ᠡᠵᠡᠨ᠎ᠡ ᠶᠢᠨ ᠨᠢᠭᠡᠳᠦᠭᠡᠷ ᠲᠦᠷᠢ ᠶᠢᠨ ︽ᠡᠵᠡᠢ ᠯᠠᠮᠠ︾ ᠭᠡᠯᠡᠭᠴᠤᠬᠳᠠᠨ ᠭᠢᠭᠡᠳ ᠳᠡᠭᠦᠨ ᠤ ︽ᠢᠯᠡᠳᠭᠡᠯ ᠳᠡᠦᠬᠡ ᠶᠢᠨ ᠪᠢᠴᠢᠭ︾᠎ ᠤᠨ ᠲᠤᠬᠠᠢ
ᠨᠡᠶᠢᠲᠡᠯᠡᠭᠰᠡᠨ ᠴᠠᠭ᠄
2018-11-22
       1851 ᠤᠨ ᠳᠤ ᠡᠵᠡᠨ᠎ᠡ ᠶᠢᠨ ᠨᠢᠭᠡᠳᠦᠭᠡᠷ ᠲᠦᠷᠢ ᠶᠢᠨ ︽ᠡᠵᠡᠢ ᠯᠠᠮᠠ︾ ᠭᠡᠯᠡᠭᠴᠤᠬᠳᠠᠨ ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠰᠢᠷᠡᠭᠡᠨ ᠤ ᠭᠡᠭᠡᠨ ᠢᠶᠠᠷ ᠵᠠᠯᠠᠬᠳᠠᠵᠡᠢ᠃ ᠳᠡᠦᠬᠡᠨ ᠳᠡᠮᠳᠡᠭᠯᠡᠯ ᠠᠴᠠ ᠦᠵᠡᠪᠡᠯ ᠳᠡᠷᠡ 1853 — 1889 ᠤᠨ ᠤ ᠬᠤᠭᠤᠷᠤᠨᠳᠦ ︽ᠦᠨᠡᠨ ᠰᠦᠵᠢᠭᠳᠦ ᠬᠠᠭᠤᠴᠢᠨ ᠲᠤᠷᠭᠤᠳ ᠭᠢᠭᠡᠳ ᠴᠢᠩ ᠰᠡᠳᠬᠢᠯᠳᠦ ᠰᠢᠨ᠎ᠡ ᠲᠤᠷᠭᠤᠳ ᠤᠳ ᠤᠨ ᠬᠠᠭᠠᠤᠨ ᠨᠤᠶᠠᠳ ᠤᠨ ᠢᠯᠡᠳᠭᠡᠯ ᠲᠡᠦᠬᠡ ᠶᠢᠨ ᠪᠢᠴᠢᠭ︾᠎ ᠢᠶᠠᠨ ᠲᠤᠭᠤᠷᠪᠢᠨ ᠪᠢᠴᠢᠵᠤ᠂ ᠡᠵᠡᠨ᠎ᠡ ᠲᠤᠷᠭᠤᠳ ᠤᠨ ᠳᠡᠦᠬᠡᠨ ᠪᠢᠴᠢᠭ ᠳᠡᠮᠳᠡᠭᠯᠡᠯ ᠤᠨ ᠬᠠᠮᠤᠭ ᠤᠨ ᠠᠩᠬᠠᠨ ᠤ ᠨᠤᠮ ᠤᠨ ᠬᠠᠭᠤᠳᠠᠰᠤ ᠶᠢ ᠰᠡᠬᠦᠭᠰᠡᠨ ᠪᠤᠯᠤᠯᠲᠠᠢ᠃ ᠭᠡᠯᠡᠭᠴᠤᠬᠳᠠᠨ ︽ᠢᠯᠡᠳᠭᠡᠯ ᠲᠡᠦᠭᠡ ᠶᠢᠨ ᠪᠢᠴᠢᠭ︾᠎ ᠤᠨ ᠢᠶᠠᠨ ᠳᠡᠭᠦᠰᠭᠡᠯ ᠳᠤ᠄ ︽ᠡᠨᠡ ᠳᠡᠦᠬᠡ ᠶᠢᠨ ᠪᠢᠴᠢᠭ ᠢ ᠲᠤᠷᠭᠤᠳ ᠨᠤᠶᠠᠳ ᠤᠨ ᠢᠵᠠᠭᠤᠷ ᠲᠤ ᠲᠦᠷᠦᠭᠰᠡᠨ ᠲᠦᠢᠨ ᠭᠡᠯᠦᠩ ᠭᠡᠯᠡᠭᠴᠤᠬᠳᠠᠨ᠂ ᠠᠯᠳᠠᠷᠰᠢᠬᠰᠠᠨ ᠨᠠᠷ᠎ᠠ ᠨᠢ ᠡᠵᠡᠢ ᠭᠡᠮᠡᠬᠦ ᠪᠠᠷ ᠨᠢᠭᠡᠨ ᠵᠦᠭ ᠲᠤ ᠨᠠᠶᠢᠯᠡᠭᠦᠯᠵᠤ ᠡᠪᠯᠡᠨ ᠪᠢᠴᠢᠪᠠᠢ︾ ᠭᠡᠮᠡᠨ ᠲᠡᠮᠳᠡᠭᠯᠡᠵᠤ᠂ ᠲᠤᠰ ︽ᠢᠯᠡᠳᠭᠡᠯ ᠳᠡᠦᠭᠡ ᠶᠢᠨ ᠪᠢᠴᠢᠭ︾᠎ ᠤᠨ ᠵᠤᠭᠢᠶᠠᠬᠴᠢ ᠪᠣᠯ ᠭᠡᠯᠡᠭᠴᠤᠬᠳᠠᠨ ᠮᠥᠨ ᠭᠡᠳᠡᠭ ᠢ ᠤᠯᠠᠮ ᠲᠤᠳᠤ ᠢᠯᠡᠷᠡᠭᠦᠯᠦᠭᠰᠡᠨ ᠪᠠᠶᠢᠨ᠎ᠠ᠃        ᠭᠡᠯᠡᠭᠴᠤᠬᠳᠠᠨ ᠪᠣᠯ ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠲᠦᠷᠪᠡᠳᠦᠭᠡᠷ ᠦᠶ᠎ᠡ ᠶᠢᠨ ᠪᠠᠶᠢᠯᠠ ᠨᠤᠶᠠᠨ ᠸᠠᠩᠵᠢᠯᠴᠡᠷᠡᠩ ᠤᠨ ᠲᠡᠪᠤᠳᠤᠭᠠᠷ ᠬᠦᠪᠡᠬᠦᠨ᠂ ᠳᠡᠳ᠋ ᠵᠡᠷᠭᠡ ᠶᠢᠨ ᠲᠠᠶᠢᠵᠢ ᠷᠠᠪᠳᠠᠨᠳᠦᠩᠷᠤᠪᠫᠧᠯᠵᠢ ᠶᠢᠨ ᠠᠬᠠᠮᠠᠳ ᠬᠦᠪᠡᠬᠦᠨ — ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠳᠠᠰᠢᠵᠦ᠋ᠢᠯᠢᠩ ᠰᠦᠮ᠎ᠡ ᠶᠢᠨ ᠨᠢᠭᠡᠳᠦᠭᠡᠷ ᠲᠦᠷᠢ ᠶᠢᠨ ︽ᠡᠵᠡᠢ ᠯᠠᠮᠠ︾ ︽ᠨᠤᠮᠴᠢ ᠮᠡᠷᠭᠡᠨ ᠺᠠᠮᠪᠤ︾ ᠴᠤᠯᠠ ᠲᠠᠢ ᠰᠢᠷᠡᠭᠡᠨ ᠯᠠᠮᠠ ᠶᠤᠮ᠃ ᠯᠾᠠᠰᠠ ᠶᠢᠨ ᠪᠷᠠᠶᠢᠪᠠᠩ ᠭᠡᠶᠢᠳ ᠲᠤ ᠤᠯᠠᠨ ᠵᠢᠯ ᠰᠠᠭᠤᠵᠤ ᠨᠤᠮ ᠰᠤᠷᠭᠠᠯ ᠦᠢᠯᠡᠳᠦᠭᠡᠳ ᠳᠠᠯᠠᠢ ᠯᠠᠮᠠ ᠠᠴᠠ ᠺᠠᠮᠪᠤ ① ᠴᠤᠯᠠ ᠬᠦᠷᠳᠡᠭᠰᠡᠨ ᠤᠤᠯ ᠤᠨ ᠰᠢᠨᠵᠢᠶᠠᠩ ᠤᠨ ᠬᠤᠪᠤᠬᠰᠠᠶᠢᠷ ᠤᠨ ᠲᠤᠷᠭᠤᠳ ᠬᠤᠪᠢᠯᠭᠠᠨ ᠯᠠᠮᠠ ᠦᠯᠵᠡᠢ ︵ᠦᠵᠤ ᠺᠠᠮᠪᠤ ᠴᠤᠯᠠ ᠲᠠᠢ︶ ᠺᠠᠮᠪᠤ ᠶᠢ ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠪᠠᠶᠢᠯᠠ ᠨᠤᠶᠠᠨ ᠸᠠᠨᠩᠵᠢᠯᠴᠡᠷᠡᠩ ᠲᠦᠪᠡᠳ ᠲᠤ ᠮᠦᠷᠭᠦᠯ ᠭᠢᠬᠦ ᠪᠠᠷ ᠤᠴᠢᠬᠤ ᠳᠠᠭᠠᠨ ᠬᠤᠰᠢᠭᠤ ᠨᠤᠳᠤᠭ ᠲᠠᠭᠠᠨ ᠤᠷᠢᠨ ᠵᠠᠯᠠᠪᠠ᠃ ᠦᠯᠵᠡᠢ ᠺᠠᠮᠪᠤ ᠸᠠᠩᠵᠢᠯᠴᠡᠷᠡᠩ ᠤᠨ ᠤᠷᠢᠯᠭ᠎ᠠ ᠶᠢ ᠬᠦᠯᠢᠶᠡᠵᠤ᠂ ᠡᠵᠡᠨ᠎ᠡ ᠬᠠᠭᠤᠴᠢᠨ ᠲᠤᠷᠭᠤᠳ ᠬᠤᠰᠢᠭᠤᠨ ᠳᠤ ᠢᠷᠡᠵᠤ ᠨᠤᠶᠠᠨ ᠤ ᠰᠢᠳᠦᠯᠭᠡ ᠶᠢᠨ ᠯᠠᠮᠠ ᠪᠤᠯᠪᠠ᠃ ᠰᠠᠶᠢᠰᠢᠶᠠᠯᠳᠤ ᠢᠷᠦᠭᠡᠯᠳᠦ ᠶᠢᠨ ᠠᠷᠪᠠᠨ ᠳᠠᠪᠤᠳᠤᠭᠠᠷ ᠤᠨ ︵1810︶᠎ ᠳᠤ ᠬᠤᠪᠤᠬᠰᠠᠶᠢᠷ ᠠᠴᠠ ᠭᠦᠵᠢᠳᠠᠢ ᠪᠠᠭᠠᠳᠤᠷ᠂ ᠯᠤᠪᠤᠨ ᠵᠢᠭᠮᠢᠳ ᠵᠡᠷᠭᠡ ᠬᠦᠮᠦᠰ ᠦᠵᠤ ᠺᠠᠮᠪᠤ ᠶᠢ ᠬᠤᠪᠤᠬᠰᠠᠶᠢᠷ ᠲᠠᠭᠠᠨ ᠪᠤᠴᠠᠭᠠᠵᠤ ᠵᠠᠯᠠᠬᠤ ᠪᠠᠷ ᠢᠷᠡᠭᠰᠡᠨ ᠳᠤ ᠪᠠᠶᠢᠯᠠ ᠨᠤᠶᠠᠨ ᠲᠦᠨᠳᠤᠪᠴᠡᠷᠡᠩ ᠨᠤᠳᠤᠭ ᠤᠨ ᠬᠢᠨᠢ ᠭᠦᠮᠦᠰ ᠨᠢᠭᠡᠨᠳᠡ ᠢᠷᠡᠭᠰᠡᠨ ᠪᠤᠯᠬᠤᠷ ᠦᠵᠦ ᠺᠠᠮᠪᠤ ᠶᠢᠨ ᠪᠤᠴᠠᠬᠤ ᠶᠢ ᠵᠦᠪᠰᠢᠶᠡᠷᠡᠪᠠ᠃ ᠳᠡᠳᠡ ᠨᠠᠭᠤᠷ ᠤᠨ ᠬᠦᠪᠡᠭᠡᠨ ᠠᠴᠠ ᠮᠤᠷᠳᠠᠭᠠᠳ ᠰᠤᠪᠨᠠᠭᠤᠷ ᠤᠨ ᠭᠦᠪᠡᠭᠡ ᠳᠠᠬᠢ ᠴᠤᠪᠤᠭ᠎ᠠ ᠶᠢᠨ ᠳᠡᠨᠵᠢ ᠭᠡᠳᠡᠭ ᠭᠠᠵᠠᠷ ᠬᠤᠨᠤᠬᠯᠠᠳᠠᠭ ᠰᠦᠨᠢ ᠦᠵᠤ ᠺᠠᠮᠪᠤ ᠭᠡᠨᠡᠳᠳᠡ ᠨᠠᠰᠤᠨ ᠲᠠᠭᠠᠯᠠᠯ ᠪᠤᠯᠵᠡᠢ᠃ ᠬᠠᠪᠤᠷ ᠤᠨ ᠰᠡᠭᠦᠯᠴᠢ ᠵᠤᠨ ᠤ ᠲᠦᠷᠦᠭᠦᠴᠢ ᠶᠢᠨ ᠤᠯᠠᠷᠢᠯ ᠪᠤᠯᠬᠤᠷ ᠲᠤᠬᠠᠢ ᠶᠢᠨ ᠭᠠᠵᠠᠷ ᠲᠤᠨᠢ ᠴᠢᠨᠳᠠᠷ ᠢ ᠨᠢ ᠬᠠᠶᠢᠯᠤᠭᠤᠯᠪᠠ᠃        ᠢᠩᠭᠢᠭᠡᠳ ᠡᠵᠡᠨ᠎ᠡ ᠲᠤᠷᠭᠤᠳ ᠬᠤᠰᠢᠭᠤᠨ ᠤ ᠪᠠᠶᠢᠯᠠ ᠨᠤᠶᠠᠨ ᠠᠴᠠ ᠬᠠᠷᠠᠴᠤ ᠠᠷᠠᠳ ᠬᠦᠷᠳᠡᠯ᠎ᠡ ᠤᠯᠠᠨ ᠬᠦᠮᠦᠨ ᠴᠤᠬᠯᠠᠷᠠᠵᠤ ᠦᠯᠵᠡᠢ ᠺᠠᠮᠪᠤ ᠶᠢᠨ ᠴᠢᠨᠳᠠᠷ ᠢ ᠬᠠᠶᠢᠯᠭᠠᠨ ᠲᠠᠭᠠᠳᠬᠠᠵᠤ ᠪᠠᠶᠢᠳᠠᠯ᠎ᠠ ᠭᠡᠨᠡᠳᠳᠡ ᠭᠠᠯ ᠤᠨ ᠤᠴᠢ ᠦᠰᠦᠷᠦᠨ ᠷᠠᠪᠳᠠᠨᠳᠤᠩᠷᠤᠪᠫᠧᠯᠵᠢ ᠲᠠᠶᠢᠵᠢ ᠶᠢᠨ ᠬᠠᠳᠤᠨ ᠨᠤᠷᠵᠢᠳ ᠤᠨ ᠲᠤᠲᠤᠭᠠᠳᠤ ᠡᠩᠭᠡᠷ ᠢ ᠰᠢᠲᠠᠭᠠᠵᠡᠢ᠃ ᠵᠢᠷᠤᠬᠠᠶᠢᠴᠢ ᠭᠡᠶᠢᠪᠵᠢᠨ ︽ᠤᠳᠤ ᠶᠡᠭᠡ ᠪᠠᠶᠠᠷ ᠲᠠᠢ ᠬᠡᠷᠡᠭ ᠪᠤᠯᠪᠠ᠂ ᠮᠠᠨ ᠤ ᠡᠵᠡᠨ᠎ᠡ ᠬᠤᠰᠢᠭᠤ ᠨᠢᠭᠡ ᠰᠠᠶᠢᠨ ᠭᠡᠭᠡᠨ ᠯᠠᠮᠠ ᠲᠠᠢ ᠪᠤᠯᠪᠠ︾ ᠭᠡᠵᠤ ᠪᠡᠯᠭᠡᠰᠢᠶᠡᠨ ᠢᠷᠦᠭᠡᠬᠦ ᠳᠤ ᠦᠵᠤ ᠺᠠᠮᠪᠤ ᠶᠢ ᠵᠠᠯᠠᠬᠤ ᠪᠠᠷ ᠢᠷᠡᠭᠰᠡᠨ ᠭᠦᠵᠢᠲᠠᠢ ᠪᠠᠭᠠᠳᠤᠷ ︽ᠮᠠᠨ ᠤ ᠦᠵᠦ ᠺᠠᠮᠪᠤ ᠡᠵᠡᠨ᠎ᠡ ᠲᠤᠷᠭᠤᠳ ᠨᠤᠲᠤᠭ ᠲᠤ ᠬᠤᠷᠭᠤᠳᠠᠨ ᠦᠯᠡᠳᠡᠪᠠ︾ ᠭᠡᠵᠤ ᠠᠮᠠᠨ ᠬᠡᠰᠢᠭ ᠬᠠᠶᠢᠷᠠᠯᠠᠬᠰᠠᠨ ᠭᠡᠨ᠎ᠡ᠃ ᠳᠡᠷᠠᠭ᠎ᠠ ᠵᠢᠯ ︵1811 ᠤᠨ︶᠎ ᠳᠤᠨᠢ ᠨᠤᠷᠵᠢᠳ ᠬᠠᠳᠤᠨ ᠠᠴᠠ ᠦᠨᠡᠭᠡᠷ ᠨᠢᠭᠡᠨ ᠬᠦᠪᠡᠬᠦᠨ ᠮᠡᠨᠳᠦᠯᠡᠭᠰᠡᠨ ᠨᠢ ᠭᠡᠯᠡᠭᠴᠤᠬᠳᠠᠨ ︵ᠪᠠᠰᠠ ᠱᠠᠰᠢᠨᠪᠠᠳᠠᠷᠠᠬᠤ ᠴᠦ ᠭᠡᠳᠡᠭ︶ ᠪᠤᠯᠤᠨ᠎ᠠ᠃ ᠭᠡᠯᠡᠭᠴᠤᠬᠳᠠᠨ ᠬᠤᠶᠠᠷ ᠨᠠᠰᠤᠲᠠᠢ ᠳᠠᠭᠠᠨ ᠦᠵᠦ ᠺᠠᠮᠪᠤ ᠯᠠᠮᠠ ᠶᠢᠨ ᠬᠡᠷᠡᠭᠯᠡᠵᠤ ᠪᠠᠶᠢᠬᠰᠠᠨ ᠡᠷᠢᠬᠡ᠂ ᠨᠤᠮ᠂ ᠪᠠᠳᠢᠷ ᠤᠨ ᠠᠶᠠᠭ᠎ᠠ᠂ ᠨᠤᠮᠳᠤ ᠳᠡᠪᠡᠯ ᠵᠡᠷᠭᠡ ᠶᠢ ᠪᠤᠭᠤᠬᠰᠠᠨ ᠸᠠᠳᠠᠩ ᠢ ᠦᠵᠡᠭᠡᠳ ︽ᠳᠡᠷᠡ ᠮᠢᠨᠤ ᠶᠠᠭᠤᠮ᠎ᠠ ᠪᠠᠶᠢᠨ᠎ᠠ︾ ᠭᠡᠮᠡᠨ ᠪᠤᠯᠢᠶᠠᠯᠳᠤᠬᠰᠠᠨ ᠳᠤ ᠡᠴᠢᠭᠡ ᠡᠬᠡ ᠨᠢ ᠭᠠᠶᠢᠬᠠᠨ ᠰᠤᠨᠢᠷᠬᠠᠵᠤ᠂ ᠮᠠᠭᠠᠳ ᠦᠵᠦ ᠺᠠᠮᠪᠤ ᠶᠢᠨ ᠬᠤᠪᠢᠯᠭᠠᠨ ᠭᠡᠵᠤ ᠲᠦᠰᠦᠪᠯᠡᠭᠡᠳ ᠨᠠᠢᠮᠠᠨ ᠨᠠᠰᠤᠳᠠᠢ ᠳᠤᠨᠢ ᠳᠠᠰᠢᠴᠦ᠋ᠢᠯᠢᠩ ᠬᠡᠶᠢᠳ ᠲᠤ ᠰᠠᠬᠢᠯ ᠠᠪᠬᠠᠭᠤᠯᠤᠨ ᠲᠦᠢᠨ ᠪᠤᠯᠭᠠᠵᠤ ᠰᠠᠭᠤᠯᠭᠠᠪᠠ᠃ ᠭᠡᠯᠡᠭᠴᠤᠬᠳᠠᠨ ᠠᠷᠪᠠᠨ ᠭᠤᠷᠪᠠᠳᠠᠢ ᠳᠠᠭᠠᠨ ᠬᠦᠬᠡᠨᠠᠭᠤᠷ ᠮᠤᠵᠢ ᠶᠢᠨ ᠠᠯᠲᠠᠨ ᠬᠡᠶᠢᠳ ︵ᠬᠦᠩ ᠮᠤ᠋ ᠰᠧ︶᠎ ᠲᠤ ᠭᠤᠷᠪᠠᠨ ᠵᠢᠯ ᠨᠤᠮ ᠬᠦᠷᠲᠡᠭᠡᠳ᠂ ᠠᠷᠪᠠᠨ ᠵᠢᠷᠭᠤᠭ᠎ᠠ ᠲᠠᠢ ᠳᠠᠭᠠᠨ ᠯᠾᠠᠰᠠ ᠶᠢᠨ ᠪᠷᠠᠶᠢᠪᠠᠩ ᠤᠨ ᠬᠦᠮᠤᠩ ᠳ᠋ᠠᠴᠠᠩ ②᠎ ᠳᠤ ᠬᠤᠷᠢᠨ ᠲᠦᠷᠪᠡᠨ ᠵᠢᠯ ᠰᠠᠭᠤᠵᠤ᠂ ᠨᠤᠮ ᠤᠨ ᠰᠤᠷᠭᠠᠯ ᠦᠢᠯᠡᠳᠦᠭᠡᠳ ᠯᠾᠠᠷᠠᠮᠪᠠ ᠴᠤᠯᠠ ᠶᠢ ᠬᠠᠮᠠᠭᠠᠯᠠᠪᠠ᠃        1851 ᠤᠨ ᠳᠤ ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠬᠤᠨᠳᠤᠷᠭ᠎ᠠ ᠶᠢᠨ ᠭᠠᠪᠵᠢ ᠭᠡᠳᠡᠭ ᠬᠦᠮᠦᠨ ᠯᠾᠠᠰᠠ ᠳᠤ ᠬᠦᠷᠴᠤ ᠭᠡᠯᠡᠭᠴᠤᠬᠳᠠᠨ ᠯᠾᠠᠷᠠᠮᠪᠠ ᠶᠢ ᠬᠤᠰᠢᠭᠤᠨ ᠳᠠᠭᠠᠨ ᠵᠠᠯᠠᠵᠤ᠂ ᠳᠠᠰᠢᠴᠦ᠋ᠢᠯᠢᠩ ︵ᠦᠯᠵᠡᠶᠢᠬᠤᠳᠤᠬᠳᠤ ᠨᠤᠮ ᠤᠨ ᠰᠦᠮ᠎ᠡ︶ ᠭᠡᠶᠢᠳ ᠤᠨ ᠰᠢᠷᠡᠭᠡᠨ ᠤ ᠯᠠᠮᠠ ᠪᠤᠯᠭᠠᠵᠠᠢ᠃ ᠭᠡᠯᠡᠭᠴᠤᠬᠳᠠᠨ ᠭᠡᠭᠡᠨ ᠢᠶᠠᠷ ᠵᠠᠯᠠᠬᠳᠠᠨ ᠢᠷᠡᠬᠦ ᠦᠶ᠎ᠡ ᠳᠤ ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠯᠠᠮᠠ ᠭᠡᠶᠢᠳ ᠨᠢ ᠪᠦᠬᠡ ᠶᠢᠨ ᠱᠠᠰᠢᠨ ᠢ ᠰᠢᠳᠦᠨ ︽ᠴᠠᠭ ᠤᠨ ᠬᠤᠷᠠᠯ ᠤᠨ ᠲᠦᠷᠢᠮ︾᠎ ᠢ ᠪᠠᠷᠢᠮᠲᠠᠯᠠᠳᠠᠭ ᠪᠠᠶᠢᠪᠠ᠃ ᠭᠡᠯᠡᠭᠴᠤᠬᠳᠠᠨ ᠪᠣᠯ ᠬᠠᠷ᠎ᠠ ᠪᠠᠭ᠎ᠠ ᠠᠴᠠ ᠪᠠᠨ ᠪᠠᠷᠠᠭᠤᠨ ᠲᠦᠪᠡᠳ ᠤᠨ ᠨᠤᠮ ᠤᠨ ᠰᠤᠷᠭᠠᠯ ᠢ ᠬᠦᠷᠳᠡᠭᠰᠡᠨ ᠪᠤᠯᠬᠤᠷ ᠰᠢᠷ᠎ᠠ ᠶᠢᠨ ᠱᠠᠰᠢᠨ ᠢ ᠳᠡᠯᠭᠡᠷᠡᠭᠦᠯᠤᠨ ︽ᠮᠦᠩᠭᠡ ᠬᠤᠷᠠᠯ ᠤᠨ ᠲᠦᠷᠢᠮ︾᠎ ᠢ ᠬᠡᠷᠡᠭᠵᠢᠭᠦᠯᠵᠦ᠂ ᠴᠠᠭ ᠲᠦᠷᠦ ᠶᠢᠨ ᠦᠭᠡᠷᠡᠴᠢᠯᠡᠯᠳᠡ ᠬᠢᠬᠦ ᠶᠢ ᠵᠤᠷᠢᠪᠠ᠃ ᠭᠡᠪᠡᠴᠤ ᠠᠯᠢ ᠴᠦ ᠴᠠᠭ ᠲᠦᠷᠦ ᠳᠤ ᠭᠡᠳ ᠦᠭᠡᠷᠡᠴᠢᠯᠡᠯᠳᠡ ᠡᠭᠦᠳᠦᠯᠳᠡ ᠨᠢ ᠵᠤᠭᠢᠬᠤ ᠤᠷᠴᠢᠨ ᠲᠤᠭᠤᠷᠢᠨ᠂ ᠴᠠᠭ ᠦᠶ᠎ᠡ ᠶᠢᠨ ᠡᠰᠡᠷᠭᠦᠴᠡᠯ᠂ ᠦᠢᠮᠡᠭᠡᠨ ᠳᠡᠪᠴᠢᠶᠡᠨ᠂ ᠰᠠᠭᠠᠳ ᠬᠠᠷᠰᠢ ᠳᠤ ᠤᠴᠠᠷᠠᠳᠠᠭ ᠨᠢ ᠵᠠᠶᠢᠯᠠᠰᠢ ᠦᠭᠡᠢ ᠭᠡᠳᠡᠭ ᠢ ᠳᠡᠦᠭᠡᠨ ᠪᠤᠳᠡᠳᠤ ᠶᠠᠪᠤᠳᠠᠯ ᠮᠠᠨ ᠳᠤ ᠭᠡᠷᠡᠴᠢᠯᠡᠭᠰᠡᠨ ᠪᠠᠶᠢᠳᠠᠭ᠃ 1852 ᠤᠨ ᠳᠤ ᠭᠡᠯᠡᠭᠴᠤᠬᠳᠠᠨ ᠤ ︽ᠮᠦᠩᠭᠡ ᠬᠤᠷᠠᠯ ᠤᠨ ᠲᠦᠷᠢᠮ︾᠎ ᠢ ᠡᠰᠡᠷᠭᠦᠴᠡᠭᠰᠡᠨ ︽ᠵᠢᠷᠠᠨ ᠯᠠᠮᠠ ᠶᠢᠨ ᠪᠤᠰᠤᠯᠭ᠎ᠠ︾ ᠭᠠᠷᠴᠤ 1881 ᠤᠨ ᠬᠦᠷᠳᠡᠯ᠎ᠡ ᠦᠷᠭᠦᠯᠵᠢᠯᠡᠵᠡᠢ᠃      1869 — 1876 ᠤᠨ ᠤ ᠬᠤᠭᠤᠷᠤᠨᠳᠤ ᠮᠠ ᠬᠤᠸᠠ ᠯᠦᠩ ᠤᠨ ᠬᠤᠲᠤᠩ ᠳᠡᠭᠡᠷᠡᠮᠴᠢᠳ ᠨᠠᠢᠮᠠᠨ ᠵᠢᠯ ᠵᠠᠯᠭᠠᠭ᠎ᠠ ᠪᠠᠷ ᠡᠵᠡᠨ᠎ᠡ ᠬᠤᠰᠢᠭᠤ ᠶᠢ ᠲᠤᠨᠤᠨ ᠳᠡᠭᠡᠷᠡᠮᠳᠡᠵᠤ ᠳᠠᠯᠬᠢᠳᠠᠨ ᠡᠵᠡᠷᠬᠡᠵᠤ᠂ ᠪᠠᠶᠢᠯᠠ ᠨᠤᠶᠠᠨ ᠳᠠᠰᠢᠴᠡᠷᠡᠩ ᠢᠶᠠᠷ ᠳᠡᠷᠢᠭᠦᠯᠡᠭᠦᠯᠦᠭᠰᠡᠨ ᠠᠷᠠᠳ ᠢᠷᠭᠡᠳ ᠢ 500 ᠭᠠᠷᠤᠢ ᠠᠯᠠᠨ ᠬᠢᠳᠤᠵᠤ᠂ ᠰᠦᠮ᠎ᠡ ᠭᠡᠶᠢᠳ ᠢ ᠪᠠᠯᠪᠠᠴᠢᠨ ᠬᠤᠰᠢᠭᠤ ᠳᠠᠮᠠᠭᠠᠨ ᠭᠠᠵᠠᠷ ᠤᠨ ᠳᠠᠩᠰᠠ ᠡᠪᠬᠢᠮᠡᠯ᠂ ᠪᠢᠴᠢᠭ ᠬᠠᠷ᠎ᠠ ᠶᠢ ᠰᠢᠲᠠᠭᠠᠨ ᠲᠦᠢᠮᠡᠷᠳᠡᠭᠰᠡᠨ ᠬᠠᠷᠠᠰᠠᠯᠲᠠᠢ ᠬᠡᠷᠡᠭ ᠢ ᠡᠭᠦᠰᠭᠡᠪᠡ᠃ ᠳᠡᠰᠪᠦᠷᠢᠯᠡᠬᠦᠶ᠎ᠡ ᠪᠡᠷᠬᠡ ᠪᠤᠯᠤᠬᠰᠠᠨ ᠳᠠᠶᠢᠨ ᠳᠠᠵᠢᠨ᠂ ᠦᠢᠮᠡᠭᠡᠨ ᠳᠡᠪᠵᠢᠶᠡᠨ ᠤ ᠬᠦᠯ ᠠᠴᠠ ᠲᠦᠷ ᠵᠠᠶᠢᠯᠠᠵᠤ ᠭᠡᠯᠡᠭᠴᠤᠬᠳᠠᠨ ᠬᠡᠰᠡᠭ ᠱᠠᠪᠢ ᠨᠠᠷ ᠢᠶᠠᠨ ᠳᠠᠭᠠᠭᠤᠯᠵᠤ᠂ ᠱᠠᠨ ᠰᠢ ᠮᠤᠵᠢ ᠶᠢᠨ ᠤᠲᠠᠢ ᠭᠡᠶᠢᠳ ᠪᠤᠯᠤᠨ ᠪᠠᠭᠠᠷᠢᠨ ᠪᠠᠷᠠᠭᠤᠨ ᠬᠤᠰᠢᠭᠤᠨ ᠤ ᠭᠢᠯᠦᠪᠡᠷ ᠵᠤᠤ ᠭᠡᠶᠢᠳ ᠢᠶᠠᠷ ᠲᠤᠯᠤᠭᠠᠨ ᠵᠢᠯ ᠰᠠᠭᠤᠵᠤ᠂ ᠪᠠᠷᠰ ᠵᠢᠯ ︵1877 ᠤᠨ︶᠎ ᠤᠨ ᠠᠲᠠᠭ ᠢᠶᠠᠷ ᠰᠢᠯᠢ ᠶᠢᠨ ᠭᠤᠤᠯ ᠤᠨ ᠰᠢᠯᠤᠭᠤᠨ ᠬᠦᠬᠡ ᠬᠤᠰᠢᠭᠤ ᠪᠠᠷ ᠳᠠᠮᠵᠢᠨ ᠳᠠᠰᠢᠴᠦ᠋ᠢᠯᠢᠩ ᠰᠦᠮ᠎ᠡ ᠳᠡᠭᠡᠨ ᠪᠤᠴᠠᠨ ᠢᠷᠡᠵᠤ ᠰᠦᠮ᠎ᠡ ᠬᠡᠶᠢᠳ ᠢᠶᠠᠨ ᠰᠡᠯᠪᠡᠨ ᠵᠠᠰᠠᠵᠤ᠂ ᠬᠤᠷᠠᠯ ᠨᠤᠮ ᠤᠨ ᠦᠢᠯᠡᠰ ᠢᠶᠠᠨ ᠰᠡᠷᠭᠦᠭᠡᠨ ᠦᠷᠭᠦᠯᠵᠢᠯᠡᠬᠦᠯᠪᠡ᠃ ᠪᠠᠳᠠᠷᠠᠭᠤᠯᠳᠤ ᠲᠦᠷᠦ ᠶᠢᠨ ᠲᠤᠯᠤᠳᠤᠭᠠᠷ ᠤᠨ ︵1881 ᠤᠨ︶ ᠎ ᠳᠤ ᠳᠠᠰᠢᠴᠦ᠋ᠢᠯᠢᠩ ᠰᠦᠮ᠎ᠡ ᠶᠢᠨ ᠬᠡᠰᠡᠭ ᠯᠠᠮᠠ ᠨᠠᠷ ᠳᠡᠬᠢᠨ ︽ᠮᠦᠩᠭᠡ ᠬᠤᠷᠠᠯ ᠤᠨ ᠲᠦᠷᠢᠮ︾᠎ ᠢ ᠡᠰᠡᠷᠭᠦᠴᠡᠨ ︽ᠭᠡᠯᠡᠭᠴᠤᠬᠳᠠᠨ ᠢ ᠴᠤᠬᠢᠵᠤ ᠠᠯᠠᠨ᠎ᠠ︾ ᠭᠡᠮᠡᠨ ᠰᠢᠬᠠᠮᠳᠠᠭᠤᠯᠤᠨ ᠰᠦᠷᠳᠡᠭᠦᠯᠦᠭᠰᠡᠨ ᠠᠴᠠ ᠳᠡᠷᠡ ᠠᠷᠭ᠎ᠠ ᠪᠤᠰᠤ ᠦᠪᠡᠷ ᠤᠨ ᠬᠠᠮᠤᠭ ᠤᠨ ᠢᠳᠡᠭᠡᠯ ᠲᠠᠢ ᠲᠤᠯᠤᠭᠠᠨ ᠱᠠᠪᠢ ᠪᠠᠨ ᠳᠠᠭᠠᠭᠤᠯᠤᠨ ᠳᠠᠰᠢᠴᠦ᠋ᠢᠯᠢᠩ ᠰᠦᠮ᠎ᠡ ᠠᠴᠠ ᠰᠠᠯᠵᠤ ᠂ ᠪᠠᠳᠠᠷᠠᠭᠤᠯᠲᠤ ᠲᠦᠷᠦ ᠶᠢᠨ ᠨᠠᠢᠮᠠᠳᠤᠭᠠᠷ ᠤᠨ ︵1882 ᠤᠨ︶᠎ ᠳᠤ ᠡᠵᠡᠨ᠎ᠡ ᠬᠤᠰᠢᠭᠤᠨ ᠤ ᠡᠬᠢᠨ ᠵᠢᠭᠳᠡ ᠶᠢᠨ ᠰᠠᠶᠢᠷ ᠭᠡᠳᠡᠭ ᠭᠠᠵᠠᠷ ᠵᠠᠩᠴᠤᠪᠨᠠᠮᠳᠠᠯᠢᠩ ᠰᠦᠮ᠎ᠡ ᠶᠢ ᠪᠠᠶᠢᠭᠤᠯᠤᠨ ︽ᠮᠦᠩᠭᠡ ᠬᠤᠷᠠᠯ ᠤᠨ ᠲᠦᠷᠢᠮ︾᠎ ᠢᠶᠠᠨ ᠦᠷᠭᠦᠯᠵᠢᠯᠡᠨ ᠬᠤᠰᠢᠭᠤ ᠳᠠᠶᠠᠭᠠᠷ ᠲᠤ ᠬᠡᠷᠡᠭᠵᠢᠭᠦᠯᠵᠤ᠂ ᠪᠦᠭᠡ ᠶᠢᠨ ᠱᠠᠰᠢᠨ ᠪᠤᠯᠤᠨ ︽ᠴᠠᠭ ᠤᠨ ᠬᠤᠷᠠᠯ ᠤᠨ ᠲᠦᠷᠢᠮ︾᠎ ᠢ ᠠᠯᠬᠤᠮ ᠠᠯᠬᠤᠮ ᠢᠶᠠᠷ ᠦᠬᠡᠶᠢᠰᠭᠡᠪᠡ᠃ ᠬᠠᠷᠠᠮᠰᠡᠯ ᠲᠠᠢ ᠨᠢ ︽ᠡᠵᠡᠢ ᠯᠠᠮᠠ︾ ᠭᠡᠯᠡᠭᠴᠤᠬᠳᠠᠨ ᠵᠠᠩᠴᠤᠪᠨᠠᠮᠲᠠᠯᠢᠩ ᠰᠦᠮ᠎ᠡ ᠳᠡᠭᠡᠨ ᠨᠠᠢᠮᠠᠬᠠᠨ ᠵᠢᠯ ᠰᠠᠭᠠᠳᠠᠵᠤ ᠪᠠᠷᠰ ᠵᠢᠯ ︵1889 ᠤᠨ︶᠎ ᠳᠤ ᠨᠠᠰᠤᠨ ᠲᠠᠭᠠᠯᠠᠯ ᠪᠤᠯᠵᠡᠢ᠃        ︽ᠡᠵᠡᠢ ᠯᠠᠮᠠ︾ ᠭᠡᠯᠡᠭᠴᠤᠬᠳᠠᠨ ᠤ ︽ᠦᠨᠡᠨ ᠰᠦᠵᠢᠭᠳᠦ ᠬᠠᠭᠤᠴᠢᠨ ᠲᠤᠷᠭᠤᠳ ᠬᠢᠭᠡᠳ ᠴᠢᠩ ᠰᠡᠳᠬᠢᠯᠳᠦ ᠰᠢᠨ᠎ᠡ ᠲᠤᠷᠭᠤᠳ ᠤᠳ ᠤᠨ ᠬᠠᠭᠠᠳ ᠨᠤᠶᠠᠳ ᠤᠨ ᠢᠯᠡᠳᠭᠡᠯ ᠳᠡᠦᠬᠡ ᠶᠢᠨ ᠪᠢᠴᠢᠭ︾᠎ ᠢ ᠨᠠᠷᠢᠪᠴᠢᠯᠠᠨ ᠤᠩᠰᠢᠵᠤ ᠰᠢᠨᠵᠢᠪᠡᠯ᠂ ᠤᠳᠤ ᠠᠴᠠ ᠭᠡᠳᠦᠨ ᠵᠠᠭᠤᠨ ᠵᠢᠯ ᠤᠨ ᠡᠮᠦᠨᠡᠬᠢ ᠳᠡᠦᠬᠡᠨ ᠴᠠᠭ ᠦᠶ᠎ᠡ ᠳᠤ ᠬᠦᠮᠦᠨ ᠬᠦᠮᠦᠨ ᠤ ᠬᠤᠭᠤᠷᠤᠨᠳᠤ᠂ ᠬᠦᠮᠦᠨ᠂ ᠪᠠᠶᠢᠭᠠᠯᠢ᠂ ᠠᠮᠢᠲᠠᠨ ᠠᠬᠤᠢ ᠶᠢᠨ ᠬᠤᠭᠤᠷᠤᠨᠳᠤ ᠡᠶ᠎ᠡ ᠵᠤᠬᠢᠴᠠᠯ ᠲᠠᠢ᠂ ᠡᠪ ᠨᠢᠭᠡᠳᠦᠯ ᠲᠠᠢ ᠪᠠᠶᠢᠬᠤ ᠶᠢ ᠰᠡᠩᠬᠡᠷᠡᠭᠦᠯᠦᠨ ᠤᠬᠠᠭᠠᠷᠠᠭᠤᠯᠵᠤ ᠪᠢᠴᠢᠭᠰᠡᠨ ᠨᠢ ᠦᠨᠡᠭᠡᠷ ᠠᠤᠭ᠎ᠠ ᠶᠡᠭᠡ ᠰᠢᠨ᠎ᠡ ᠰᠡᠳᠬᠢᠮᠵᠢ᠂ ᠰᠢᠨ᠎ᠡ ᠤᠬᠠᠮᠰᠠᠷ ᠪᠤᠯᠬᠤ ᠨᠢ ᠳᠠᠮᠵᠢᠭ ᠦᠭᠡᠢ ᠶᠤᠮ᠃        1. ᠭᠡᠯᠡᠭᠴᠤᠬᠳᠠᠨ ᠨᠤᠮ ᠳᠠᠭᠠᠨ ︽ᠤᠷᠳᠦ ᠴᠠᠭ ᠲᠤ ᠺᠠᠰᠢ ︵ᠺᠠᠮᠱᠢᠷ︶᠎ ᠶᠢᠨ ᠤᠷᠤᠨ ᠳᠤ ᠢᠲᠠᠭᠤᠨ᠂ ᠳᠠᠦᠯᠠᠢ᠂ ᠪᠡᠴᠢᠨ ︵ᠰᠠᠷᠮᠠᠬᠴᠢᠨ︶᠂ ᠵᠠᠭᠠᠨ ᠢᠵᠠᠭᠤᠷ ᠤᠨᠳᠤᠤ ᠲᠦᠷᠪᠡᠨ ᠠᠮᠢᠳᠠᠨ ᠬᠠᠮᠳᠤ ᠤᠷᠤᠰᠢᠵᠤ ᠠᠬ᠎ᠠ ᠳᠡᠬᠦᠦ ᠪᠠᠨ ᠲᠤᠭᠠᠯᠠᠯᠴᠠᠵᠤ᠂ ᠠᠬ᠎ᠠ ᠪᠠᠨ ᠬᠦᠨᠳᠦᠯᠡᠵᠤ᠂ ᠠᠷᠪᠠᠨ ᠬᠠᠷ᠎ᠠ ᠨᠢᠬᠦᠯ ᠢ ᠳᠡᠪᠴᠢᠵᠤ ᠪᠠᠶᠢᠬᠰᠠᠨ ᠦᠯᠵᠡᠢ ᠪᠠᠷ ᠳᠡᠷᠡ ᠤᠷᠤᠨ ᠤ ᠬᠠᠭᠠᠨ ᠳᠡᠷᠢᠬᠦᠯᠡᠨ ᠬᠠᠮᠤᠭ ᠢᠶᠠᠷ ᠡᠩᠬᠡ ᠠᠮᠤᠷ ᠪᠠᠶᠠᠨ ᠵᠢᠷᠭᠠᠯ ᠠᠭᠤᠤ ᠶᠡᠭᠡ ᠳᠡᠯᠭᠡᠷᠡᠭᠰᠡᠨ ᠭᠡᠮᠡᠨ ᠪᠤᠷᠬᠠᠨ ᠤ ᠰᠠᠶᠢᠨ ᠵᠠᠷᠯᠢᠭ ᠠᠴᠠ ᠭᠠᠷᠤᠬᠰᠠᠨ︾ ᠭᠡᠮᠡᠨ ᠵᠤᠷᠪᠤᠰᠯᠠᠨ ᠳᠡᠮᠳᠡᠭᠯᠡᠬᠦ ᠶᠢᠨ ᠳᠠᠭᠠᠤ ᠨᠤᠮ ᠤᠨ ᠢᠶᠠᠨ ᠡᠮᠦᠨ᠎ᠡ ᠳᠠᠯ᠎ᠠ ᠳᠤ ᠢᠵᠠᠭᠤᠷ ᠤᠨᠳᠤᠤ ᠲᠦᠷᠪᠡᠨ ᠠᠮᠢᠲᠠᠨ ᠤ ᠵᠢᠷᠤᠭ ᠢ ᠵᠢᠷᠤᠵᠤ ᠬᠠᠳᠠᠬᠰᠠᠨ ᠠᠴᠠ ᠠᠵᠢᠬᠤ ᠳᠤ ᠬᠦᠮᠦᠨ ᠠᠮᠢᠳᠠᠨ᠂ ᠡᠬᠡ ᠪᠠᠶᠢᠭᠠᠯᠢ᠂ ᠠᠮᠢ ᠠᠬᠤᠢ ᠬᠠᠷᠢᠯᠴᠠᠨ ᠡᠶ᠎ᠡ ᠵᠤᠬᠢᠴᠠᠯ ᠲᠠᠢ ᠪᠠᠶᠢᠮᠠᠨᠵᠢᠨ ᠰᠠᠶ᠋ᠢ ᠰᠠᠶᠢᠨ ᠰᠠᠶᠢᠬᠠᠨ ᠦᠢᠯᠡ ᠬᠡᠷᠡᠭ ᠪᠠ ᠶᠡᠭᠡ ᠦᠢᠯᠡᠰ ᠢ ᠪᠦᠳᠦᠭᠡᠵᠤ ᠴᠢᠳᠠᠨ᠎ᠠ ᠭᠡᠰᠡᠨ ᠳᠠᠯᠳᠠ ᠤᠳᠬ᠎ᠠ ᠰᠠᠨᠠᠭ᠎ᠠ ᠶᠢ ᠲᠤᠰᠬᠠᠬᠰᠠᠨ ᠪᠠᠶᠢᠨ᠎ᠠ᠃ ︽ᠡᠪᠳᠦ ᠲᠦᠷᠪᠡᠨ ᠠᠮᠢᠲᠠᠨ︾᠎ ᠤ ᠵᠢᠷᠤᠭ ᠢ ᠤᠳᠤ ᠭᠡᠳ ᠡᠵᠡᠨ᠎ᠡ ᠬᠤᠰᠢᠭᠤᠨ ᠤ ᠳᠠᠰᠢᠴᠦ᠋ᠢᠯᠢᠩ ᠰᠦᠮ᠎ᠡ ᠶᠢᠨ ᠭᠤᠤᠯ ᠲᠤᠭᠠᠩ ᠤᠨ ᠭᠤᠤᠯ ᠡᠭᠦᠳᠡᠨ ᠤ ᠪᠠᠷᠠᠭᠤᠨ ᠬᠠᠵᠠᠭᠤ ᠶᠢᠨ ᠬᠡᠷᠡᠮ ᠳᠡᠭᠡᠷ᠎ᠡ ᠵᠢᠷᠤᠬᠰᠠᠨ ᠪᠠᠶᠢᠳᠠᠭ᠃        2. ᠭᠡᠯᠡᠭᠴᠤᠬᠳᠠᠨ ︽ᠢᠯᠡᠳᠭᠡᠯ ᠳᠡᠦᠭᠡ ᠶᠢᠨ ᠪᠢᠴᠢᠭ︾᠎ ᠢᠶᠠᠨ ᠪᠢᠴᠢᠵᠤ ᠪᠠᠶᠢᠬᠰᠠᠨ ᠳᠡᠦᠬᠡᠨ ᠴᠠᠭ ᠦᠶ᠎ᠡ ᠳᠤ ᠡᠵᠡᠨ᠎ᠡ ᠬᠠᠭᠤᠴᠢᠨ ᠲᠤᠷᠭᠤᠳ ᠬᠤᠰᠢᠭᠤ ᠭᠠᠳᠠᠭᠠᠳᠤ ᠳᠠᠭᠠᠨ ᠲᠤᠨᠤᠭ᠎ᠠ ᠳᠡᠭᠡᠷᠡᠮᠳᠡᠯ ᠳᠤ ᠤᠴᠠᠷᠠᠵᠤ᠂ ᠲᠤᠳᠤᠭᠠᠳᠤ ᠳᠠᠭᠠᠨ ᠨᠤᠶᠠᠳ ᠠᠯᠪᠠᠳᠤ ᠶᠢᠨ ᠬᠤᠭᠤᠷᠤᠨᠳᠦᠬᠢ᠂ ᠬᠠᠷ᠎ᠠ ᠰᠢᠷ᠎ᠠ ᠶᠢᠨ ᠬᠤᠭᠤᠷᠤᠨᠳᠤᠬᠢ᠂ ᠪᠦᠭᠡ ᠶᠢᠨ ᠱᠠᠰᠢᠨ ᠪᠤᠯᠤᠨ ᠰᠢᠷ᠎ᠠ ᠶᠢᠨ ᠱᠠᠰᠢᠨ ᠤ ᠬᠤᠭᠤᠷᠤᠨᠳᠤᠬᠢ ᠵᠦᠷᠢᠴᠡᠯ ᠮᠦᠷᠭᠦᠯᠳᠦᠭᠡᠨ ᠳᠤ ᠲᠤᠯᠭᠠᠷᠠᠵᠤ᠂ ᠬᠢᠮᠦᠷᠠᠯ ᠡᠳᠦᠷ ᠠᠴᠠ ᠡᠳᠦᠷ ᠬᠤᠷᠴᠠᠳᠤᠨ ᠪᠡᠯᠴᠢᠭᠡᠷ ᠨᠤᠳᠤᠭ ᠢᠶᠠᠨ ᠲᠦᠷᠢᠶᠡᠰᠦᠯᠡᠨ ᠬᠤᠳᠠᠯᠳᠤᠬᠤ ᠵᠡᠷᠭᠡ ᠢᠯᠵᠠᠷᠡᠯ ᠲᠤᠷᠦ᠋ᠢᠳᠠᠯ ᠴᠦ ᠰᠤᠶᠤᠭᠠᠯᠠᠵᠤ ᠪᠠᠶᠢᠪᠠ᠃ ᠭᠡᠯᠡᠭᠴᠤᠬᠳᠠᠨ ︽ᠢᠯᠡᠳᠭᠡᠯ ᠳᠡᠦᠬᠡ ᠶᠢᠨ ᠪᠢᠴᠢᠭ︾᠎ ᠲᠡᠭᠡᠨ ᠡᠳᠡᠭᠡᠷ ᠵᠦᠷᠢᠴᠡᠯ ᠮᠦᠷᠭᠦᠯᠳᠦᠭᠡᠨ᠂ ᠲᠦᠪ ᠪᠤᠰᠤ ᠵᠦᠢᠯ ᠤᠨ ᠭᠡᠮ ᠠᠷᠬᠠᠭ ᠢ ᠤᠯᠠᠨ ᠳᠤ ᠰᠡᠷᠡᠮᠵᠢᠯᠡᠭᠦᠯᠤᠨ ᠠᠰᠢᠭ ᠲᠤᠰᠠ ᠪᠠᠨ ᠬᠠᠮᠳᠤ ᠪᠠᠷ ᠬᠠᠮᠠᠭᠠᠯᠠᠬᠤ ᠶᠢᠨ ᠴᠢᠬᠤᠯᠠ ᠶᠢ ᠳᠠᠮ ᠢᠶᠠᠷ ᠤᠬᠠᠭᠤᠯᠵᠤ᠂ ᠵᠦᠷᠢᠴᠡᠯ ᠮᠦᠷᠭᠦᠯᠳᠦᠬᠡᠨ ᠢᠶᠠᠨ ᠨᠠᠮᠳᠠᠭᠤᠯᠤᠨ ᠡᠪ ᠪᠦᠯᠬᠦᠮᠳᠡᠯ ᠢᠶᠠᠨ ᠴᠢᠩᠭᠠᠳᠬᠠᠵᠤ᠂ ᠲᠦᠷᠦ ᠱᠠᠰᠢᠨ ᠤ ᠦᠢᠯᠡᠰ ᠢ ᠬᠠᠮᠠᠭᠠᠯᠠᠨ ᠪᠠᠳᠤᠳᠬᠠᠬᠤ ᠶᠢ ᠴᠢᠬᠤᠯᠠᠴᠢᠯᠠᠬᠰᠠᠨ ᠪᠠᠶᠢᠨ᠎ᠠ᠃ ᠳᠡᠷᠡ᠄ ︽ᠲᠤᠰ ᠨᠤᠮ ᠢ ᠡᠨᠡ ᠮᠡᠳᠦ ᠪᠢᠴᠢᠭᠰᠡᠨ ᠠᠨᠤ ᠶᠡᠷᠦ ᠶᠢᠨ ᠠᠮᠢᠲᠠᠨ ᠤ ᠨᠠᠰᠤ ᠪᠠ ᠬᠤᠶᠢᠲᠤ ᠲᠦᠷᠦᠯ ᠤᠨ ᠠᠮᠤᠭᠤᠯᠠᠩ ᠵᠢᠷᠭᠠᠯ ᠦᠯᠵᠡᠢ ᠬᠤᠳᠤᠭ ᠳᠡᠯᠭᠡᠷᠡᠭᠴᠢ ᠪᠦᠭᠦᠳᠡ ᠰᠡᠳᠬᠢᠯ ᠵᠤᠬᠢᠯᠳᠤᠵᠤ ᠨᠤᠮ ᠭᠢᠭᠡᠳ ᠲᠦᠷᠦ ᠶᠢᠨ ᠶᠤᠰᠤᠨ ᠬᠤᠶᠠᠷ ᠭᠡᠵᠢᠶᠡᠳᠡ ᠳᠠᠭᠠᠵᠤ ᠶᠠᠪᠤᠬᠰᠠᠨ ᠠᠴᠠ ᠪᠤᠯᠬᠤ᠃ ᠰᠡᠳᠬᠢᠯ ᠡᠰᠡ ᠵᠤᠬᠢᠯᠳᠤᠬᠰᠠᠨ ᠢᠶᠠᠷ ᠡᠪᠳᠡᠷᠡᠯ ᠳᠡᠮᠡᠴᠡᠯ ᠪᠤᠯᠵᠤ ᠪᠤᠷᠬᠠᠨ ᠤ ᠱᠠᠰᠢᠨ ᠭᠢᠭᠡᠳ ᠬᠠᠭᠠᠨ ᠲᠦᠷᠦ ᠡᠪᠳᠡᠷᠡᠵᠤ ᠪᠠᠶᠢᠳᠠᠭ ᠲᠤᠯᠠ ᠰᠡᠳᠬᠢᠯ ᠵᠤᠬᠢᠯᠳᠤᠬᠤᠶ᠎ᠠ ᠭᠡᠷᠡᠭᠳᠠᠢ︾ ᠭᠡᠵᠤ ᠪᠢᠴᠢᠭᠰᠡᠨ ᠪᠦᠭᠡᠳ ︽ᠢᠵᠠᠭᠤᠷ ᠠᠳᠠᠯᠢ ᠪᠤᠰᠤ ᠠᠳᠤᠭᠤᠰᠤᠨ ᠳᠡᠷᠡ ᠮᠡᠳᠦ ᠪᠤᠯᠬᠤ ᠪᠦᠭᠡᠰᠦ ᠢᠵᠠᠭᠤᠷ ᠨᠢᠭᠡᠳᠠᠢ ᠠᠬ᠎ᠠ ᠳᠡᠬᠦᠦ ᠬᠦᠮᠦᠨ ᠪᠠ ᠨᠤᠶᠠᠳ ᠰᠡᠳᠬᠢᠯ ᠵᠤᠬᠢᠯᠳᠤᠬᠤᠯ᠎ᠠ ᠶᠠᠭᠤᠨ ᠦᠬᠦᠯᠡᠬᠦ ᠪᠤᠢ︾ ᠭᠡᠵᠤ ᠳᠡᠮᠳᠡᠭᠯᠡᠨ᠂ ᠬᠦᠮᠦᠨ ᠨᠡᠶᠢᠬᠡᠮ ᠨᠢ ᠭᠠᠭᠴᠠ ᠬᠦ ᠪᠦᠬᠦ ᠳᠠᠯ᠎ᠠ ᠪᠠᠷ ᠬᠠᠷᠢᠯᠴᠠᠨ ᠡᠶ᠎ᠡ ᠵᠤᠬᠢᠴᠠᠯᠳᠤᠵᠤ᠂ ᠠᠯᠢᠪᠠ ᠵᠦᠷᠢᠴᠡᠯ ᠬᠢᠮᠦᠷᠡᠯ᠂ ᠳᠠᠶᠢᠨ ᠳᠠᠵᠢᠨ ᠢ ᠳᠡᠪᠴᠢᠨ᠂ ᠡᠪ ᠨᠠᠶᠢᠷᠠᠮᠳᠠᠭᠤ ᠪᠠᠶᠢᠵᠤ ᠴᠢᠳᠠᠪᠠᠯ ᠶᠢᠷᠳᠢᠨᠴᠤ ᠶᠢᠨ ᠶᠡᠭᠡ ᠤᠷᠤᠨ ᠵᠠᠢ ᠳᠤ ᠪᠦᠭᠦᠳᠡᠭᠡᠷ ᠤᠷᠤᠰᠢᠨ ᠲᠤᠬᠳᠠᠨᠢᠵᠤ ᠴᠢᠳᠠᠨ᠎ᠠ ᠭᠡᠳᠡᠭ ᠢ ᠲᠠᠨᠢᠭᠤᠯᠬᠤ ᠶᠢᠨ ᠬᠠᠮᠳᠤ᠂ ᠬᠦᠮᠤᠨ ᠬᠦᠮᠦᠨ ᠲᠠᠢ ᠪᠠᠨ ᠬᠠᠷᠢᠯᠴᠠᠨ ᠡᠶ᠎ᠡ ᠨᠠᠶᠢᠷᠠᠮᠳᠠᠭᠤ᠂ ᠬᠦᠮᠦᠨ ᠠᠮᠢᠳᠠᠨ᠂ ᠡᠬᠡ ᠪᠠᠶᠢᠭᠠᠯᠢ ᠬᠠᠷᠢᠯᠴᠠᠨ ᠡᠪ ᠵᠤᠬᠢᠴᠠᠯ ᠲᠠᠢ ᠪᠠᠶᠢᠬᠤ ᠶᠢ ᠴᠢᠬᠤᠯᠠᠴᠢᠯᠠᠵᠡᠢ᠃ ᠡᠨᠡ ᠬᠦ ᠰᠤᠷᠳᠠᠯ ᠤᠬᠠᠭᠤᠯᠭ᠎ᠠ ᠨᠢ ᠤᠳᠤ ᠶᠢᠨ ᠡᠶ᠎ᠡ ᠵᠤᠬᠢᠴᠠᠯᠳᠤ ᠨᠡᠶᠢᠭᠡᠮ ᠵᠢᠷᠤᠮᠳᠤ ᠨᠡᠶᠢᠬᠡᠮ ᠢ ᠪᠦᠬᠦ ᠳᠠᠯ᠎ᠠ ᠪᠠᠷ ᠪᠠᠶᠢᠭᠤᠯᠬᠤ ᠴᠠᠭ ᠦᠶ᠎ᠡ ᠶᠢᠨ ᠭᠦᠭᠵᠢᠯᠳᠡ ᠶᠢᠨ ᠠᠶᠢᠵᠠᠮ ᠴᠤᠬᠢᠯᠭ᠎ᠠ ᠲᠠᠢ ᠶᠠᠭ ᠰᠠᠶᠢᠬᠠᠨ ᠬᠦᠭ ᠠᠶᠠᠯᠭᠤ ᠨᠠᠶᠢᠯᠡᠭᠰᠡᠨ ᠪᠠᠶᠢᠨ᠎ᠠ᠃        3. ᠭᠡᠯᠡᠭᠴᠤᠬᠳᠠᠨ ︽ᠢᠯᠡᠳᠭᠡᠯ ᠳᠡᠦᠭᠡ ᠶᠢᠨ ᠪᠢᠴᠢᠭ︾᠎ ᠲᠡᠭᠡᠨ ᠭᠦᠮᠦᠨᠴᠢᠯᠡᠯ ᠪᠠ ᠪᠡᠯᠭᠡᠳᠡᠯ ᠤᠨ ᠠᠷᠭ᠎ᠠ ᠶᠢ ᠴᠢᠳᠠᠮᠠᠭᠠᠢ ᠤᠶᠠᠯᠳᠤᠭᠤᠯᠤᠬᠰᠠᠨ᠃ ᠳᠡᠷᠡ ᠵᠠᠭᠠᠨ᠂ ᠰᠠᠷᠮᠠᠬᠴᠢᠨ᠂ ᠳᠡᠦᠯᠠᠢ᠂ ᠢᠲᠠᠭᠤ ᠵᠡᠷᠭᠡ ︽ᠡᠪᠳᠦ ᠲᠦᠷᠪᠡᠨ ᠠᠮᠢᠳᠠᠨ︾᠎ ᠢ ᠬᠦᠮᠦᠨ ᠮᠡᠳᠦ ᠶᠢᠨ ᠰᠡᠳᠬᠢᠴᠡ ᠲᠠᠢ᠂ ᠪᠤᠯᠪᠠᠰᠤᠨ ᠰᠠᠶᠢᠬᠠᠨ ᠦᠢᠯᠡ ᠬᠦᠳᠡᠯᠭᠡᠭᠡᠨ᠂ ᠦᠭᠡ ᠠᠶᠠᠯᠠᠭᠤᠨ ᠤ ᠨᠡᠪᠳᠡᠷᠡᠯᠴᠡᠭᠡ ᠵᠡᠷᠭᠡ ᠤᠨᠴᠠᠯᠢᠭ ᠲᠠᠢ ᠪᠠᠷ ᠬᠦᠮᠦᠨᠴᠢᠯᠡᠨ ᠪᠢᠴᠢᠭᠰᠡᠨ ᠪᠦᠭᠡᠳ ᠬᠦᠮᠦᠨ ᠤ ᠬᠦᠰᠡᠯ ᠮᠦᠷᠦᠭᠡᠳᠡᠯ ᠤᠨ ᠪᠡᠯᠭᠡᠳᠡᠯ ᠲᠠᠢ ᠪᠤᠯᠭᠠᠨ ᠲᠦᠷᠰᠦᠯᠡᠨ ᠦᠭᠦᠯᠡᠭᠰᠡᠨ ᠪᠠᠶᠢᠨ᠎ᠠ᠃        4. ᠡᠷᠳᠡᠮ ᠰᠢᠨᠵᠢᠯᠡᠭᠡᠨ ᠤ ᠦᠨ᠎ᠡ ᠴᠠᠨ᠎ᠠ ᠲᠠᠢ ᠵᠦᠢᠯᠡᠰ ᠢ ᠲᠤᠷᠠᠳᠴᠤ᠂ ᠬᠤᠶᠢᠰᠢᠳᠠ ᠶᠢᠨ ᠰᠤᠳᠤᠯᠤᠯ ᠳᠤ ᠰᠠᠭᠤᠷᠢ ᠳᠠᠯᠪᠢᠬᠰᠠᠨ᠃ ᠵᠢᠱᠢᠶᠡᠯᠡᠪᠡᠯ᠄ ︽ᠲᠤᠷᠭᠤᠳ︾ ᠭᠡᠮᠡᠬᠦ ᠦᠭᠡ ︽ᠲᠤᠷᠤᠭ︾ ︵toroxe ᠭᠡᠵᠤ ᠴᠢᠬᠢᠷᠠᠭ ᠪᠦᠳᠦᠬᠦᠨ ᠭᠡᠰᠡᠨ ᠤᠶᠢᠷᠠᠳ ᠨᠤᠲᠤᠭ ᠤᠨ ᠠᠶᠠᠯᠠᠭᠤᠨ ᠤ ᠦᠭᠡ︶ ᠭᠡᠳᠡᠭ ᠦᠭᠡᠨ ᠠᠴᠠ ᠡᠭᠦᠰᠦᠭᠰᠡᠨ ᠭᠡᠵᠤ ᠳᠡᠮᠳᠡᠭᠯᠡᠵᠡᠢ᠃        5. ︽ᠢᠯᠡᠳᠭᠡᠯ ᠳᠡᠦᠭᠡ ᠶᠢᠨ ᠪᠢᠴᠢᠭ︾᠎ ᠤᠨ ᠲᠤᠳᠤ ᠦᠰᠦᠭ ᠤᠨ ᠤᠭ ᠪᠢᠴᠢᠮᠡᠯ ᠡᠬᠡ ᠶᠢ ᠭᠡᠯᠡᠭᠴᠤᠬᠳᠠᠨ ᠤ ᠤᠤᠭᠤᠬᠰᠠᠨ ᠤᠰᠤ᠂ ᠤᠨᠠᠬᠰᠠᠨ ᠰᠢᠷᠤᠢ ᠡᠵᠡᠨ᠎ᠡ ᠨᠤᠲᠤᠭ ᠠᠴᠠ ᠤᠯᠤᠬᠰᠠᠨ ᠦᠭᠡᠢ ᠪᠢᠯᠡ᠃ ᠨᠢᠭᠡ ᠪᠢᠴᠢᠮᠡᠯ ᠡᠬᠡ ᠨᠢ ᠰᠢᠨᠵᠢᠶᠠᠩ ᠤᠨ ᠡᠷᠢᠶᠡᠨ ᠬᠠᠪᠢᠷᠭ᠎ᠠ ᠶᠢᠨ ᠰᠢᠷᠤᠪ ᠵᠠᠬᠢᠷᠤᠬᠴᠢ ᠭᠡᠳᠡᠭ ᠬᠦᠮᠦᠨ ᠳᠤ ᠬᠠᠳᠠᠭᠠᠯᠠᠬᠳᠠᠵᠤ ᠪᠠᠶᠢᠬᠰᠠᠨ ᠢ ᠡᠵᠡᠨ᠎ᠡ ᠶᠢᠨ ᠬᠤᠶᠠᠳᠤᠭᠠᠷ ᠲᠦᠷᠢ ᠶᠢᠨ ︽ᠡᠵᠡᠢ ᠯᠠᠮᠠ︾ ᠭᠡᠯᠡᠭᠳᠠᠮᠪᠢᠵᠠᠯᠰᠠᠨ ᠬᠦᠭᠡᠭᠴᠢᠨ ᠳᠡᠦᠯᠠᠢ ᠵᠢᠯ ︵1915 ᠤᠨ︶᠎ ᠳᠤ ᠠᠪᠴᠢᠷᠠᠬᠰᠠᠨ ᠪᠠᠶᠢᠨ᠎ᠠ᠃ ᠨᠦᠬᠦᠭᠡ ᠨᠢᠭᠡ ᠪᠢᠴᠢᠮᠡᠯ ᠡᠬᠡ ᠶᠢ ᠨᠢ ᠪᠠᠳᠠᠢ᠂ ᠡᠷᠳᠡᠨᠢ᠂ ᠠᠯᠳ᠋ᠬᠠᠤᠷᠭᠢᠯ ᠨᠠᠷ ︽ᠤᠶᠢᠷᠠᠳ ᠳᠡᠦᠭᠡᠨ ᠰᠤᠷᠪᠤᠯᠵᠢ ᠪᠢᠴᠢᠭ︾ ᠨᠤᠮ ᠳᠠᠭᠠᠨ ᠤᠷᠤᠭᠤᠯᠵᠤ ᠬᠡᠪᠯᠡᠭᠦᠯᠵᠡᠢ ︵ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 1987 ᠤᠨ᠂ ᠲᠤᠳᠤ ᠮᠤᠩᠭᠤᠯ ᠦᠰᠦᠭ ᠤᠨ ᠬᠡᠪᠯᠡᠯ︶᠃ ︽ᠢᠯᠡᠳᠭᠡᠯ ᠳᠡᠦᠬᠡ ᠶᠢᠨ ᠪᠢᠴᠢᠭ︾᠎ ᠤᠨ ᠤᠤᠯ ᠡᠬᠡ ᠶᠢ ᠡᠵᠡᠨ᠎ᠡ ᠬᠤᠰᠢᠭᠤᠨ ᠠᠴᠠ ᠤᠯᠳᠠᠬᠰᠠᠨ ᠦᠭᠡᠢ ᠶᠢᠨ ᠰᠢᠯᠲᠠᠭᠠᠨ ᠨᠢ ᠮᠠ ᠬᠤᠸᠠ ᠯᠦᠩ ᠤᠨ ᠬᠤᠳᠤᠩ ᠳᠡᠭᠡᠷᠡᠮᠴᠢᠳ ᠨᠠᠢᠮᠠᠨ ᠵᠢᠯ ᠳᠠᠷᠠᠭᠠᠯᠠᠨ ᠡᠵᠡᠨ᠎ᠡ ᠬᠤᠰᠢᠭᠤ ᠶᠢ ᠲᠤᠨᠤᠨ ᠳᠡᠭᠡᠷᠡᠮᠳᠡᠵᠤ᠂ ᠠᠷᠠᠳ ᠢᠷᠭᠡᠳ ᠢ ᠠᠯᠠᠨ ᠬᠢᠳᠤᠵᠤ᠂ ᠳᠠᠩᠰᠠ ᠡᠪᠬᠢᠮᠡᠯ᠂ ᠪᠢᠴᠢᠭ ᠬᠠᠷ᠎ᠠ ᠶᠢ ᠲᠦᠢᠮᠡᠷᠳᠡᠨ ᠰᠢᠲᠠᠭᠠᠬᠰᠠᠨ ᠳᠤ ᠪᠤᠢ ᠶᠤᠮ᠃                                                            ( ᠵᠣᠬᠢᠶᠠᠭᠴᠢ  ᠎  ᠢᠯᠠᠯᠲᠠ )    
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号