᠳᠡᠨᠢ ᠶᠢᠨ ᠲᠣᠣᠷᠠᠢ᠄ ᠲᠡᠯᠡᠶᠢᠭᠦ᠋ᠪ ᠠᠴᠠ ᠬᠤᠶᠢᠰᠢ 20 ᠺᠢᠯᠤᠮᠧᠲᠷ — ᠰᠤᠪᠨᠠᠭᠤᠷ ᠰᠤᠮᠤᠨ ᠤ ᠶᠠᠪᠤᠤᠳᠣ ᠭᠠᠴᠠᠭ᠎ᠠ ᠳᠤ᠃    7 ᠮᠣᠭᠠᠶᠢᠲᠤ ᠶᠢᠨ ᠲᠣᠣᠷᠠᠢ᠄ ᠰᠤᠪᠨᠠᠭᠤᠷ ᠰᠤᠮᠤᠨ ᠠᠴᠠ ᠬᠤᠶᠢᠰᠢ 9 ᠺᠢᠯᠤᠮᠧᠲᠷ — ᠰᠤᠪᠨᠠᠭᠤᠷ ᠰᠤᠮᠤᠨ ᠤ ᠴᠡᠭᠡ ᠭᠠᠴᠠᠭ᠎ᠠ ᠳᠤ᠃    8 ᠬᠥᠬᠡ ᠦᠷᠢᠶ᠎ᠡ ᠶᠢᠨ ᠲᠣᠣᠷᠠᠢ᠄ ᠲᠡᠯᠡᠶᠢᠭᠦᠪ ᠠᠴᠠ ᠬᠤᠶᠢᠰᠢ 23 ᠺᠢᠯᠤᠮᠧᠲᠷ — ᠰᠤᠪᠨᠠᠭᠤᠷ ᠰᠤᠮᠤᠨ ᠤ ᠴᠡᠭᠡ ᠭᠠᠴᠠᠭ᠎ᠠ ᠳᠤ᠃   9 ᠬᠤᠩᠬᠤᠷ ᠤᠨ ᠬᠤᠳᠳᠤᠭ ᠤᠨ ᠲᠣᠣᠷᠠᠢ᠄ ᠲᠠᠯᠡᠶᠢᠭᠦ᠋ᠪ ᠠᠴᠠ ᠬᠤᠶᠢᠰᠢ 245 ᠺᠢᠯᠤᠮᠧᠲᠷ— ᠰᠤᠪᠨᠠᠭᠤᠷ ᠰᠤᠮᠤᠨ ᠤ ᠪᠠᠶᠠᠨᠪᠤᠯᠠᠭ ᠭᠠᠴᠠᠭ᠎ᠠ ᠳᠤ᠃   10 ᠰᠡᠷᠭᠢᠷᠤᠤ ᠶᠢᠨ ᠲᠣᠣᠷᠠᠢ᠄ ᠲᠠᠯᠡᠶᠢᠭᠦ᠋ᠪ ᠠᠴᠠ ᠬᠤᠶᠢᠰᠢ 26 ᠺᠢᠯᠤᠮᠧᠲᠷ — ᠰᠤᠪᠨᠠᠭᠤᠷ ᠰᠤᠮᠤᠨ ᠤ ᠶᠠᠪᠤᠤᠲᠤ ᠭᠠᠴᠠᠭ᠎ᠠ ᠳᠤ᠃   11 ᠴᠠᠭᠠᠨ ᠴᠣᠨᠵᠢ ᠶᠢᠨ ᠲᠣᠣᠷᠠᠢ᠄ ᠲᠡᠯᠡᠶᠢᠭᠦ᠋ᠪ ᠠᠴᠠ ᠬᠤᠶᠢᠰᠢ 34 ᠺᠢᠯᠤᠮᠧᠲᠷ— ᠰᠤᠪᠨᠠᠭᠤᠷ ᠰᠤᠮᠤᠨ ᠤ ᠴᠡᠭᠡ ᠭᠠᠴᠠᠭ᠎ᠠ ᠳᠤ᠃   12 ᠪᠦᠳᠦᠭᠦᠨ ᠮᠣᠳᠣᠨ ᠤ ᠲᠣᠣᠷᠠᠢ᠄ ᠲᠡᠯᠡᠶᠢᠭᠦ᠋ᠪ ᠠᠴᠠ ᠬᠤᠶᠢᠰᠢ 37 ᠺᠢᠯᠤᠮᠧᠲᠷ — ᠰᠤᠪᠨᠠᠭᠤᠷ ᠰᠤᠮᠤᠨ ᠤ ᠴᠡᠭᠡ ᠭᠠᠴᠠᠭ᠎ᠠ ᠳᠤ᠃   13 ᠠᠳᠠᠭ ᠪᠠᠭ ᠤᠨ ᠲᠣᠣᠷᠠᠢ᠄ ᠲᠠᠯᠠᠶᠢᠭᠦ᠋ᠪ ᠠᠴᠠ ᠪᠠᠷᠠᠭᠤᠨ ᠬᠤᠶᠢᠰᠢ 32 ᠺᠢᠯᠤᠮᠧᠲᠷ — ᠰᠠᠶᠢᠬᠠᠭᠲᠤᠤᠷᠠᠢ ᠰᠤᠮᠤᠨ ᠤ ᠰᠠᠶᠢᠬᠠᠨᠨᠠᠭᠤᠷ ᠭᠠᠴᠠᠭ᠎ᠠ ᠳᠤ᠃    14 ᠮᠠᠰᠢ ᠶᠢᠨ ᠪᠠᠶᠢᠰᠢᠩ ᠤᠨ ᠲᠤᠤᠷᠠᠢ᠄ ᠰᠠᠶᠢᠬᠠᠨᠳᠤᠤᠷᠠᠢ ᠰᠤᠮᠤᠨ ᠠᠴᠠ ᠡᠮᠤᠨᠡᠰᠢ 5 ᠺᠢᠯᠤᠮᠧᠲᠷ— ᠰᠠᠶᠢᠬᠠᠨᠳᠤᠤᠷᠠᠢ ᠰᠤᠮᠤᠨ ᠤ ᠮᠦᠩᠬᠦᠳᠤ ᠭᠠᠴᠠᠭ᠎ᠠ ᠳᠤ᠃    15 ᠪᠦᠳᠦᠭᠦᠨ ᠲᠣᠣᠷᠠᠢ ᠶᠢᠨ ᠬᠤᠩᠬᠤᠷ ᠤᠨ ᠲᠣᠣᠷᠠᠢ᠄ ᠰᠠᠶᠢᠬᠠᠨᠳᠤᠤᠷᠠᠢ ᠰᠤᠮᠤᠨ ᠠᠴᠠ ᠡᠮᠦᠨᠠᠰᠢ 50 ᠺᠢᠯᠤᠮᠧᠲᠷ — ᠮᠦᠩᠭᠦᠳᠣ ᠭᠠᠴᠠᠭ᠎ᠠ ᠳᠤ᠃    16 ᠤᠯᠠᠭᠠᠨ ᠴᠣᠨᠵᠢ ᠶᠢᠨ ᠳᠣᠣᠷᠠᠢ᠄ ᠰᠠᠶᠢᠬᠠᠨᠳᠤᠤᠷᠠᠢ ᠰᠤᠮᠤᠨ ᠠᠴᠠ ᠡᠮᠣᠨᠠᠰᠢ 34 ᠺᠢᠯᠤᠮᠧᠲᠷ— ᠮᠦᠩᠭᠦᠳᠦ ᠭᠠᠴᠠᠭ᠎ᠠ ᠳᠤ᠃    17 ᠭᠠᠰᠢᠭᠤᠨ ᠬᠤᠳᠳᠤᠭ ᠤᠨ ᠲᠣᠣᠷᠠᠢ — ᠰᠤᠪᠨᠠᠭᠤᠷ ᠰᠤᠮᠤᠨ ᠤ ᠴᠡᠭᠡ ᠭᠠᠴᠠᠭ᠎ᠠ ᠳᠤ᠃    18 ᠬᠠᠷ᠎ᠠ ᠦᠨᠳᠦᠰᠤ ᠶᠢᠨ ᠲᠤᠣᠷᠠᠢ — ᠲᠠᠯᠡᠶᠢᠭᠦᠪ ᠪᠠᠯᠠᠭᠠᠰᠤᠨ ᠤ ᠵᠢᠷᠭᠠᠯᠠᠩᠲᠤ ᠭᠠᠴᠠᠭ᠎ᠠ ᠳᠤ᠃    19 ᠨᠠᠮᠤᠭ ᠤᠨ ᠨᠠᠭᠤᠷ ᠤᠨ ᠪᠦᠳᠦᠭᠦᠨ ᠲᠣᠣᠷᠠᠢ ᠤ ᠳ᠋ᠦᠩ ᠹᠧᠩ ᠪᠠᠯᠭᠠᠰᠤᠨ ᠤ ᠪᠣᠷᠣ ᠠᠭᠤᠯᠠ ᠭᠠᠴᠠᠭ᠎ᠠ ᠳᠤ᠃    20 ᠪᠠᠯᠠᠷ ᠤᠨ ᠪᠦᠳᠦᠭᠦᠨ ᠲᠣᠣᠷᠠᠢ — ᠰᠤᠪᠨᠠᠭᠤᠷ ᠰᠤᠮᠤᠨ ᠤ ᠶᠠᠪᠤᠤᠳᠤ ᠭᠠᠴᠠᠭ᠎ᠠ ᠳᠤ᠃            — ᠴᠡ᠊᠂  ᠰᠠᠶᠢᠵᠢᠷᠠᠬᠤ  ᠶᠢᠨ《 ᠡᠵᠡᠨ᠎ᠡ  ᠲᠤᠤᠷᠠᠢ ᠶᠢᠨ ᠰᠤᠶᠤᠯ》 ᠭᠡᠬᠦ ᠨᠤᠮ ᠠᠴᠠ 
 
ᠢᠷᠡᠯᠲᠡ᠄ ᠡᠵᠡᠨ᠎ᠡ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号