ᠡᠵᠡᠨ᠎ᠠ ᠲᠤᠷᠭᠤᠳ ᠤᠨ ᠲᠤᠬ ᠰᠥᠯᠳᠠ ᠬᠢᠭᠡᠳ ᠲᠠᠬᠢᠯᠭ᠎ᠠ
ᠨᠡᠶᠢᠲᠡᠯᠡᠭᠰᠡᠨ ᠴᠠᠭ᠄
2018-11-23
       ︵ᠨᠢᠭᠡ︶ ᠲᠤᠬ ᠰᠥᠯᠳᠠ ᠶᠢᠨ ᠢᠷᠡᠯᠳᠡ        ᠡᠵᠡᠨ᠎ᠠ ᠲᠤᠷᠭᠤᠳ ᠤᠨ ᠲᠤᠬ ᠰᠥᠯᠳᠠ ᠶᠢᠨ ᠲᠤᠬᠠᠢ ᠨᠠᠰᠤᠳᠠᠨ ᠪᠤᠭᠤᠷᠤᠯᠴᠤᠳ ᠡᠨᠡ ᠲᠤᠬ ᠪᠤᠯ ᠢᠵᠢᠯ ᠤᠨ ᠲᠤᠷᠭᠤᠳ ᠨᠤᠶᠠᠨ ᠱᠥᠬᠦᠷ ᠲᠠᠶᠢᠴᠢᠩ ᠤᠨ ᠥᠶ᠎ᠠ ᠶᠢᠨ ᠴᠡᠷᠢᠭ ᠤᠨ ᠲᠤᠬ ᠭᠡᠮᠡᠨ ᠬᠥᠤᠷᠨᠢᠳᠡᠭ ᠪᠠᠶᠢᠬᠰᠠᠨ᠃ ᠱᠥᠬᠦᠷ ᠲᠠᠶᠢᠴᠢᠩ ᠪᠤᠯ ᠠᠩᠬ᠎ᠠ ᠢᠵᠢᠯ ᠵᠠᠢ ᠳᠤ ᠲᠤᠷᠭᠤᠳ ᠲᠡᠷᠢᠬᠦᠳᠡᠢ ᠤᠢᠢᠷᠠᠳ ᠶᠠᠰᠤᠳᠠᠨ ᠢᠶᠠᠨ ᠲᠠᠭᠠᠭᠤᠯᠵᠤ ᠬᠥᠷᠥᠭᠰᠡᠨ ᠨᠡᠷᠡᠳᠡᠢ ᠠᠬᠠᠯᠠᠬᠴᠢ ᠨᠤᠶᠠᠨ ᠬᠤᠤ ᠥᠷᠯᠥᠭ ᠤᠨ ᠠᠬᠠᠮᠠᠳ ᠬᠥᠪᠡᠬᠦᠨ ᠪᠤᠯᠤᠨ᠎ᠠ᠃ ᠱᠥᠬᠦᠷ ᠲᠠᠶᠢᠴᠢᠩ ᠲᠥᠷᠪᠡᠨ ᠬᠥᠪᠡᠬᠦᠨ ᠲᠠᠢ᠂ ᠭᠤᠷᠪᠠᠳᠤᠭᠠᠷ ᠬᠥᠪᠡᠬᠦᠨ ᠨᠢ ᠪᠤᠯᠬᠤ ᠨᠠᠮᠤᠴᠠᠷᠠᠨ ᠪᠤᠯ ᠢᠵᠢᠯ ᠵᠠᠢ ᠶᠢᠨ ᠲᠤᠷᠭᠤᠳ ᠤᠨ ᠠᠯᠳᠠᠷᠳᠤ ᠠᠬᠠᠯᠠᠬᠴᠢ ᠠᠶᠤᠬᠢ ᠬᠠᠭᠠᠨ ᠤ ᠠᠪᠠᠭ᠎ᠠ ᠮᠥᠨ ᠪᠥᠭᠡᠳ ᠡᠵᠡᠨ᠎ᠠ ᠲᠤᠷᠭᠤᠳ ᠤᠨ ᠲᠡᠭᠡᠳᠤᠬᠦᠯ ᠪᠤᠯᠬᠤ ᠠᠷᠠᠪᠵᠤᠷ ᠲᠠᠶᠢᠵᠢ ᠶᠢᠨ ᠡᠪᠦᠭᠡ ᠪᠤᠯᠬᠤ ᠶᠤᠮ᠃        1698 ᠤᠨ ︵ᠡᠩᠭᠡ ᠠᠮᠤᠭᠤᠯᠠᠩ ᠤᠨ 37 ᠤᠨ︶᠎ ᠳᠤ ᠠᠶᠤᠬᠢ ᠬᠠᠭᠠᠨ ᠠᠴᠠ ᠥᠪᠡᠷ ᠤᠨ ᠥᠶᠡᠯᠢᠳ ᠠᠴᠢ ᠠᠷᠠᠪᠵᠤᠷ ᠲᠠᠶᠢᠵᠢ ᠶᠢ ᠲᠠᠯᠠᠢ ᠯᠠᠮᠠ ᠳᠤ ᠮᠥᠷᠬᠦᠵᠤ ᠯᠠᠮᠠ ᠨᠠᠷ ᠵᠠᠯᠠᠵᠤ ᠢᠷᠡᠳᠤᠭᠡᠢ ᠭᠡᠮᠡᠨ ᠲᠥᠪᠡᠳ ᠤᠷᠤᠨ ᠳᠤ ᠵᠠᠷᠤᠵᠡᠢ᠃ 1704 ᠤᠨ ︵ᠡᠩᠭᠡ ᠠᠮᠤᠭᠤᠯᠠᠩ ᠤᠨ 43 ᠤᠨ︶ ᠪᠤᠯᠬᠤ ᠳᠤ ᠢᠵᠢᠯ ᠵᠠᠢ ᠳᠤ ᠪᠤᠴᠠᠬᠤ ᠵᠠᠮ ᠬᠠᠭᠠᠬᠳᠠᠬᠰᠠᠨ ᠠᠴᠠ ᠪᠤᠯᠵᠤ ᠳ᠋ᠠᠩ ᠤᠨ ᠭᠤᠤᠯ᠂ ᠰᠠᠷᠳᠠᠩ᠂ ᠮᠠᠬᠠᠢ᠂ ᠰᠢᠷ᠎ᠠ ᠲᠠᠯ᠎ᠠ᠂ ᠠᠯᠠᠬ ᠠᠭᠤᠯᠠ ᠠᠯᠳᠠᠨ ᠲᠡᠪᠰᠢ ᠵᠡᠷᠭᠡ ᠭᠠᠵᠠᠷ ᠢᠶᠠᠷ ᠨᠤᠳᠤᠬᠯᠠᠵᠤ ᠪᠠᠶᠢᠭᠠᠳ 1731 ᠤᠨ ︵ᠨᠠᠶᠢᠷᠠᠯᠳᠤ ᠲᠥᠪ ᠤᠨ ᠶᠢᠰᠤᠳᠤᠭᠡᠷ ᠤᠨ᠂ ᠠᠷᠠᠪᠵᠤᠷ ᠲᠠᠶᠢᠵᠢ ᠶᠢᠨ ᠬᠥᠪᠡᠬᠦᠨ ᠳ᠋ᠠᠨᠵᠤᠩ ᠤᠨ ᠥᠶ᠎ᠠ︶ ᠪᠤᠯᠬᠤ ᠳᠤ ᠡᠵᠡᠨ᠎ᠠ ᠭᠤᠤᠯ ᠳᠤ ᠨᠡᠬᠦᠳᠡᠯᠯᠡᠨ ᠤᠷᠤᠵᠤ ᠢᠷᠡᠵᠡᠢ᠃ ᠲᠡᠭᠡᠬᠦ ᠳᠡᠭᠡᠨ ᠲᠤᠬ ᠰᠥᠯᠳᠠ ᠶᠢ ᠥᠪᠡᠷᠰᠡᠳ ᠤᠨ ᠠᠮᠢ ᠠᠴᠠ ᠪᠠᠨ ᠢᠯᠡᠬᠦᠤ ᠨᠠᠨᠳᠢᠩᠨᠠᠨ ᠬᠠᠳᠠᠭᠠᠯᠠᠵᠤ ᠠᠪᠴᠤ ᠢᠷᠡᠭᠰᠡᠨ ᠪᠥᠭᠡᠳ ᠠᠷᠠᠪᠵᠤᠷ ᠲᠠᠶᠢᠵᠢ ᠳ᠋ᠠᠩ ᠰᠠᠷᠳᠠᠩ ᠳᠤ ᠨᠤᠳᠤᠬᠯᠠᠵᠤ ᠭᠠᠰ ᠭᠡᠮᠡᠬᠦ ᠭᠠᠵᠠᠷ ᠰᠡᠷᠭᠡᠶᠢᠯᠡᠯ ᠬᠢᠵᠤ ᠪᠠᠶᠢᠬᠤ ᠳᠠᠭᠠᠨ ᠴᠤ ᠲᠤᠬ ᠰᠥᠯᠳᠠ ᠪᠠᠨ ᠮᠠᠨᠳᠤᠭᠤᠯᠤᠨ ᠲᠠᠶᠢᠰᠤᠨ ᠡᠳᠡᠭᠡᠳ ᠢ ᠰᠥᠷᠳᠡᠬᠦᠯᠵᠤ ᠪᠠᠶᠢᠬᠰᠠᠨ ᠭᠡᠳᠡᠭ᠃        ︵ᠬᠤᠶᠠᠷ︶ ᠲᠤᠬ ᠰᠥᠯᠳᠠ ᠶᠢᠨ ᠭᠡᠯᠪᠡᠷᠢ ᠪᠥᠳᠤᠴᠠ ᠬᠢᠭᠡᠳ ᠲᠦᠢᠮᠤ ᠲᠠᠶᠢᠯᠪᠤᠷᠢ        ᠲᠤᠰ ᠲᠤᠬ ᠨᠢ ᠰᠥᠯᠳᠠ ᠪᠠ ᠲᠤᠬ ᠭᠡᠮᠡᠬᠦ ᠬᠤᠶᠠᠷ ᠭᠡᠰᠡᠭ ᠢᠶᠠᠷ ᠪᠥᠷᠢᠯᠳᠥᠭᠰᠡᠨ ᠶᠤᠮ᠃ ᠰᠥᠯᠳᠡ ᠨᠢ ᠨᠢᠭᠡ ᠲᠤᠬᠤᠢ ᠰᠢᠬᠠᠮ ᠤᠷᠳᠤ᠂ ᠬᠤᠶᠠᠷ ᠲᠠᠯ᠎ᠠ ᠢᠷᠯᠡᠭ᠂ ᠵᠢᠳᠠᠨ ᠭᠡᠯᠪᠡᠷᠢ ᠲᠠᠢ᠂ ᠲᠤᠤᠷ᠎ᠠ ᠪᠠᠨ ᠤᠡᠭᠬᠢ ᠲᠠᠢ ᠲᠡᠮᠤᠷ ᠡᠳ᠋ ᠪᠤᠯᠤᠨ᠎ᠠ᠂  ᠲᠡᠷᠡᠬᠦ ᠵᠢᠳᠡ ᠶᠢ ᠽᠠᠨᠳᠠᠨ ᠮᠤᠳᠤ ᠪᠠᠷ ᠬᠢᠭᠰᠡᠨ ᠡᠰᠢᠨ ᠳᠤᠨᠢ ᠤᠬᠯᠠᠵᠤ ᠥᠭᠳᠡᠭ᠃ ᠵᠢᠳᠡᠨ ᠤ ᠲᠤᠤᠷ᠎ᠠ ᠲᠠᠯ᠎ᠠ ᠳᠤ ᠬᠠᠪᠳᠠᠭᠠᠢ ᠮᠤᠳᠤ ᠪᠠᠷ ᠵᠢᠵᠢᠭ ᠲᠤᠭᠤᠭ᠎ᠠ ᠶᠢᠨ ᠬᠠᠯᠢᠪ ᠭᠡᠪᠳᠡᠢ ᠲᠤᠭᠤᠢ ᠶᠠᠭᠤᠮ᠎ᠠ ᠬᠢᠵᠤ᠂ ᠲᠡᠬᠦᠨ ᠤ ᠬᠥᠪᠡᠭᠡ ᠶᠢ ᠲᠤᠭᠤᠷᠢᠭᠤᠯᠤᠨ ᠨᠥᠭᠡ ᠴᠤᠭᠤᠯᠵᠤ᠂ ᠲᠡᠬᠦᠨ ᠠᠴᠠ ᠲᠤᠬᠤᠢ ᠭᠠᠷᠤᠢ ᠤᠷᠳᠤ ᠬᠥᠬᠦᠯ ᠤᠶᠠᠵᠤ ᠲᠤᠬᠳᠠᠭᠠᠳᠠᠬ᠃         ᠬᠥᠬᠦᠯ ᠢ ᠬᠠᠷ᠎ᠠ ᠠᠵᠢᠷᠭᠠᠨ ᠲᠠᠯ ᠢᠶᠠᠷ ᠬᠢᠵᠤ ᠭᠤᠤᠯ ᠲᠤᠮᠳᠠᠭᠤᠷ ᠨᠢ ᠴᠠᠭᠠᠨ ᠡᠳ᠋ ᠢᠶᠠᠷ ᠪᠥᠰᠡᠯᠡᠵᠤ ᠥᠭᠳᠡᠭ ᠪᠠᠶᠢᠵᠡᠢ᠃ ᠲᠤᠬ ᠨᠢ ᠤᠷᠳᠤ ᠲᠥᠷᠪᠡᠯᠵᠢᠨ ᠭᠡᠯᠪᠡᠷᠢ ᠲᠠᠢ᠂ ᠪᠥᠰ ᠬᠢᠴᠡ ᠲᠠᠢ᠂ ᠲᠡᠪᠢᠰᠭᠡᠷ ᠴᠠᠭᠠᠨ᠂ ᠬᠥᠪᠡᠭᠡ ᠬᠠᠷ᠎ᠠ᠃ ᠨᠢᠭᠡ ᠲᠠᠯ᠎ᠠ ᠶᠢᠨ ᠬᠥᠪᠡᠭᠡ ᠪᠠᠷ ᠨᠢ ᠬᠥᠭᠡ᠂ ᠤᠯᠠᠭᠠᠨ᠂  ᠴᠠᠭᠠᠨ᠂ ᠨᠤᠭᠤᠭᠠᠨ᠂ ᠰᠢᠷ᠎ᠠ ᠲᠠᠪᠤᠨ ᠭᠡᠯᠡ ᠲᠠᠢ᠃ ᠴᠠᠭᠠᠨ ᠲᠡᠪᠢᠰᠭᠡᠷ ᠤᠨ ᠲᠡᠭᠡᠳᠤ ᠲᠠᠯ᠎ᠠ ᠳᠤᠨᠢ ᠲᠥᠪᠡᠳ ᠴᠠᠭᠠᠨ ᠲᠤᠯᠤᠭᠠᠢ ᠶᠢᠨ ︽ᠵᠠ᠊︾ ᠭᠡᠰᠡᠨ ᠤᠯᠠᠭᠠᠨ ᠥᠰᠥᠭ ᠲᠠᠢ᠂ ︽ᠵᠠ᠊︾ ᠥᠰᠥᠭ ᠤᠨ ᠬᠤᠶᠠᠷ ᠲᠠᠯ᠎ᠠ ᠳᠤ ᠨᠠᠷᠠ ᠰᠠᠷᠠᠠ ᠤ ᠵᠢᠷᠤᠬ ᠲᠠᠢ᠂ ᠴᠠᠭᠠᠨ ᠲᠡᠪᠢᠰᠭᠡᠷ ᠤᠨ ᠲᠤᠤᠷᠠᠳᠤ ᠲᠠᠯ᠎ᠠ ᠳᠤ ᠵᠡᠰ ᠲᠠᠪᠠᠬ ᠲᠠᠢ ᠪᠡᠳᠮ᠎ᠠ ᠪᠠ ᠴᠢᠨᠳᠠᠮᠤᠨᠢ ᠡᠷᠳᠡᠨᠢ ᠲᠠᠢ᠃ ᠤᠤᠯ ᠲᠡᠪᠰᠢᠭᠡᠷ ᠨᠢ ᠲᠤᠬᠠᠢᠢᠯᠠᠪᠠᠯ ᠲᠤᠬ ᠤᠨ ᠭᠤᠤᠯ ᠨᠢ ᠵᠢᠷᠭᠤᠭᠠᠨ ᠲᠤᠬᠤᠢ ᠡᠳ᠋ ᠭᠡᠷᠡᠭᠰᠡᠵᠤ᠂ ᠬᠠᠷ᠎ᠠ ᠬᠥᠪᠡᠭᠡ ᠨᠢ ᠥᠷᠭᠡᠨ ᠢᠶᠠᠷ ᠢᠶᠠᠨ ᠨᠢᠭᠡ ᠲᠥᠭᠡ ᠬᠢᠷᠢᠳᠡᠢ ᠡᠳ᠋ ᠭᠡᠷᠡᠭᠯᠡᠵᠤ᠂  ᠲᠠᠪᠤᠨ ᠭᠡᠯᠡ ᠨᠢ ᠲᠤᠰ ᠪᠥᠷᠢ ᠤᠷᠳᠤ ᠪᠠᠷ ᠢᠶᠠᠨ ᠲᠠᠪᠤᠨ ᠢᠮᠠᠬᠤ ᠡᠳ᠋ ᠭᠡᠷᠡᠭᠰᠡᠨ᠎ᠠ᠃ ᠲᠤᠬ ᠤᠨ ᠲᠡᠭᠡᠷᠡᠬᠢ ︽ᠵᠠ᠊︾ ᠥᠰᠥᠭ ᠢ ᠵᠠᠷᠢᠮ ᠨᠢ ᠴᠡᠷᠢᠭ ᠲᠠᠶᠢᠨ ᠤ ᠲᠤᠬ ᠲᠠᠢ ᠬᠤᠯᠪᠤᠵᠤ᠂ ᠲᠠᠶᠢᠰᠤᠨ ᠲᠡᠭᠷᠢ ᠪᠤᠶᠤ ᠲᠠᠶᠢᠴᠢᠨ ᠲᠡᠭᠷᠢ ᠶᠢᠨ ᠵᠢᠷᠤᠭᠡ ᠭᠡᠮᠡᠨ ᠲᠠᠶᠢᠯᠪᠤᠷᠢᠯᠠᠵᠤ᠂ ᠵᠠᠷᠢᠮ ᠨᠢ ᠤᠯᠠᠨ ᠢ ᠲᠠᠭᠤᠳᠠᠵᠤ ᠤᠷᠢᠶᠠᠯᠠᠬᠤ ᠤᠳᠬ᠎ᠠ ᠲᠠᠢ ᠭᠡᠮᠡᠨ ᠠᠳᠡᠬᠢ ᠶᠢᠨ ᠲᠥᠪᠡᠳ ᠥᠰᠥᠭ ᠲᠠᠢ ᠯᠠᠮᠠ ᠨᠠᠷ ᠠᠳᠠᠯᠢ ᠪᠤᠰᠤ ᠪᠠᠷ ᠲᠠᠶᠢᠯᠪᠤᠷᠢᠯᠠᠵᠤ ᠪᠤᠢ᠃ ᠲᠠᠪᠤᠨ ᠥᠡᠭᠭᠡ ᠶᠢᠨ ᠭᠡᠯᠡ ᠨᠢ ᠲᠤᠰ ᠲᠤᠰ ᠤᠰᠤ᠂  ᠭᠠᠯ᠂ ᠲᠡᠮᠤᠷ᠂ ᠮᠤᠳᠤ᠂ ᠰᠢᠷᠤᠢ ᠭᠡᠮᠡᠬᠦ ᠲᠠᠪᠤᠨ ᠮᠠᠬᠠᠪᠤᠳ ᠢ ᠲᠥᠯᠥᠭᠡᠯᠡᠵᠤ᠂ ᠲᠠᠪᠠᠬ ᠲᠠᠢ ᠪᠡᠳᠮ᠎ᠠ ᠪᠠ ᠴᠢᠨᠳᠠᠮᠤᠨᠢ ᠡᠷᠳᠡᠨᠢ ᠶᠢ ᠰᠠᠨᠠᠬᠰᠠᠨ ᠪᠥᠬᠦᠨ ᠰᠡᠳᠬᠢᠯᠴᠢᠯᠡᠨ ᠪᠥᠳᠤᠵᠤ᠂ ᠪᠠᠶᠠᠨ ᠴᠢᠨᠡᠭᠡᠯᠢᠭ ᠰᠠᠶᠢᠨ ᠰᠠᠶᠢᠬᠠᠨ ᠢ ᠵᠥᠡᠭᠨᠡᠨ ᠪᠡᠯᠭᠡᠳᠡᠭᠰᠡᠨ ᠤᠳᠬ᠎ᠠ ᠲᠠᠢ ᠭᠡᠮᠡᠨ ᠲᠠᠶᠢᠯᠪᠤᠷᠢᠯᠠᠵᠤ ᠪᠠᠶᠢᠪᠠ᠃ ᠶᠠᠷᠤ ᠨᠢ ᠡᠨᠡ ᠲᠤᠬ ᠰᠥᠯᠳᠠ ᠨᠢ ᠡᠷᠳᠡᠨ ᠤ ᠮᠤᠩᠭᠤᠯ ᠤᠨ ︽ᠰᠥᠯᠳᠠ ᠲᠡᠭᠷᠢ︾᠂ ᠪᠤᠷᠬᠠᠨ ᠤ ᠱᠠᠰᠢᠨ ᠤ ᠥᠶ᠎ᠠ ᠶᠢᠨ ᠲᠠᠶᠢᠨ ᠤ ᠲᠡᠭᠷᠢ — ᠳ᠋ᠠᠯᠬ᠎ᠠ ᠲᠠᠢ ᠰᠢᠭᠤᠳ ᠬᠤᠯᠪᠤᠭ᠎ᠠ ᠲᠠᠢ ᠪᠠᠶᠢᠬᠤ ᠰᠢᠬ ᠪᠤᠳᠤᠬᠳᠠᠭᠤᠯᠬᠤ ᠶᠤᠮ᠂ ᠬᠤᠶᠢᠰᠢᠳᠠ ᠬᠥᠨᠵᠡᠭᠡᠶᠢᠷᠡᠬᠦᠯᠥᠨ ᠰᠤᠳᠤᠯᠬᠤ ᠴᠢᠬᠤᠯᠠ ᠲᠠᠢ ᠪᠠᠶᠢᠨ᠎ᠠ᠃         ︵ᠭᠤᠷᠪᠠ︶ ᠲᠠᠬᠢᠯᠭ᠎ᠠ ᠶᠢᠨ ᠶᠤᠰᠤᠨ        ᠡᠵᠡᠨ᠎ᠠ ᠶᠢᠨ ᠲᠤᠷᠭᠤᠳᠴᠤᠳ ᠠᠩᠬ᠎ᠠ ᠡᠵᠡᠨ᠎ᠠ ᠶᠢᠨ ᠭᠤᠤᠯ ᠳᠤ ᠤᠷᠤᠵᠤ ᠢᠷᠡᠬᠦ ᠳᠡᠭᠡᠨ ᠨᠢᠭᠡ ᠭᠡᠰᠡᠭ ᠨᠢ ᠭᠤᠷᠤᠨᠠᠢ ᠶᠢᠨ ᠭᠤᠤᠯ ᠢᠶᠠᠷ᠂ ᠨᠢᠭᠡ ᠭᠡᠰᠡᠭ ᠨᠢ ᠪᠠᠶᠠᠨᠪᠤᠬᠳᠠ ᠪᠠᠷ ᠨᠡᠬᠦᠳᠡᠯᠯᠡᠵᠤ ᠢᠷᠡᠵᠡᠢ᠃ ᠭᠤᠤᠯ ᠤᠨ ᠡᠬᠢᠨ ᠳᠤ ᠢᠷᠡᠭᠡᠳ ᠳ᠋ᠠᠨᠵᠤᠩ ᠪᠠᠶᠢᠯᠠ ᠠᠴᠠ ᠬᠠᠷᠢᠶᠠᠳᠤ ᠤᠯᠠᠨ ᠳᠠᠭᠠᠨ ᠵᠠᠭᠤᠨ ᠬᠤᠨᠤᠬ ᠲᠡᠭᠡᠷ᠎ᠠ ᠪᠠᠨ ᠲᠤᠬᠢᠷᠠᠮᠵᠢᠳᠠᠢ ᠭᠠᠵᠠᠷ ᠤᠯᠵᠤ ᠲᠤᠬ ᠰᠥᠯᠳᠠ ᠪᠠᠨ ᠲᠠᠬᠢᠵᠤ ᠪᠠᠶᠠᠷ ᠬᠥᠷ ᠡᠬᠦᠰᠭᠡᠶ᠎ᠠ ᠭᠡᠮᠡᠨ ᠵᠠᠷᠯᠠᠵᠡᠢ ᠭᠡᠳᠡᠭ᠃ ᠲᠡᠭᠡᠭᠡᠳ ᠬᠤᠨᠤᠬ ᠨᠢ ᠤᠢᠢᠷᠠᠳᠬᠤ ᠳᠤ ᠨᠤᠶᠠᠳ ᠲᠥᠰᠢᠮᠡᠳ ᠡᠳᠤᠷ ᠤᠨ ᠰᠠᠶᠢᠨ᠂  ᠭᠠᠵᠠᠷ ᠤᠨ ᠥᠨᠳᠤᠷ ᠢ ᠰᠤᠩᠭᠤᠨ ᠭᠤᠤᠯ ᠤᠨ ᠲᠡᠪᠭᠡ ︵ᠤᠳᠤᠬᠢ ᠲᠠᠰᠢ ᠤᠪᠤᠭ᠎ᠠ︶ ᠭᠡᠳᠡᠭ ᠭᠠᠵᠠᠷ ᠢ ᠥᠵᠡᠵᠤ ᠲᠤᠭᠤᠭᠠᠳ ᠮᠥᠨ ᠲᠡᠨᠳᠡ ᠲᠤᠬ ᠢᠶᠠᠨ ᠲᠠᠬᠢᠬᠤ ᠪᠠᠷ ᠪᠤᠯᠵᠤ᠂ ᠠᠷᠠᠳ ᠤᠯᠠᠨ ᠳᠠᠭᠠᠨ ᠮᠡᠳᠡᠭᠳᠡᠯ ᠥᠭᠴᠡᠢ᠃ ᠭᠤᠷᠤᠨᠠᠢ ᠶᠢᠨ ᠭᠤᠤᠯ ᠤᠨ ᠬᠢᠨ ᠪᠤᠯᠤᠨ ᠡᠬᠢᠨ ᠤ ᠬᠢᠨ ᠠᠯᠠᠰᠢᠨ ᠥᠭᠡᠷ ᠢᠶᠠᠨ ᠬᠥᠳᠥᠯᠤᠭᠡᠳ ᠲᠤᠬ ᠲᠠᠬᠢᠯᠭ᠎ᠠ ᠳᠤ ᠤᠷᠤᠯᠴᠠᠬᠤ ᠪᠠᠷ ᠢᠷᠡᠵᠡᠭᠡᠵᠡᠢ᠃         ᠭᠤᠤᠯ ᠤᠨ ᠲᠡᠪᠭᠡ ᠳᠤ ᠤᠯᠠᠭᠠᠨ ᠢᠰᠡᠭᠡᠢ ᠲᠠᠪᠢᠰᠴᠤ ᠲᠠᠬᠢᠯᠭ᠎ᠠ ᠶᠢᠨ ᠥᠶ᠎ᠠ ᠶᠢᠨ ᠵᠢᠶᠦ᠋ᠨ ᠸᠠᠩ ᠲᠥᠪᠰᠢᠨᠪᠠᠶᠠᠷ ᠤᠨ ᠥᠶ᠎ᠠ ᠳᠤ ᠮᠠᠨᠵᠤ ᠴᠢᠩ ᠤᠨ ᠶᠤᠰᠤ ᠪᠠᠷ ᠤᠷᠤᠨ ᠨᠤᠳᠤᠬ ᠤᠨ ᠴᠡᠷᠢᠭ ᠤᠨ ᠵᠤᠬᠢᠶᠠᠨ ᠪᠠᠶᠢᠭᠤᠯᠤᠯᠳᠠ ᠶᠢ ᠪᠠᠶᠢᠭᠤᠯᠵᠡᠢ᠃ ᠲᠡᠭᠡᠬᠦ ᠳᠤ ᠬᠤᠰᠢᠭᠤᠨ ᠤ ᠲᠤᠬ ᠰᠥᠯᠳᠠ ᠪᠠᠨ ᠪᠠᠰᠠ ᠨᠢᠭᠡ ᠤᠳᠠᠭ᠎ᠠ ᠶᠡᠭᠡ ᠪᠠᠷ ᠲᠠᠬᠢᠵᠠᠭᠠᠵᠡᠢ᠃ ᠲᠠᠮᠠᠭᠠᠨ ᠲᠥᠰᠢᠮᠡᠳ ᠢᠶᠠᠨ ᠴᠤᠬᠯᠠᠭᠤᠯᠤᠨ᠂ ᠭᠤᠷᠪᠠᠨ ᠠᠷᠪᠠᠨ ᠤ ᠴᠡᠷᠢᠭ ᠢᠶᠠᠨ ᠵᠢᠬᠰᠠᠭᠠᠨ ᠴᠠᠬᠢᠭᠤᠷᠳᠤ ᠪᠤᠤ ︵ᠫᠤᠤ︶ ᠪᠤᠤᠳᠠᠨ᠂ ᠰᠥᠮ᠎ᠠ ᠭᠡᠶᠢᠳ ᠤᠨ ᠯᠠᠮᠠ ᠨᠠᠷ ᠢ ᠲᠠᠭᠤᠳᠠᠨ ᠳ᠋ᠠᠯᠬ᠎ᠠ ᠪᠤᠷᠬᠠᠨ ᠵᠠᠯᠠᠭᠤᠯᠤᠨ ᠳ᠋ᠠᠯᠬ᠎ᠠ ᠨᠤᠮ ᠤᠡᠭᠰᠢᠭᠤᠯᠵᠤ᠂ ᠮᠥᠨ ᠥᠭᠡᠷ ᠠᠯᠠᠵᠤ ᠴᠢᠰᠤ ᠪᠠᠷ ᠨᠢ ᠲᠤᠬ ᠰᠥᠯᠳᠠ ᠪᠠᠨ ᠲᠠᠬᠢᠬᠰᠠᠨ ᠭᠡᠮᠡᠨ ᠨᠠᠰᠤᠳᠠᠢ ᠬᠥᠮᠤᠰ ᠮᠡᠳᠡᠭᠡᠯᠡᠵᠤ ᠪᠠᠶᠢᠬᠰᠠᠨ᠃         1937 ᠤᠨ ᠳᠤ ᠲᠠᠮᠠᠭᠠᠨ ᠶᠠᠮᠤᠨ ᠰᠠᠶᠢᠷ ᠴᠤᠨᠵᠢ ᠠᠴᠠ ᠲᠠᠯᠠᠶᠢᠬᠦ᠋ᠪ ᠲᠤ ᠨᠡᠬᠦᠵᠤ ᠢᠷᠡᠭᠰᠡᠨ ᠤ ᠲᠠᠷᠠᠭ᠎ᠠ ᠴᠤ ᠲᠤᠬ ᠰᠥᠯᠳᠠ᠂ ᠵᠠᠰᠠᠬ ᠲᠠᠮᠠᠭ᠎ᠠ  ᠂ ᠠᠷᠠᠪᠵᠤᠷ ᠤᠨ ᠪᠤᠤ᠂ ᠳ᠋ᠠᠯᠬ᠎ᠠ ᠪᠤᠷᠬᠠᠨ ᠵᠡᠷᠭᠡ ᠪᠠᠨ ᠲᠠᠮᠠᠭᠠᠨ ᠶᠠᠮᠤᠨ ᠤ ᠪᠤᠷᠬᠠᠨ ᠤ ᠭᠡᠷ ᠲᠤ ᠲᠠᠯᠪᠢᠨ᠂ ᠰᠠᠷ᠎ᠠ ᠪᠤᠯᠭᠠᠨ ᠤ ᠬᠤᠶᠠᠷ᠂ ᠠᠷᠪᠠᠨ ᠵᠢᠷᠭᠤᠭᠠᠨ ᠤ ᠡᠳᠤᠷ ᠲᠠᠬᠢᠯᠭ᠎ᠠ ᠶᠢᠨ ᠯᠠᠮᠠ ᠢᠷᠡᠵᠤ ᠰᠠᠷ᠎ᠠ ᠶᠢᠨ ᠰᠠᠶᠢᠳ ᠤᠷᠤᠯᠴᠠᠨ᠂ ᠪᠤᠷᠬᠠᠨ ᠤ ᠪᠠᠶᠢᠰᠢᠩ ᠤᠨ ᠡᠬᠦᠳᠡᠨ ᠳᠤ ᠤᠯᠠᠭᠠᠨ ᠢᠰᠡᠭᠡᠢ ᠲᠠᠪᠢᠰᠤᠭᠡᠳ ᠳ᠋ᠠᠯᠬ᠎ᠠ ᠨᠤᠮ ᠤᠡᠭᠰᠢᠵᠤ ᠲᠤᠬ ᠢᠶᠠᠨ ᠲᠠᠬᠢᠳᠠᠬ ᠪᠠᠶᠢᠬᠰᠠᠨ ᠭᠡᠵᠤ ᠪᠠᠶᠢᠭ᠎ᠠ ᠪᠥᠭᠡᠳ ᠡᠨᠡᠬᠦ ᠤᠢᠢᠯᠡ ᠶᠢ ᠴᠢᠯᠤᠭᠡᠯᠡᠬᠦ ᠪᠤᠯᠳᠠᠯ᠎ᠠ ᠥᠷᠬᠦᠯᠵᠢᠯᠡᠬᠦᠯᠵᠤ ᠪᠠᠶᠢᠵᠡᠢ᠃ ᠲᠤᠬ ᠢᠶᠠᠨ ᠬᠤᠰᠢᠭᠤ ᠲᠠᠮᠠᠭᠠᠨ ᠭᠠᠵᠠᠷ ᠬᠠᠳᠠᠭᠠᠯᠠᠵᠤ ᠪᠠᠶᠢᠬᠤ ᠳᠠᠭᠠᠨ ︽ᠳ᠋ᠠᠯᠬ᠎ᠠ ᠶᠢᠨ ᠲᠤᠬ ᠨᠢᠭᠡ᠂ ᠲᠠᠯᠠᠯᠭᠠᠨ ᠰᠤᠮᠤ ᠨᠢᠭᠡ᠂ ᠭᠡᠰᠢᠭ ᠤᠨ ᠶᠤᠸᠠᠮᠪᠤᠤ ᠨᠢᠭᠡ︾ ᠭᠡᠮᠡᠨ ᠲᠠᠩᠰᠠᠯᠠᠵᠤ ᠪᠠᠶᠢᠵᠡᠢ᠃         1949 ᠤᠨ ᠳᠤ ᠡᠵᠡᠨ᠎ᠠ ᠲᠤᠷᠭᠤᠳ ᠬᠤᠰᠢᠭᠤ ᠨᠠᠶᠢᠷᠠᠮᠳᠠᠯ ᠢᠶᠠᠷ ᠴᠢᠯᠤᠭᠡᠯᠡᠭᠳᠡᠵᠤ᠂ 1950 ᠤᠨ ᠤ ᠬᠠᠪᠤᠷ ᠲᠠᠮᠠᠭᠠᠨ ᠶᠠᠮᠤᠨ ᠤ ᠪᠤᠷᠬᠠᠨ ᠤ ᠪᠠᠶᠢᠰᠢᠩ ᠳᠠᠬᠢ ᠲᠤᠬ ᠰᠥᠯᠳᠠ᠂ ᠲᠠᠬᠢᠬᠤ ᠪᠤᠷᠬᠠᠨ ᠵᠡᠷᠭᠡ ᠶᠠᠭᠤᠮᠠᠰ ᠢ ᡀᠠᠸᠠᠩᠵᠠᠪ ᠨᠤᠶᠠᠨ ᠤ ᠵᠠᠬᠢᠶ᠎ᠠ ᠶᠤᠰᠤ ᠪᠠᠷ ᠴᠥᠮ ᠢ ᠲᠠᠰᠢᠴᠦ᠋ᠢᠯᠢᠩ ᠰᠥᠮ᠎ᠠ ᠳᠤ ᠲᠠᠩᠰᠠᠯᠠᠨ ᠲᠤᠰᠢᠶᠠᠵᠡᠢ᠃ ᠲᠤᠬᠠᠢ ᠶᠢᠨ ᠥᠶ᠎ᠠ ᠶᠢᠨ ᠰᠥᠮ᠎ᠠ ᠶᠢᠨ ᠮᠡᠳᠡᠭᠡᠴᠢᠨ ᠠᠴᠠ ᠲᠤᠬ᠂ ᠪᠤᠤ᠂ ᠲᠤᠩ ᠵᠡᠷᠭᠡ ᠶᠢ ᠰᠥᠮ᠎ᠠ ᠶᠢᠨ ᠶᠡᠭᠡ ᠵᠢᠰᠠ ᠳᠤ ᠵᠤᠬᠢᠴᠠᠭᠤᠯᠤᠨ ᠲᠠᠯᠪᠢᠵᠡᠢ᠃  ᠵᠤᠯ ᠪᠤᠰᠤ ᠪᠠᠷ 1951 ᠤᠨ ᠳᠤ ᠶᠡᠭᠡ ᠵᠢᠰᠠ ᠳᠤ ᠭᠠᠯ ᠤᠷᠤᠵᠤ᠂ ᠬᠤᠰᠢᠭᠤᠨ ᠤ ᠲᠤᠬ ᠰᠢᠳᠠᠬᠳᠠᠬᠰᠠᠨ ᠤᠴᠢᠷ ᠭᠠᠷᠴᠠᠢ᠃ ᠲᠤᠬᠠᠢ ᠶᠢᠨ ᠴᠠᠬ ᠲᠤ ᠰᠥᠮ᠎ᠠ ᠶᠢᠨ ᠭᠡᠰᠬᠦᠢ ᠪᠠᠶᠢᠬᠰᠠᠨ ᠢᠰᠢᠭᠠᠯᠰᠠᠩ ︵ᠮᠠᠩᠵᠤᠭᠠᠢ︶ ᠰᠠᠨᠳᠤᠷᠴᠤ ᠪᠤᠳᠤᠬᠴᠢᠨ ᠽᠥᠡᠭᠳᠤᠢ ᠶᠢ ᠲᠠᠭᠤᠳᠠᠨ ᠲᠤᠬ ᠰᠥᠯᠳᠠ ᠶᠢ ᠤᠬ ᠶᠤᠰᠤ ᠪᠠᠷ ᠨᠢ ᠵᠢᠷᠤᠭᠤᠯᠵᠤ᠂ ᠲᠠᠷᠠᠭ᠎ᠠ ᠡᠳᠤᠷ ᠨᠢ ᠬᠥᠨᠡᠷᠡᠭ ᠤᠨ ᠵᠢᠰᠠ ᠳᠤ ᠲᠠᠯᠪᠢᠵᠤ ᠪᠠᠶᠢᠭᠠᠳ ᠲᠤᠩ ᠥᠯᠢᠶᠡᠨ ᠭᠡᠨᠭᠭᠡᠷᠭᠡ ᠴᠠᠩ ᠴᠤᠬᠢᠵᠤ ᠳ᠋ᠠᠯᠬ᠎ᠠ ᠨᠤᠮ ᠤᠡᠭᠰᠢᠨ ᠰᠢᠨ᠎ᠠ ᠪᠠᠷ ᠬᠢᠭᠰᠡᠨ ᠲᠤᠬ ᠰᠥᠯᠳᠠ ᠪᠠᠨ ᠲᠠᠬᠢᠵᠡᠢ᠃ ᠡᠨᠡ ᠤᠳᠠᠭ᠎ᠠ ᠳᠤ ᠵᠠᠰᠠᠬ ᠨᠤᠶᠠᠨ᠂ ᠰᠠᠶᠢᠳ ᠲᠥᠰᠢᠮᠡᠳ ᠲᠤ ᠥᠯᠥ ᠮᠡᠳᠡᠭᠳᠡᠨ ᠰᠥᠮ᠎ᠠ ᠶᠢᠨ ᠲᠤᠳᠤᠷ᠎ᠠ ᠪᠠᠨ ᠲᠥᠬᠦᠮᠭᠡᠨ ᠶᠤᠰᠤᠯᠠᠯ ᠬᠢᠭᠡᠳ ᠥᠡᠭᠭᠡᠷᠡᠵᠡᠢ᠃ ᠲᠤᠰ ᠲᠤᠬ ᠰᠥᠯᠳᠠ ᠶᠢ ᠲᠠᠮᠠᠭ᠎ᠠ ᠶᠢᠨ ᠭᠠᠵᠠᠷ ᠲᠠᠬᠢᠳᠠᠬ ᠶᠠᠩᠵᠤ ᠪᠠᠷ ᠲᠠᠬᠢᠵᠤ ᠲᠠᠪᠢᠬᠯᠠᠵᠤ ᠪᠠᠶᠢᠭᠠᠳ ᠰᠤᠶᠤᠯ ᠤᠨ ᠬᠤᠪᠢᠰᠬᠠᠯ ᠤᠨ ᠥᠶ᠎ᠠ ᠳᠤ ᠬᠥᠷᠴᠤ᠂ ᠰᠥᠮ᠎ᠠ ᠭᠡᠶᠢᠳ ᠤᠨ ᠪᠥᠬᠦ ᠶᠠᠭᠤᠮ᠎ᠠ ᠶᠢᠨ ᠰᠦᠢᠳᠬᠦ ᠶᠢ ᠲᠠᠭᠠᠯᠳᠤᠨ ᠰᠦᠢᠳᠪᠡ᠃         ︵ᠲᠥᠷᠪᠡ︶ ᠲᠤᠬᠴᠢᠨ ᠤᠳᠤᠮ ᠵᠢᠴᠢ ᠲᠡᠳᠡᠨ ᠤ ᠬᠤᠶᠢᠴᠢᠰ         ᠠᠷᠠᠪᠵᠤᠷ ᠲᠠᠶᠢᠵᠢ ᠢᠵᠢᠯ ᠵᠠᠢ ᠠᠴᠠ ᠭᠠᠷᠬᠤ ᠥᠶ᠎ᠠ ᠳᠡᠭᠡᠨ ᠠᠷᠪᠠᠨ ᠭᠤᠷᠪᠠᠨ ᠤᠳᠤᠮ ᠤᠨ ᠠᠶᠢᠯ ᠲᠠᠭᠠᠭᠤᠯᠤᠨ ᠭᠠᠷᠴᠤ ᠢᠷᠡᠭᠰᠡᠨ ᠭᠡᠳᠡᠭ ᠪᠥᠭᠡᠳ ᠲᠡᠳᠡᠭᠡᠷ ᠤᠨ ᠲᠤᠳᠤᠷ᠎ᠠ ᠲᠤᠬᠴᠢᠨ ᠤᠳᠤᠮ ᠤᠨ ᠬᠢᠨ ᠭᠡᠵᠤ ᠪᠠᠶᠢᠵᠡᠢ᠃ 1995 ᠤᠨ ᠳᠤ ᠲᠠᠯᠠᠨ ᠭᠤᠷᠪᠠᠨ ᠨᠠᠰᠤᠳᠠᠢ ᠲᠤᠬᠴᠢᠨ ᠤᠳᠤᠮ ᠤᠨ ᠬᠤᠶᠢᠴᠢᠰ ᠪᠤᠯᠬᠤ ᠳ᠋ᠠᠯᠠᠬᠵᠠᠪ ᠭᠤᠸᠠᠢ ᠲᠡᠬᠦᠨ ᠤ ᠲᠡᠭᠡᠳᠤᠬᠦᠯ ᠤᠨ ᠢᠶᠠᠨ ᠲᠤᠬᠠᠢ ᠶᠠᠷᠢᠬᠤ ᠳᠠᠭᠠᠨ᠄ ︽ᠮᠢᠨᠤ ᠠᠪᠤ ᠪᠠᠰᠠ ᠶᠡᠭᠡ ᠶᠠᠭᠤᠮ᠎ᠠ ᠮᠡᠳᠡᠳᠡᠭ ᠬᠥᠮᠤᠨ ᠪᠠᠶᠢᠯ᠎ᠠ᠂ ᠲᠡᠷᠡ ᠠᠷᠠᠪᠵᠤᠷ ᠲᠠᠶᠢᠵᠢ ᠢᠵᠢᠯ ᠠᠴᠠ ᠬᠤᠮᠴᠢ ᠶᠢᠨ ᠬᠢᠨ᠂ ᠬᠤᠷᠢᠮᠳᠤ ᠶᠢᠨ ᠬᠢᠨ᠂ ᠲᠠᠷᠬᠠᠨ ᠤ ᠬᠢᠨ᠂ ᠲᠤᠬᠴᠢᠨ ᠤ ᠬᠢᠨ᠂ ᠠᠩᠴᠢᠨ ᠤ ᠬᠢᠨ᠂ ᠴᠢᠩᠨᠠᠭᠠᠴᠢ ᠶᠢᠨ ᠬᠢᠨ ᠭᠡᠳ ᠠᠷᠪᠠᠨ ᠭᠤᠷᠪᠠᠨ ᠤᠳᠤᠮ ᠤᠨ ᠠᠶᠢᠯ ᠲᠠᠭᠠᠭᠤᠯᠵᠤ ᠭᠠᠷᠴᠤ ᠢᠷᠡᠭᠰᠡᠨ ᠭᠡᠳᠡᠭ᠃  ᠮᠠᠨ ᠤ ᠲᠡᠭᠡᠳᠤᠬᠦᠯ ᠢ ᠲᠤᠬᠴᠢᠨ ᠤᠳᠤᠮ ᠤᠨ ᠬᠢᠨ ᠭᠡᠳᠡᠭ᠂ ᠠᠷᠠᠪᠵᠤᠷ ᠲᠠᠶᠢᠵᠢ ᠶᠢ ᠲᠠᠭᠠᠵᠤ ᠲᠤᠬᠴᠢᠨ ᠯᠤᠽᠤᠩ ᠭᠡᠳᠡᠭ ᠬᠥᠮᠤᠨ ᠭᠠᠷᠴᠠᠢ᠃  ᠯᠤᠽᠤᠩ ᠤᠨ ᠬᠥᠪᠡᠬᠦᠨ ᠲᠤᠭᠤᠯ ᠵᠠᠭᠠᠨ᠂ ᠲᠤᠭᠤᠯ ᠵᠠᠭᠠᠨ ᠤ ᠬᠥᠪᠡᠬᠦᠨ ᠰᠤᠤᠳᠠ᠂ ᠰᠤᠤᠳᠠ ᠶᠢᠨ ᠬᠥᠪᠡᠬᠦᠨ ᠬᠠᠯᠳᠠᠷ᠂ ᠬᠠᠯᠳᠠᠷ ᠤᠨ ᠬᠥᠪᠡᠬᠦᠨ ᠬᠥᠭᠡ ᠰᠤᠨᠤᠮ᠂ ᠬᠥᠭᠡ ᠰᠤᠨᠤᠮ ᠤᠨ ᠬᠥᠪᠡᠬᠦᠨ ᠪᠤᠷᠤᠴᠢ᠂ ᠪᠤᠷᠤᠴᠢ ᠶᠢᠨ ᠬᠥᠪᠡᠬᠦᠨ ᠮᠢᠨᠤ ᠠᠪᠤ ᠮᠢᠨᠵᠤᠤᠷ᠂ ᠨᠠᠮᠠᠢᠢ ᠪᠤᠳᠤᠪᠠᠯ ᠤᠳᠤ ᠪᠤᠯᠳᠠᠯ᠎ᠠ ᠶᠢᠰᠤᠳᠤᠭᠡᠷ ᠥᠶ᠎ᠠ ᠲᠡᠭᠡᠷ᠎ᠠ ᠪᠠᠨ ᠶᠠᠪᠤᠵᠤ ᠪᠠᠶᠢᠨ᠎ᠠ᠃  ᠲᠤᠬᠴᠢᠨ ᠤᠳᠤᠮ ᠤᠨ ᠬᠢᠨ ᠲᠠᠶᠢᠨ ᠤ ᠴᠠᠬ ᠲᠤ ᠵᠢᠬᠰᠠᠭᠠᠯ ᠤᠨ ᠡᠮᠤᠨ᠎ᠠ ᠲᠤᠬ ᠢᠶᠠᠨ ᠪᠠᠷᠢᠵᠤ ᠶᠠᠪᠤᠬᠤ᠂ ᠲᠤᠯᠤᠯᠳᠤᠭᠠᠨ ᠤ ᠲᠤᠮᠳᠠ ᠲᠤᠬ ᠢᠶᠠᠨ ᠬᠠᠮᠠᠭᠠᠯᠠᠬᠤ᠂ ᠡᠩᠭᠡ ᠲᠠᠶᠢᠪᠤᠡᠭ ᠴᠠᠬ ᠲᠤ ᠲᠤᠬ ᠢᠶᠠᠨ ᠬᠠᠳᠠᠭᠠᠯᠠᠬᠤ᠂ ᠲᠠᠬᠢᠯᠭ᠎ᠠ ᠲᠠᠶᠢᠯᠭ᠎ᠠ ᠶᠢᠨ ᠴᠠᠬ ᠲᠤ ᠲᠤᠬ ᠤᠨ ᠲᠠᠬᠢᠯᠭ᠎ᠠ ᠳᠤ ᠤᠷᠤᠯᠴᠠᠬᠤ ᠵᠡᠷᠭᠡ ᠠᠵᠢᠯ ᠠᠯᠪᠠ ᠶᠢ ᠬᠥᠢᠴᠡᠤᠠᠭᠡᠳᠡᠭ ᠪᠠᠶᠢᠬᠰᠠᠨ ᠭᠡᠳ ᠶᠠᠷᠢᠳᠠᠬ ᠪᠠᠶᠢᠯ᠎ᠠ︾ ᠭᠡᠮᠡᠨ ᠤᠮᠤᠬᠳᠠᠶᠢᠬᠠᠨ ᠮᠥᠷᠳᠡᠭᠡᠨ ᠤᠷᠮᠠᠳᠠᠶᠢᠬᠠᠨ ᠶᠠᠷᠢᠵᠤ ᠪᠠᠶᠢᠬᠰᠠᠨ ᠮᠥᠷᠳᠡᠭᠡᠨ ᠥᠪᠡᠷ ᠤᠨ ᠨᠠᠷ᠎ᠠ ᠪᠠᠨ ᠴᠤ ᠡᠨᠡ ᠲᠤᠬ ᠤᠨ ᠬᠤᠯᠪᠤᠭ᠎ᠠ ᠲᠠᠢ᠂ ᠲᠠᠶᠢᠴᠢᠨ ᠲᠡᠭᠷᠢ ᠳᠤ ᠲᠠᠭᠠᠳᠬᠠᠮᠤᠢ ᠭᠡᠰᠡᠨ ᠤᠳᠬ᠎ᠠ ᠲᠠᠢ ᠥᠭᠡ ᠶᠤᠮ ᠭᠡᠵᠤ ᠪᠠᠶᠢᠪᠠ᠃ ᠳ᠋ᠠᠯᠬᠠᠵᠠᠪ ᠨᠠᠰᠤᠳᠠᠨ ᠤ ᠬᠥᠪᠡᠬᠦᠨ ᠢᠳᠡᠮᠵᠠᠪ᠂ ᠰᠤᠩᠭᠤᠷᠤᠪ᠂ ᠲᠥᠪᠳᠤᠨ᠂ ᠠᠶᠤᠷᠵᠠᠨ᠎ᠠ ᠭᠡᠵᠤ ᠪᠠᠶᠢᠭ᠎ᠠ ᠪᠥᠭᠡᠳ ᠪᠥᠷ ᠲᠤᠬᠴᠢᠨ ᠤᠳᠤᠮ ᠤᠨ ᠬᠤᠶᠢᠴᠢᠰ ᠪᠤᠯᠬᠤ ᠶᠤᠮ᠃                     ︵︽ᠡᠵᠡᠨ᠎ᠠ ᠲᠤᠷᠭᠤᠳ ᠤᠨ ᠶᠤᠰᠤ ᠵᠠᠩᠰᠢᠯ ᠤᠨ ᠤᠯᠠᠮᠵᠢᠯᠠᠯ ᠰᠢᠨᠡᠴᠢᠯᠡᠯ︾ ᠨᠤᠮ ᠠᠴᠠ︶  ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号