| | ᠬᠠᠷ᠎ᠠ ᠬᠤᠲᠠ ᠶᠢᠨ ᠪᠠᠭᠤᠷᠢ ᠨᠢ ᠪᠠᠳᠡᠢ ᠶᠢᠨ ᠵᠢᠷᠠᠨ ᠡᠯᠡᠰᠤᠨ ᠤ ᠪᠠᠷᠠᠭᠤᠨ ᠬᠤᠶᠢᠳᠤ ᠬᠦᠪᠡᠭᠡᠨ ᠳᠤ | ᠪᠠᠶᠢᠷᠢᠰᠢᠵᠤ᠂ ᠡᠵᠡᠨ᠎ᠡ ᠬᠤᠰᠢᠭᠤᠨ ᠤ ᠲᠦᠪ ᠪᠤᠯᠬᠤ ᠲᠠᠯᠠᠶᠢᠬᠦ᠋ᠪ ᠪᠠᠯᠭᠠᠰᠤᠨ ᠠᠴᠠ ᠵᠡᠬᠦᠨ ᠡᠮᠦᠨᠡᠰᠢ 25 | ᠺᠢᠯᠦᠮᠧᠳ᠋ᠷ ᠵᠠᠶᠢᠳᠡᠢ ᠪᠠᠶᠢᠳᠠᠭ᠃ ᠪᠠᠳᠡᠢ ᠶᠢᠨ ᠵᠢᠷᠠᠨ ᠤ ᠪᠠᠷᠠᠭᠤᠨ ᠬᠤᠶᠢᠳᠤ ᠬᠦᠪᠡᠭᠡ ᠳᠠᠭᠠᠤ ᠤᠷᠤᠨ ᠢᠶᠠᠷ | ᠤᠷᠤᠰᠢᠵᠤ ᠪᠠᠶᠢᠭ᠎ᠠ ᠬᠠᠷ᠎ᠠ ᠭᠤᠤᠯ ᠤᠨ ᠲᠤᠤᠷᠠᠳᠤ ᠤᠷᠤᠰᠬᠠᠯ ᠤᠨ ᠦᠷᠬᠡᠨ ᠠᠭᠤᠳᠠᠮ ᠰᠠᠪᠠ ᠭᠠᠵᠠᠷ ᠨᠢ ᠬᠦᠮᠦᠨ | ᠲᠦᠷᠦᠯᠬᠢᠲᠡᠨ ᠠᠯᠢ ᠡᠷᠳᠡ ᠪᠠᠯᠠᠷ ᠡᠷᠳᠡᠨ ᠤ ᠦᠶ᠎ᠡ ᠠᠴᠠ ᠪᠠᠨ ᠤᠷᠤᠰᠢᠨ ᠠᠮᠢᠳᠤᠷᠠᠵᠤ ᠪᠠᠶᠢᠭᠰᠠᠨ ᠦᠯᠦᠭᠡᠢ | ᠨᠤᠳᠤᠭ ᠪᠤᠯᠬᠤ ᠶᠤᠮ᠃ | ᠡᠨᠡᠬᠦ ᠬᠠᠷ᠎ᠠ ᠭᠤᠤᠯ ᠤᠨ ᠲᠤᠤᠷᠠᠳᠤ ᠤᠷᠤᠰᠬᠠᠯ ᠤᠨ ᠡᠵᠡᠨ᠎ᠡ ᠳᠠᠬᠢ ᠬᠡᠰᠡᠭ ᠢ ᠪᠠᠰᠠ ᠡᠵᠡᠨ᠎ᠡ ᠭᠤᠤᠯ | ᠬᠡᠳᠡᠭ᠃ ᠡᠨᠡ ᠡᠵᠡᠨ᠎ᠡ ᠭᠤᠤᠯ ᠤᠨ ᠦᠷᠭᠡᠨ ᠠᠭᠤᠳᠠᠮ ᠰᠠᠪᠠ ᠭᠠᠵᠠᠷ ᠵᠢᠴᠢ ᠨᠠᠭᠤᠷ ᠪᠦᠷᠢᠳᠤ ᠶᠢᠨ ᠤᠷᠤᠨ ᠢ | ᠶᠡᠷᠤᠩᠭᠡᠢ ᠳᠤᠨᠢ ︽ᠵᠢᠤᠢ ᠶᠠᠨ ᠤᠷᠤᠨ︾ ᠬᠡᠳᠡᠭ ᠪᠠᠶᠢᠭᠰᠠᠨ ᠪᠤᠯᠤᠯᠳᠡᠢ᠃ ᠡ᠊ᠨᠳᠡ ᠪᠠᠯᠠᠷ ᠡᠷᠲᠡᠨ ᠤ ᠬᠦᠮᠦᠨ | ᠲᠦᠷᠦᠯᠬᠢᠲᠡᠨ ᠤ ᠴᠢᠯᠠᠭᠤᠨ ᠪᠠᠭᠠᠵᠢ ᠵᠡᠪᠰᠡᠭ ᠤᠨ ᠦᠯᠡᠳᠡᠭᠳᠡᠯ ᠠᠴᠠ ᠡᠬᠢᠯᠡᠨ ᠬᠠᠨ᠂ ᠲᠠᠩ᠂ ᠪᠠᠷᠠᠭᠤᠨ ᠰᠢᠶᠠ᠂ | ᠶᠤᠸᠠᠨ ᠵᠡᠷᠬᠡ ᠲᠦᠷᠦ ᠨᠦᠭᠦᠳ ᠤᠨ ᠬᠤᠳᠠ ᠪᠠᠷᠢᠯᠭ᠎ᠠ ᠶᠢᠨ ᠪᠠᠭᠤᠷᠢ ᠤᠯᠠᠨ ᠪᠤᠢ᠃ ᠡᠳᠡᠭᠡᠷ ᠡᠷᠲᠡᠨ ᠤ | ᠪᠠᠭᠤᠷᠢ ᠶᠢᠨ ᠲᠤᠳᠤᠷ᠎ᠠ ᠬᠠᠷ᠎ᠠ ᠬᠤᠳᠠ ᠶᠢᠨ ᠪᠠᠭᠤᠷᠢ ᠨᠢ ᠨᠡᠯᠢᠶᠡᠳ ᠪᠦᠷᠢᠨ ᠪᠦᠳᠦᠨ ᠪᠠᠶᠢᠵᠤ᠂ ᠤᠯᠤᠰ ᠤᠨ | ᠲᠤᠳᠤᠭᠠᠳᠤ ᠭᠠᠳᠠᠭᠠᠳᠤ ᠳᠤ ᠠᠯᠳᠠᠷᠰᠢᠭᠰᠠᠨ ᠪᠠᠶᠢᠨ᠎ᠠ᠃ | ᠡᠨᠡ ᠬᠤᠳᠠ ᠶᠢᠨ ᠡᠷᠬᠢᠨ ᠲᠤᠭᠤᠷᠢᠨ ᠤ ᠪᠠᠬᠢᠯᠠᠯᠳᠡ ᠶᠢᠨ ᠬᠡᠷᠡᠮ ᠨᠢ ᠵᠡᠬᠦᠨᠰᠢ ᠪᠠᠷᠠᠭᠤᠨᠰᠢ | ᠤᠷᠳᠤ ᠪᠠᠷ ᠢᠶᠠᠨ 434 ᠮᠧᠳ᠋ᠷ᠂ ᠡᠮᠦᠨᠡᠰᠢ ᠬᠤᠶᠢᠰᠢ 384 ᠮᠧᠳ᠋ᠷ ᠦᠷᠬᠡᠨ ᠪᠤᠢ᠃ ᠡᠨᠡᠬᠦ ᠬᠡᠷᠡᠮ ᠨᠢ ᠱᠠᠳᠤᠯᠵᠢᠨ | ᠬᠡᠯᠪᠡᠷᠢ ᠲᠠᠢ᠂ ᠰᠠᠭᠤᠷᠢ ᠶᠢᠨ ᠦᠷᠬᠡᠨ ᠨᠢ 11 ᠮᠧᠳ᠋ᠷ ᠲᠤ ᠬᠦᠷᠴᠤ᠂ ᠳᠡᠭᠡᠳᠤ ᠤᠷᠤᠢ ᠶᠢᠨ ᠦᠷᠬᠡᠨ ᠨᠢ ᠴᠦ 3 | ᠮᠧᠳ᠋ᠷ ᠲᠤ ᠬᠦᠷᠴᠤ᠂ ᠬᠠᠮᠤᠭ ᠦᠨᠳᠦᠷ ᠬᠡᠰᠡᠭ ᠨᠢ 10 ᠮᠧᠳ᠋ᠷ ᠪᠠᠶᠢᠳᠠᠭ᠃ ᠬᠤᠳᠠ ᠶᠢᠨ ᠪᠠᠬᠢᠯᠡᠯᠳᠠ ᠶᠢᠨ | ᠬᠡᠷᠡᠮ ᠤᠨ ᠵᠡᠭᠦᠨ ᠪᠠᠷᠠᠭᠤᠨ ᠬᠤᠶᠠᠷ ᠲᠠᠯ᠎ᠠ ᠳᠤ ᠲᠤᠰ ᠪᠦᠷᠢ ᠨᠢᠭᠡ ᠬᠤᠳᠠ ᠶᠢᠨ ᠡᠭᠦᠳᠠ ᠲᠠᠢ᠃ ᠳᠤᠳᠤᠷ᠎ᠠ ᠨᠢ | ᠨᠤᠶᠠᠨ ᠤ ᠤᠷᠳᠤᠨ᠂ ᠤᠷᠳᠤ᠂ ᠰᠠᠩ ᠬᠦᠮᠦᠷᠬᠡ᠂ ᠰᠦᠮ᠎ᠡ ᠬᠡᠶᠢᠳ᠂ ᠰᠠᠭᠤᠭᠠᠯᠢ ᠠᠷᠠᠳ ᠤᠨ ᠬᠡᠷ ᠤᠷᠤᠨ᠂ | ᠵᠡᠬᠡᠯᠢ ᠭᠤᠳᠤᠮᠵᠢ ᠵᠡᠷᠬᠡ ᠶᠢᠨ ᠪᠠᠷᠢᠯᠭ᠎ᠠ ᠨᠤᠭᠤᠳ ᠤᠨ ᠤᠷᠤ ᠦᠯᠡᠳᠡᠭᠳᠡᠯ ᠲᠤᠳᠤᠷᠬᠠᠢ ᠪᠠᠶᠢᠳᠠᠭ᠃ | ᠬᠤᠳᠠ ᠶᠢᠨ ᠬᠡᠷᠡᠮ ᠤᠨ ᠭᠠᠳᠠᠨ᠎ᠠ ᠪᠠᠷᠠᠭᠤᠨ ᠬᠤᠶᠢᠳᠤ ᠵᠠᠬ᠎ᠠ ᠳᠤ ᠪᠠᠶᠢᠭ᠎ᠠ ᠨᠢᠭᠡᠨ ᠪᠤᠷᠬᠠᠨ ᠱᠠᠰᠢᠨ ᠤ | ᠰᠤᠪᠤᠷᠭ᠎ᠠ ᠪᠤᠯᠤᠨ ᠪᠠᠷᠠᠭᠤᠨ ᠡᠮᠦᠨ᠎ᠡ ᠵᠠᠬ᠎ᠠ ᠳᠤ ᠪᠠᠶᠢᠷᠢᠰᠢᠭᠰᠠᠨ ᠢᠰᠯᠠᠮ ᠤᠨ ᠱᠠᠰᠢᠨ ᠤ ᠨᠢᠭᠡ ᠰᠤᠪᠤᠷᠭ᠎ᠠ | ᠵᠡᠷᠬᠡ ᠨᠢ ᠦᠨᠳᠦᠰᠦᠨ ᠳᠡᠭᠡᠨ ᠤᠤᠯ ᠬᠡᠪ ᠢᠶᠠᠨ ᠬᠠᠳᠠᠭᠠᠯᠠᠨ ᠰᠦᠨᠳᠡᠷᠯᠡᠵᠤ ᠪᠤᠢ᠃ ᠮᠦᠨ ᠴᠦ ᠬᠤᠳᠠ ᠶᠢᠨ | ᠭᠠᠳᠠᠨᠠᠬᠢ ᠡᠷᠬᠢᠨ ᠲᠤᠭᠤᠷᠢᠨ ᠤ ᠵᠠᠬ᠎ᠠ ᠬᠢᠵᠠᠭᠠᠷ ᠤᠨ ᠠᠭᠤᠳᠠᠮ ᠲᠠᠯ᠎ᠠ ᠭᠠᠵᠠᠷ ᠢᠶᠠᠷ ᠬᠤᠳᠠ ᠶᠢᠨ ᠠᠷᠠᠳ ᠤᠳ ᠤᠨ | ᠲᠠᠷᠢᠶᠠᠯᠠᠵᠤ ᠪᠠᠶᠢᠭᠰᠠᠨ ᠲᠠᠷᠢᠶᠠᠨ ᠲᠠᠭ᠂ ᠤᠰᠤᠨ ᠰᠤᠪᠠᠭ ᠤᠳ ᠤᠨ ᠤᠷᠤ ᠮᠦᠷ ᠪᠠᠰᠠ ᠲᠤᠳᠤᠷᠬᠠᠢ ᠬᠠᠷᠠᠭᠳᠠᠵᠤ | ᠪᠠᠶᠢᠳᠠᠭ᠃ | ᠵᠠᠷᠢᠮ ᠲᠡᠤᠬᠡ ᠶᠢᠨ ᠡᠷᠳᠡᠮᠳᠡᠨ ᠡᠨᠡ ᠬᠠᠷ᠎ᠠ ᠬᠤᠳᠠ ᠶᠢ ᠬᠠᠨ ᠤᠯᠤᠰ ᠤᠨ ᠦᠶ᠎ᠡ ᠳᠤ ᠪᠠᠶᠢᠭᠤᠯᠤᠭᠳᠠᠭᠰᠠᠨ | ᠪᠠᠶᠢᠵᠤ ᠮᠡᠳᠡᠨ᠎ᠡ ᠬᠡᠵᠤ ᠦᠵᠡᠵᠤ ᠪᠤᠢ᠃ ᠡᠨᠡ ᠦᠵᠡᠯᠳᠡ ᠵᠦᠪ ᠡᠰᠡᠬᠦ ᠨᠢ ᠲᠤᠳᠤᠷᠬᠠᠢ ᠦᠭᠡᠢ᠃ ᠬᠡᠪᠡᠴᠤ ᠬᠠᠮᠢᠶ᠎ᠠ | ᠪᠦᠬᠦᠢ ᠲᠡᠤᠬᠡ ᠶᠢᠨ ᠮᠠᠲ᠋ᠧᠷᠢᠶᠠᠯ ᠤᠳ ᠢ ᠦᠵᠡᠪᠡᠯ ᠡᠨᠡ ᠬᠠᠷ᠎ᠠ ᠬᠤᠳᠠ ᠨᠢ 1038 ᠤᠨ ᠠᠴᠠ ᠬᠤᠶᠢᠰᠢ | ᠡᠭᠦᠰᠴᠤ ᠬᠦᠭᠵᠢᠵᠤ ᠮᠠᠨᠳᠤᠭᠰᠠᠨ ᠪᠤᠯᠤᠯᠳᠡᠢ᠃ | 1038 ᠤᠨ ᠳᠤ ᠪᠠᠷᠠᠭᠤᠨ ᠰᠢᠶᠠ ᠤᠯᠤᠰ ᠤᠨ ᠸᠠᠩ ᠯᠢ ᠶᠤᠸᠠᠨ ᠬᠤᠤ ᠪᠦᠬᠦ ᠤᠯᠤᠰ ᠤᠨ ᠢᠶᠠᠨ | ᠬᠡᠪᠴᠢᠶᠡᠨ ᠳᠤ ᠠᠷᠪᠠᠨ ᠬᠤᠶᠠᠷ ᠴᠡᠷᠢᠭ ᠤᠨ ᠶᠠᠪᠤᠳᠠᠯ ᠤᠨ ᠬᠠᠮᠢᠶᠠᠷᠤᠯᠳᠠ ᠶᠢᠨ ᠬᠠᠷᠢᠶᠠᠳᠤ ᠤᠷᠤᠨ ᠢ ᠪᠠᠶᠢᠭᠤᠯᠵᠤ᠂ | ᠲᠤᠬᠠᠢ ᠶᠢᠨ ᠦᠶ᠎ᠡ ᠶᠢᠨ ᠡᠮᠦᠨᠡᠳᠤ ᠰᠦᠩ᠂ ᠵᠡᠬᠦᠨ ᠯᠢᠶᠤᠤ ᠤᠯᠤᠰ ᠢ ᠰᠡᠷᠬᠡᠶᠢᠯᠡᠬᠦ ᠠᠴᠠ ᠭᠠᠳᠠᠨ᠎ᠠ ᠪᠠᠰᠠ | ᠤᠮᠠᠷᠠᠳᠠᠬᠢᠨ ᠤ ᠵᠢᠦᠢ ᠶᠠᠨ ᠤ ᠬᠤᠶᠢᠭᠤᠷ ᠪᠠᠶᠢᠭ᠎ᠠ ᠬᠦᠴᠦᠷᠬᠡᠭ ᠶᠡᠭᠡ ᠮᠤᠩᠭᠤᠯ ᠤᠯᠤᠰ ᠡᠮᠦᠨᠡᠰᠢ ᠲᠦᠷᠢᠬᠦ ᠶᠢ | ᠬᠤᠷᠢᠭᠯᠠᠬᠤ ᠪᠠᠷ ᠵᠤᠷᠢᠭᠰᠠᠨ ᠪᠠᠶᠢᠨ᠎ᠠ᠃ ᠡᠭᠦᠨ ᠳᠤ ᠤᠮᠠᠷᠠᠳᠤ ᠶᠢᠨ ᠶᠡᠭᠡ ᠮᠤᠩᠭᠤᠯ ᠤᠯᠤᠰ ᠤᠨ ᠲᠦᠷᠢᠯᠳᠠ ᠶᠢ | ᠰᠡᠷᠬᠡᠶᠢᠯᠡᠬᠦ ᠪᠠᠷ ᠵᠢᠤᠢ ᠶᠠᠨ ᠤᠷᠤᠨ ᠳᠤ ᠸᠧᠢ ᠹᠦ᠋ ᠵᠢᠶᠦ᠋ᠨ ᠰᠧ ᠬᠡᠮᠡᠬᠦ ᠶᠢ ᠪᠠᠶᠢᠭᠤᠯᠤᠭᠰᠠᠨ ᠨᠢ ᠲᠠᠷᠤᠢ ᠬᠠᠷ᠎ᠠ | ᠬᠤᠳᠠ ᠶᠢᠨ ᠪᠠᠶᠢᠭᠤᠯᠤᠯᠳᠠ ᠪᠤᠯᠬᠤ ᠶᠤᠮ᠃ | ᠪᠠᠷᠠᠭᠤᠨ ᠰᠢᠶᠠ ᠤᠯᠤᠰ ᠡᠨᠡ ᠬᠠᠷ᠎ᠠ ᠬᠤᠳᠠ ᠶᠢ ᠪᠦᠳᠦᠭᠡᠨ ᠪᠠᠶᠢᠭᠤᠯᠬᠤ ᠶᠢᠨ ᠲᠠᠭᠠᠤ ᠬᠢᠯᠢ ᠬᠢᠵᠠᠭᠠᠷ | ᠤᠷᠤᠨ ᠢᠶᠠᠨ ᠰᠡᠷᠬᠡᠶᠢᠯᠡᠨ ᠬᠠᠮᠠᠭᠠᠯᠠᠬᠤ ᠪᠠᠷ ᠭᠤᠤᠯ ᠪᠤᠯᠭᠠᠵᠤ᠂ ᠲᠠᠷᠢᠶᠠᠯᠠᠬᠤ᠂ ᠮᠠᠯᠵᠢᠬᠤ ᠵᠢᠴᠢ ᠨᠤᠤᠰᠤᠨ ᠨᠡᠬᠡᠮᠡᠯ᠂ | ᠬᠡᠪᠢᠰ ᠵᠡᠷᠬᠡ ᠶᠢᠨ ᠦᠢᠯᠡᠳᠪᠦᠷᠢ ᠬᠤᠳᠠᠯᠳᠤᠭ᠎ᠠ ᠶᠢ ᠡᠷᠬᠢᠯᠡᠵᠤ ᠬᠦᠭᠵᠢᠶᠡᠨ ᠲᠠᠢ ᠬᠤᠲᠠ ᠪᠤᠯᠭᠠᠵᠡᠢ᠃ | 1226 ᠤᠨ ᠳᠤ ᠴᠢᠩᠬᠢᠰ ᠬᠠᠭᠠᠨ ᠪᠠᠷᠠᠭᠤᠨ ᠰᠢᠶᠠ ᠤᠯᠤᠰ ᠢ ᠲᠠᠶᠢᠯᠠᠨ ᠳᠠᠭᠠᠭᠤᠯᠬᠤ ᠳᠠᠭᠠᠨ ᠶᠠᠭᠤᠨ ᠤ | ᠡᠮᠦᠨ᠎ᠡ ᠡᠨᠡ ᠬᠠᠷ᠎ᠠ ᠬᠤᠳᠠ ᠶᠢ ᠲᠠᠶᠢᠯᠠᠨ ᠠᠪᠤᠭᠰᠠᠨ ᠪᠠᠶᠢᠨ᠎ᠠ᠃ ᠮᠤᠩᠭᠤᠯ ᠤᠨ ᠴᠡᠷᠢᠭ ᠡᠨᠡ ᠬᠠᠷ᠎ᠠ ᠬᠤᠲᠠ ᠶᠢ | ᠡᠵᠡᠯᠡᠨ ᠠᠪᠬᠤ ᠳᠠᠭᠠᠨ ᠬᠦᠮᠦᠨ ᠠᠷᠠᠳ ᠠᠴᠠ ᠨᠢ ᠡᠬᠢᠯᠡᠨ ᠬᠤᠳᠠ ᠶᠢ ᠨᠢ ᠴᠦ ᠬᠤᠬᠢᠷᠠᠭᠤᠯᠵᠤ ᠰᠦᠢᠳᠬᠡᠭᠰᠡᠨ | ᠦᠭᠡᠢ ᠬᠠᠷᠢᠨ ᠮᠤᠩᠭᠤᠯ ᠤᠨ ᠲᠦᠷᠦ ᠪᠤᠯᠬᠤ ᠶᠤᠸᠠᠨ ᠤᠯᠤᠰ ᠤᠨ ᠬᠤᠪᠢᠯᠠᠢ ᠬᠠᠭᠠᠨ 1286 ᠤᠨ ᠳᠤ ᠲᠤᠰ | ᠬᠠᠷ᠎ᠠ ᠬᠤᠳᠠᠨ ᠳᠤ ︽ᠢᠵᠢᠨᠠᠢ ᠯᠤ᠋ ᠶᠢᠨ ᠶᠡᠷᠤᠩᠬᠡᠶᠢᠯᠡᠨ ᠵᠠᠬᠢᠷᠬᠤ ᠹᠦ᠋︾ ᠶᠢ ᠪᠠᠶᠢᠭᠤᠯᠵᠤ᠂ ᠤᠤᠯ ᠤᠨ | ᠬᠤᠳᠠ ᠶᠢ ᠨᠢ ᠴᠢᠨᠠᠭᠰᠢᠳᠠ ᠦᠷᠬᠡᠳᠬᠡᠨ ᠪᠦᠳᠦᠭᠡᠨ ᠪᠠᠶᠢᠭᠤᠯᠵᠤ᠂ ᠵᠢᠦᠢ ᠶᠠᠨ ᠤᠷᠤᠨ ᠤ ᠴᠡᠷᠢᠭ ᠵᠠᠰᠠᠭ ᠤᠨ | ᠬᠡᠷᠡᠭ ᠶᠠᠪᠤᠳᠠᠯ ᠢ ᠶᠡᠷᠤᠩᠭᠡᠶᠢᠯᠡᠨ ᠵᠠᠬᠢᠷᠤᠭᠤᠯᠵᠤ᠂ ᠬᠠᠳᠤᠨ ᠭᠤᠤᠯ ᠤᠨ ᠪᠠᠷᠠᠭᠤᠨ ᠬᠦᠨᠳᠡᠢ ︵ᠡᠾᠧ ᠰᠢ ᠬᠤᠩᠬᠢᠯ︶ | ᠠᠴᠠ ᠪᠠᠷᠠᠭᠤᠨᠰᠢᠬᠢ ᠠᠵᠤ ᠠᠬᠤᠢ ᠪᠠ ᠡᠳ᠋ ᠤᠨ ᠵᠠᠰᠠᠭ ᠤᠨ ᠭᠤᠤᠯ ᠬᠦᠢᠰᠤ ᠪᠤᠯᠭᠠᠭᠰᠠᠨ ᠪᠠᠶᠢᠨ᠎ᠠ᠃ ᠢᠩᠬᠢᠭᠡᠳ | ᠡᠨᠡ ᠬᠠᠷ᠎ᠠ ᠬᠤᠳᠠ ᠨᠢ ᠪᠠᠷᠠᠭᠤᠨ ᠰᠢᠶᠠ ᠤᠯᠤᠰ ᠤᠨ ᠡᠬᠢᠨ ᠤ ᠦᠶ᠎ᠡ ᠠᠴᠠ ᠶᠤᠸᠠᠨ ᠤᠯᠤᠰ ᠤᠨ ᠰᠡᠬᠦᠯᠴᠢ | ᠬᠦᠷᠳᠡᠯ᠎ᠡ 300 ᠭᠠᠷᠤᠢ ᠵᠢᠯ ᠤᠨ ᠴᠡᠷᠢᠭ ᠤᠨ ᠶᠠᠪᠤᠳᠠᠯ᠂ ᠠᠵᠤ ᠠᠬᠤᠢ᠂ ᠰᠤᠶᠤᠯ ᠬᠦᠭᠵᠢᠭᠰᠡᠨ ᠲᠡᠤᠬᠡ ᠶᠢᠨ | ᠲᠤᠮᠤ ᠬᠤᠳᠠ ᠪᠠᠶᠢᠵᠡᠢ᠃ 1368 ᠤᠨ ᠳᠤ ᠵᠤ᠋ ᠶᠤᠸᠠᠨ ᠵᠠᠩ ᠨᠠᠨᠵᠢᠩ ᠳᠤ ᠬᠠᠭᠠᠨ ᠰᠠᠭᠤᠵᠤ᠂ ᠲᠤᠰ ᠵᠢᠯ ᠳᠤ | ᠶᠤᠸᠠᠨ ᠤ ᠶᠡᠭᠡ ᠨᠡᠶᠢᠰᠯᠡᠯ ᠪᠡᠬᠡᠵᠢᠩ ᠢ ᠴᠤᠬᠢᠨ ᠡᠵᠡᠯᠡᠵᠤ᠂ ᠮᠢᠩ ᠤᠯᠤᠰ ᠢ ᠪᠠᠶᠢᠭᠤᠯᠪᠠ᠃ ᠮᠢᠩ ᠤᠯᠤᠰ ᠠᠩᠬ᠎ᠠ | ᠪᠠᠶᠢᠭᠤᠯᠤᠭᠳᠠᠭᠰᠠᠨ ᠤ ᠡᠬᠢᠨ ᠤ ᠵᠢᠯ ᠤᠳ ᠲᠤ ᠶᠤᠸᠠᠨ ᠤᠯᠤᠰ ᠤᠨ ᠬᠢᠵᠠᠭᠠᠷ ᠤᠷᠤᠨ ᠤᠨᠴᠠᠭᠠᠶᠢᠯᠠᠨ ᠤᠮᠠᠷᠠᠳᠤ | ᠤᠷᠤᠨ ᠢᠶᠠᠷ ᠪᠠᠶᠢᠭ᠎ᠠ ᠶᠤᠸᠠᠨ ᠤ ᠴᠡᠷᠢᠭ ᠵᠠᠰᠠᠭ ᠤᠨ ᠬᠦᠴᠦᠨ ᠨᠢ ᠮᠢᠩ ᠤᠯᠤᠰ ᠤᠨ ᠲᠦᠷᠦ ᠲᠠᠢ ᠦᠷᠬᠦᠯᠵᠢᠯᠡᠨ | ᠲᠤᠯᠤᠯᠳᠤᠵᠤ ᠪᠠᠶᠢᠪᠠ᠃ ᠡᠭᠦᠨ ᠳᠤ ᠬᠠᠷ᠎ᠠ ᠬᠤᠳᠠ ᠶᠢ ᠵᠠᠬᠢᠷᠤᠨ ᠰᠠᠭᠤᠭᠰᠠᠨ ᠶᠤᠸᠠᠨ ᠤ ᠮᠤᠩᠭᠤᠯ ᠤᠨ ᠵᠠᠩᠵᠤᠨ | ᠪᠤᠶᠠᠨᠳᠡᠮᠤᠷ ᠪᠤᠯ ᠲᠠᠷᠤᠢ ᠨᠢᠭᠡᠨ ᠵᠢᠱᠢᠶ᠎ᠡ ᠪᠤᠯᠬᠤ ᠶᠤᠮ᠃ | 1372 ᠤᠨ ᠳᠤ ᠮᠢᠩ ᠤᠯᠤᠰ ᠤᠨ ᠶᠡᠭᠡ ᠵᠠᠩᠵᠤᠨ ᠹᠧᠩ ᠱᠧᠩ ᠶᠡᠭᠡ ᠴᠡᠷᠢᠭ ᠢᠶᠠᠷ ᠬᠠᠷ᠎ᠠ ᠬᠤᠳᠠ ᠶᠢ | ᠪᠦᠰᠡᠯᠡᠨ ᠴᠤᠬᠢᠬᠤ ᠳᠤ ᠪᠤᠶᠠᠨᠳᠡᠮᠤᠷ ᠵᠠᠩᠵᠤᠨ ᠴᠡᠷᠢᠭ ᠤᠨ ᠡᠷᠳᠡᠮ ᠴᠢᠳᠠᠯ ᠳᠠᠭᠠᠨ ᠲᠦᠰᠢᠭᠯᠡᠨ᠂ ᠴᠡᠷᠢᠭ ᠢᠶᠠᠨ | ᠤᠳᠤᠷᠢᠳᠤᠨ ᠮᠢᠩ ᠤᠨ ᠶᠡᠭᠡ ᠴᠡᠷᠢᠭ ᠢ ᠤᠳᠠᠭ᠎ᠠ ᠲᠠᠷᠠᠭ᠎ᠠ ᠪᠠᠷ ᠴᠤᠬᠢᠨ ᠤᠬᠤᠷᠢᠭᠤᠯᠪᠠ᠃ ᠡᠭᠦᠨ ᠳᠤ ᠮᠢᠩ ᠤᠨ | ᠴᠡᠷᠢᠭ ᠠᠴᠠ ᠬᠠᠷ᠎ᠠ ᠬᠤᠳᠠ ᠶᠢᠨ ᠴᠤᠷ ᠤᠨ ᠭᠠᠭᠴᠠ ᠤᠰᠤᠨ ᠤ ᠡᠬᠢ ᠰᠤᠷᠪᠤᠯᠵᠢ ᠪᠤᠯᠬᠤ ᠬᠠᠷ᠎ᠠ ᠭᠤᠤᠯ ᠠᠴᠠ | ᠳᠠᠳᠠᠭᠰᠠᠨ ᠬᠡᠰᠡᠭ ᠢ ᠬᠠᠰᠢᠨ ᠲᠠᠰᠤᠯᠵᠤ᠂ ᠬᠤᠳᠠ ᠶᠢᠨ ᠴᠡᠷᠢᠭ ᠠᠷᠠᠳ ᠢ ᠤᠰᠤ ᠪᠠᠷ ᠬᠠᠳᠠᠭᠠᠵᠤ ᠴᠤᠬᠢᠭᠰᠠᠨ ᠳᠤ | ᠬᠠᠷ᠎ᠠ ᠬᠤᠳᠠ ᠡᠴᠤᠰ ᠲᠡᠭᠡᠨ ᠮᠢᠩ ᠤᠯᠤᠰ ᠤᠨ ᠴᠡᠷᠢᠭ ᠲᠤ ᠡᠵᠡᠯᠡᠭᠳᠡᠪᠡ᠃ | ᠡᠨᠡ ᠬᠠᠷ᠎ᠠ ᠬᠤᠳᠠ ᠶᠢ ᠵᠠᠬᠢᠷᠤᠨ ᠰᠠᠭᠤᠵᠤ ᠪᠠᠶᠢᠭᠰᠠᠨ ᠶᠤᠸᠠᠨ ᠤᠯᠤᠰ ᠤᠨ ᠪᠤᠶᠠᠨᠳᠡᠮᠤᠷ ᠵᠠᠩᠵᠤᠨ ᠨᠢ | ᠠᠷᠠᠳ ᠤᠯᠠᠨ᠂ ᠤᠶᠢᠷ᠎ᠠ ᠬᠤᠯᠠ ᠳᠠᠭᠠᠨ ᠬᠦᠷᠢᠶᠡᠯᠡᠭᠳᠡᠭᠰᠡᠨ ᠪᠠᠭᠠᠳᠤᠷ ᠬᠦᠮᠦᠨ ᠪᠠᠶᠢᠵᠤ᠂ ᠨᠤᠳᠤᠭ ᠤᠨ ᠠᠷᠠᠳ ᠤᠨ | ᠤᠯᠠᠮᠵᠢᠯᠠᠯ ᠶᠠᠷᠢᠶᠠᠨ ᠳᠤ ︽ᠬᠠᠷ᠎ᠠ ᠪᠠᠭᠠᠳᠤᠷ ᠵᠠᠩᠵᠤᠨ︾ ᠬᠡᠮᠡᠨ ᠠᠯᠳᠠᠷᠰᠢᠵᠤ᠂ ᠡᠵᠡᠨ᠎ᠡ ᠬᠤᠰᠢᠭᠤ ᠪᠤᠯᠤᠨ | ᠠᠯᠠᠱᠠ ᠪᠠᠷᠠᠭᠤᠨ ᠬᠤᠰᠢᠭᠤᠨ ᠤ ᠨᠤᠳᠤᠭ ᠤᠰᠤ᠂ ᠲᠡᠤᠬᠡ ᠶᠢᠨ ᠲᠤᠷᠠᠰᠬᠠᠯᠳᠤ ᠵᠦᠢᠯ ᠳᠤ ᠬᠤᠯᠪᠤᠭᠳᠠᠭᠰᠠᠨ ᠡᠨᠡᠬᠦ | ᠬᠠᠷ᠎ᠠ ᠪᠠᠭᠠᠳᠤᠷ ᠵᠠᠩᠵᠦᠨ ᠤ ᠦᠯᠢᠬᠡᠷ ᠲᠤᠮᠤᠭ ᠠᠷᠪᠢᠨ ᠪᠠᠶᠢᠳᠠᠭ᠃ | ᠡᠭᠦᠨ ᠳᠤ ᠡᠵᠡᠨ᠎ᠡ ᠶᠢᠨ ᠨᠤᠳᠤᠭ ᠤᠨ ᠤᠯᠠᠮᠵᠢᠯᠠᠯ ᠶᠠᠷᠢᠶ᠎ᠠ ᠪᠠᠷ ᠪᠤᠯ ᠮᠢᠩ ᠤᠯᠤᠰ ᠤᠨ ᠴᠡᠷᠢᠭ ᠡᠨᠡ ᠬᠠᠷ᠎ᠠ | ᠬᠤᠳᠠ ᠶᠢ ᠴᠤᠬᠢᠬᠤ ᠳᠤ ᠬᠠᠷ᠎ᠠ ᠪᠠᠭᠠᠳᠤᠷ ᠵᠠᠩᠵᠤᠨ ᠬᠤᠳᠠ ᠶᠢᠨ ᠴᠡᠷᠢᠭ ᠠᠷᠠᠳ ᠢᠶᠠᠨ ᠲᠠᠶᠢᠴᠢᠯᠠᠨ ᠮᠢᠩ ᠤᠨ | ᠴᠡᠷᠢᠭ ᠢ ᠤᠳᠠᠭ᠎ᠠ ᠲᠠᠷᠠᠭ᠎ᠠ ᠪᠠᠷ ᠴᠤᠬᠢᠨ ᠤᠬᠤᠷᠢᠭᠤᠯᠤᠭᠰᠠᠨ ᠳᠤ ᠮᠢᠩ ᠤᠨ ᠴᠡᠷᠢᠭ ᠵᠢᠰᠤᠷ ᠠᠷᠭ᠎ᠠ ᠪᠤᠳᠤᠵᠤ᠂ | ᠬᠠᠷ᠎ᠠ ᠬᠤᠳᠠ ᠶᠢᠨ ᠴᠤᠷ ᠤᠨ ᠭᠠᠭᠴᠠ ᠤᠰᠤᠨ ᠤ ᠬᠠᠩᠭᠠᠯᠭ᠎ᠠ ᠪᠤᠯᠵᠤ ᠪᠠᠶᠢᠭᠰᠠᠨ ᠬᠠᠷ᠎ᠠ ᠭᠤᠤᠯ ᠠᠴᠠ ᠲᠠᠳᠠᠭᠰᠠᠨ | ᠭᠤᠤᠯ ᠢ ᠬᠠᠰᠢᠵᠤ ᠲᠠᠰᠤᠯᠵᠤ ᠲᠠᠯᠪᠢᠵᠡᠢ᠃ ᠬᠠᠷ᠎ᠠ ᠬᠤᠳᠠ ᠶᠢᠨ ᠴᠡᠷᠢᠭ ᠠᠷᠠᠳ ᠤᠰᠤ ᠪᠠᠷ ᠬᠠᠳᠠᠵᠤ | ᠰᠠᠨᠳᠤᠷᠬᠤ ᠳᠠᠭᠠᠨ ᠠᠷᠪᠢᠨ ᠬᠤᠳᠳᠤᠭ ᠮᠠᠯᠳᠠᠭᠰᠠᠨ ᠴᠦ ᠪᠦᠷ ᠤᠰᠤ ᠭᠠᠷᠤᠭᠰᠠᠨ ᠦᠭᠡᠢ᠃ ᠢᠩᠬᠢᠬᠡᠳ ᠬᠠᠷ᠎ᠠ | ᠪᠠᠭᠠᠳᠤᠷ ᠵᠠᠩᠵᠤᠨ ᠲᠠᠶᠢᠰᠤᠨ ᠳᠤ ᠳᠡᠶᠢᠯᠦᠭᠳᠡᠬᠦ ᠪᠠᠨ ᠮᠡᠳᠡᠵᠤ ᠨᠢᠭᠡᠨ 80 ᠲᠤᠬᠤᠢ ᠬᠦᠨ ᠮᠠᠯᠳᠠᠭᠰᠠᠨ ᠬᠠᠭᠤᠷᠡᠢ | ᠬᠤᠳᠳᠤᠭ ᠲᠤ ᠠᠯᠳᠠ ᠮᠦᠩᠭᠦ ᠡᠳ᠋ ᠡᠷᠳᠡᠨᠢᠰ ᠢᠶᠠᠨ ᠬᠢᠵᠤ ᠪᠤᠯᠠᠬᠤ ᠦᠶ᠎ᠡ ᠳᠤ ᠠᠮᠢᠨ ᠬᠠᠶᠢᠷᠠᠳᠡᠢ ᠦᠬᠢᠨ ᠬᠦᠦ | ᠬᠤᠶᠠᠷ ᠨᠢ ︽ᠦᠬᠦᠪᠡᠴᠤ ᠠᠪᠤ ᠶᠢᠨ ᠢᠶᠠᠨ ᠡᠳ᠋ ᠡᠷᠳᠡᠨᠢᠰ ᠢ ᠬᠠᠷᠠᠵᠤ ᠦᠬᠦᠨ᠎ᠡ︾ ᠬᠡᠵᠤ ᠡᠨᠡ ᠬᠦᠨ ᠬᠤᠳᠳᠤᠭ | ᠤᠷᠤᠭᠤ ᠦᠰᠦᠷᠦᠨ ᠤᠷᠤᠭᠠᠳ ᠦᠬᠦᠵᠡᠢ ᠬᠡᠨ᠎ᠡ᠃ | ᠡᠨᠡ ᠦᠶ᠎ᠡ ᠳᠤ ᠬᠠᠷ᠎ᠠ ᠪᠠᠭᠠᠳᠤᠷ ᠵᠠᠩᠵᠤᠨ ᠬᠤᠶᠠᠷ ᠬᠡᠤᠬᠡᠳ ᠤᠨ ᠢᠶᠠᠨ ᠲᠦᠯᠦᠭᠡ ᠲᠦᠢᠯ ᠢᠶᠠᠷ ᠡᠮᠬᠡᠨᠢᠨ | ᠭᠠᠰᠢᠭᠤᠳᠠᠵᠤ ᠮᠦᠨ ᠲᠡᠷᠡ ᠬᠤᠳᠳᠤᠭ ᠳᠤᠳᠤᠷ᠎ᠠ ᠡᠳ᠋ ᠡᠷᠳᠡᠨᠢᠰ ᠲᠠᠢ ᠬᠠᠮᠳᠤ ᠬᠤᠶᠠᠷ ᠬᠡᠤᠬᠡᠳ ᠢᠶᠠᠨ | ᠪᠤᠩᠬᠤᠯᠠᠵᠤ ᠲᠠᠯᠪᠢᠭᠠᠳ ᠨᠢᠭᠡᠨ ᠵᠤᠷᠢᠭ ᠰᠢᠭᠤᠳᠴᠤ ᠬᠤᠳᠠ ᠶᠢᠨ ᠬᠤᠶᠢᠳᠤ ᠲᠠᠯ᠎ᠠ ᠶᠢᠨ ᠬᠡᠷᠡᠮ ᠢᠶᠠᠷ ᠨᠦᠬᠡ | ᠮᠠᠯᠳᠠᠵᠤ᠂ ᠴᠡᠷᠢᠭ ᠠᠷᠠᠳ ᠢᠶᠠᠨ ᠲᠠᠶᠢᠴᠢᠯᠠᠨ ᠮᠢᠩ ᠤᠯᠤᠰ ᠤᠨ ᠴᠡᠷᠢᠭ ᠲᠠᠢ ᠦᠬᠦᠵᠤ ᠰᠡᠬᠡᠬᠦ ᠶᠢᠨ ᠰᠢᠷᠦᠬᠦᠨ | ᠲᠠᠶᠢᠯᠠᠯᠳᠤᠭᠠᠨ ᠬᠢᠵᠡᠢ᠃ | ᠬᠠᠷ᠎ᠠ ᠪᠠᠭᠠᠳᠤᠷ ᠵᠠᠩᠵᠤᠨ ᠤ ᠴᠡᠷᠢᠭ ᠠᠷᠠᠳ ᠨᠢ ᠤᠳᠠᠭᠠᠨ ᠡᠳᠤᠷ ᠤᠰᠤ ᠪᠠᠷ ᠬᠠᠳᠠᠭᠰᠠᠨ ᠲᠤᠯᠠ | ᠬᠦᠴᠦᠨ ᠨᠢ ᠲᠦᠢᠯ ᠢᠶᠠᠷ ᠮᠡᠬᠦᠰᠳᠡᠵᠤ᠂ ᠲᠠᠶᠢᠨ ᠤ ᠳᠤᠮᠳᠠ ᠮᠠᠰᠢ ᠠᠷᠪᠢᠨ ᠨᠢ ᠪᠡᠶ᠎ᠡ ᠦᠷᠡᠭᠳᠡᠵᠤ᠂ ᠦᠯᠡᠳᠡᠭᠰᠡᠨ | ᠬᠡᠰᠡᠭ ᠨᠢ ᠬᠠᠷ᠎ᠠ ᠪᠠᠭᠠᠳᠤᠷ ᠵᠠᠩᠵᠤᠨ ᠢᠶᠠᠨ ᠳᠠᠭᠠᠵᠤ ᠲᠠᠶᠢᠰᠤᠨ ᠤ ᠪᠦᠰᠡᠯᠡᠯᠳᠡ ᠶᠢ ᠰᠢᠪᠳᠤᠯᠤᠨ ᠡᠮᠦᠨ᠎ᠡ ᠵᠦᠭ | ᠤᠬᠤᠷᠢᠵᠤ ᠶᠠᠪᠤᠭᠰᠠᠨ ᠬᠡᠨ᠎ᠡ᠃ ᠬᠠᠷ᠎ᠠ ᠪᠠᠭᠠᠳᠤᠷ ᠵᠠᠩᠵᠤᠨ ᠬᠠᠷ᠎ᠠ ᠬᠤᠳᠠ ᠠᠴᠠ ᠪᠠᠨ ᠰᠠᠯᠵᠤ ᠶᠠᠪᠤᠭᠰᠠᠨ ᠠᠴᠠ | ᠬᠤᠶᠢᠰᠢ ᠬᠤᠳᠠ ᠶᠢᠨ ᠡᠷᠬᠢᠨ ᠲᠤᠭᠤᠷᠢᠨ ᠢᠶᠠᠷ ᠤᠷᠭᠤᠵᠤ ᠪᠠᠶᠢᠭᠰᠠᠨ ᠤᠢ ᠮᠤᠳᠤ ᠨᠤᠭᠤᠳ ᠬᠡᠳᠤᠨ ᠵᠢᠯ ᠪᠤᠯᠤᠯ | ᠦᠭᠡᠢ ᠪᠠᠷ ᠬᠤᠪᠬᠠᠶᠢᠷᠠᠨ ᠦᠬᠦᠬᠦ ᠳᠡᠭᠡᠨ ᠪᠦᠷ ᠯᠠ ᠬᠠᠷ᠎ᠠ ᠪᠠᠭᠠᠳᠤᠷ ᠵᠠᠩᠵᠤᠨ ᠤ ᠶᠠᠪᠤᠭᠰᠠᠨ ᠡᠮᠦᠨ᠎ᠡ ᠵᠦᠭ | ᠤᠷᠤᠭᠤ ᠤᠨᠠᠭᠰᠠᠨ ᠬᠡᠳᠡᠭ᠃ ᠡᠨᠡ ᠤᠢ ᠮᠤᠳᠤ ᠨᠢ ᠴᠦ ᠬᠠᠷ᠎ᠠ ᠪᠠᠭᠠᠳᠤᠷ ᠵᠠᠩᠵᠤᠨ ᠢᠶᠠᠨ ᠲᠤᠷᠠᠰᠴᠤ | ᠮᠦᠷᠦᠬᠡᠳᠬᠦ ᠶᠢᠨ ᠬᠤᠪᠢ ᠠᠴᠠ ᠲᠡᠭᠦᠨ ᠤ ᠶᠠᠪᠤᠭᠰᠠᠨ ᠵᠦᠭ ᠤᠷᠤᠭᠤ ᠬᠠᠨᠳᠤᠵᠤ ᠦᠬᠦᠭᠰᠡᠨ ᠶᠤᠮ ᠬᠡᠨ᠎ᠡ᠃ | ᠤᠳᠤ ᠶᠢᠨ ᠡᠵᠡᠨ᠎ᠡ ᠬᠤᠰᠢᠭᠤᠨ ᠤ ᠲᠠᠯᠠᠶᠢᠬᠦ᠋ᠪ ᠪᠠᠯᠭᠠᠰᠤᠨ ᠠᠴᠠ ᠪᠠᠷᠠᠭᠤᠨ ᠡᠮᠦᠨᠡᠰᠢ ᠭᠤᠴᠢᠭᠠᠳ | ᠺᠢᠯᠦᠮᠧᠳ᠋ᠷ ᠵᠠᠶᠢᠳᠡᠢ ᠭᠠᠵᠠᠷ ᠲᠤ ᠡᠮᠦᠨᠠᠰᠢ ᠬᠤᠶᠢᠰᠢ ᠪᠠᠨ ᠪᠠᠷᠤᠭ 1000 ᠭᠠᠷᠤᠢ ᠮᠧᠳ᠋ᠷ ᠤᠷᠳᠤ ᠦᠨᠳᠦᠷ ᠲᠠᠯᠠᠩ | ᠪᠤᠢ᠃ ᠡᠭᠦᠨ ᠢ ᠨᠤᠳᠤᠭ ᠤᠨ ᠬᠦᠮᠦᠰ ᠪᠤᠭᠤᠳᠠᠭ ᠪᠦᠬᠡᠷᠡᠭ ᠬᠡᠳᠡᠭ ᠪᠦᠭᠡᠳ ᠲᠤᠬᠠᠢ ᠶᠢᠨ ᠦᠶ᠎ᠡ ᠶᠢᠨ ᠮᠢᠩ | ᠤᠯᠤᠰ ᠤᠨ ᠴᠡᠷᠢᠭ ᠠᠴᠠ ᠬᠠᠷ᠎ᠠ ᠬᠤᠳᠠ ᠶᠢᠨ ᠤᠰᠤ ᠶᠢ ᠲᠠᠰᠤᠯᠵᠤ ᠬᠠᠶᠠᠭᠰᠠᠨ ᠪᠤᠭᠤᠳᠠᠭ ᠪᠦᠬᠡᠷᠡᠭ ᠬᠡᠵᠡᠬᠡᠳᠡᠭ᠃ | ᠤᠳᠤ ᠬᠠᠷ᠎ᠠ ᠬᠤᠳᠠ ᠶᠢᠨ ᠬᠤᠶᠢᠳᠤ ᠲᠠᠯ᠎ᠠ ᠶᠢᠨ ᠬᠡᠷᠡᠮ ᠳᠤ ᠪᠠᠶᠢᠭ᠎ᠠ ᠰᠡᠳᠡᠷᠬᠡᠢ ᠨᠦᠬᠡ ᠶᠢ ᠲᠠᠷᠤᠢ ᠬᠠᠷ᠎ᠠ ᠪᠠᠭᠠᠳᠤᠷ | ᠵᠠᠩᠵᠤᠨ ᠲᠠᠶᠢᠰᠦᠨ ᠤ ᠪᠦᠰᠡᠯᠡᠯᠳᠡ ᠶᠢ ᠰᠢᠪᠳᠤᠯᠤᠨ ᠭᠠᠷᠴᠤ ᠶᠠᠪᠤᠭᠰᠠᠨ ᠨᠦᠬᠡ ᠬᠡᠳᠡᠭ᠃ ᠬᠠᠷ᠎ᠠ ᠪᠠᠭᠠᠳᠤᠷ | ᠵᠠᠩᠵᠤᠨ ᠤ ᠨᠦᠬᠦᠬᠡ ᠠᠯᠳᠠ ᠮᠦᠩᠭᠦ ᠡᠷᠳᠡᠨᠢᠰ ᠢᠶᠠᠨ ᠪᠤᠯᠠᠭᠰᠠᠨ ᠨᠦᠬᠡ ᠬᠡᠮᠡᠬᠦ ᠬᠤᠳᠠ ᠶᠢᠨ ᠳᠤᠳᠤᠷ᠎ᠠ ᠲᠠᠯ᠎ᠠ ᠶᠢᠨ | ᠪᠠᠷᠠᠭᠤᠨ ᠬᠤᠶᠢᠳᠤ ᠦᠨᠴᠦᠭ ᠲᠤ ᠪᠠᠶᠢᠭ᠎ᠠ ᠡᠯᠡᠰᠤ ᠲᠦᠭᠦᠷᠦᠭᠰᠡᠨ ᠲᠤᠮᠤ ᠨᠦᠬᠡ ᠪᠤᠢ᠃ ᠬᠠᠭᠤᠴᠢᠨ ᠳᠤ ᠡᠨᠡ | ᠨᠦᠬᠡᠨ ᠤ ᠠᠯᠳᠠ ᠮᠦᠩᠭᠦ ᠡᠷᠳᠡᠨᠢᠰ ᠲᠤᠨᠢ ᠲᠤᠷᠠᠯᠠᠭᠰᠠᠨ ᠳᠤᠳᠤᠭᠠᠳᠤ ᠭᠠᠳᠠᠭᠠᠳᠤ ᠶᠢᠨ ᠬᠦᠮᠦᠰ ᠮᠠᠯᠳᠠᠭᠠᠳ | ᠮᠠᠯᠳᠠᠭᠰᠠᠨ ᠬᠦᠮᠦᠨ ᠨᠢ ᠦᠬᠦᠬᠦ ᠪᠤᠶᠤ ᠳᠤᠳᠤᠷ᠎ᠠ ᠠᠴᠠ ᠨᠢ ᠬᠠᠷ᠎ᠠ ᠴᠠᠭᠠᠨ ᠡᠷᠢᠶᠡᠨ ᠬᠤᠶᠠᠷ ᠪᠦᠳᠦᠭᠦᠨ ᠮᠤᠭᠠᠢ | ᠭᠠᠷᠴᠤ ᠢᠷᠡᠭᠡᠳ ᠠᠶᠤᠯᠭᠠᠨ ᠬᠦᠬᠡᠬᠡᠳᠡᠭ ᠲᠤᠯᠠ ᠲᠤᠳᠤᠷᠠᠬᠢ ᠡᠷᠳᠡᠨᠢᠰ ᠢ ᠨᠢ ᠶᠡᠷᠤ ᠠᠪᠴᠤ ᠴᠢᠳᠠᠭᠰᠠᠨ ᠦᠭᠡᠢ | ᠬᠡᠨ᠎ᠡ᠃ | ᠢᠩᠬᠢᠭᠡᠳ 1372 ᠤᠨ ᠳᠤ ᠮᠢᠩ ᠤᠯᠤᠰ ᠬᠠᠷ᠎ᠠ ᠬᠤᠳᠠ ᠶᠢ ᠡᠵᠡᠯᠡᠨ ᠠᠪᠤᠭᠰᠠᠨ ᠪᠤᠯᠪᠠᠴᠤ ᠪᠠᠷᠠᠭᠤᠨ | ᠰᠢᠶᠠ᠂ ᠶᠤᠸᠠᠨ ᠤ ᠲᠦᠷᠦ ᠲᠠᠢ ᠠᠳᠠᠯᠢ ᠪᠠᠷ ᠴᠡᠷᠢᠭ ᠵᠠᠰᠠᠭ ᠤᠨ ᠪᠠᠶᠢᠭᠤᠯᠤᠮᠵᠢ ᠶᠢ ᠳᠠᠬᠢᠵᠤ ᠭᠠᠷᠭᠠᠭᠰᠠᠨ ᠦᠭᠡᠢ᠂ | ᠦᠬᠡᠷ᠎ᠡ ᠬᠦᠮᠦᠨ ᠠᠮᠢᠳᠠᠨ ᠴᠦ ᠨᠤᠳᠤᠭᠯᠠᠭᠰᠠᠨ ᠦᠭᠡᠢ ᠬᠢᠯᠢ ᠬᠢᠵᠠᠭᠠᠷ ᠤᠨ ᠢᠶᠠᠨ ᠭᠠᠳᠠᠨ᠎ᠠ ᠡᠵᠡᠬᠦᠢ ᠬᠠᠶᠠᠵᠤ᠂ | ᠡᠳᠤᠭᠡ ᠪᠤᠯᠳᠠᠯ᠎ᠠ ᠦᠨᠢ ᠤᠳᠠᠭᠠᠨ ᠲᠡᠤᠬᠡ ᠲᠠᠢ ᠨᠢᠭᠡᠨ ᠬᠤᠳᠠ ᠶᠢᠨ ᠪᠠᠭᠤᠷᠢ ᠪᠤᠯᠤᠭᠰᠠᠨ ᠪᠠᠶᠢᠨ᠎ᠠ᠃ ᠡᠨᠡ | ᠪᠠᠷᠠᠭᠤᠨ ᠰᠢᠶᠠ᠂ ᠶᠤᠸᠠᠨ ᠬᠤᠶᠠᠷ ᠲᠦᠷᠦ ᠬᠦᠷᠦᠨ ᠢ ᠳᠠᠮᠵᠢᠵᠤ 330 ᠭᠠᠷᠤᠢ ᠵᠢᠯ ᠬᠦᠭᠵᠢᠵᠦ ᠮᠠᠨᠳᠤᠭᠰᠠᠨ | ᠬᠠᠷ᠎ᠠ ᠬᠤᠳᠠ ᠨᠢ 1372 ᠤᠨ ᠠᠴᠠ 1908 ᠤᠠ ᠪᠤᠯᠳᠠᠯ᠎ᠠ ᠮᠠᠩᠬᠠᠨ ᠭᠤᠪᠢ ᠳᠤ ᠡᠵᠡᠬᠦᠢ ᠬᠠᠶᠠᠭᠳᠠᠭᠠᠳ | 536 ᠵᠢᠯ ᠪᠤᠯᠤᠭᠰᠠᠨ ᠤ ᠳᠠᠷᠠᠭ᠎ᠠ ᠬᠤᠪᠤᠷ ᠨᠠᠨᠳᠢᠨ ᠲᠡᠤᠬᠡ ᠶᠢᠨ ᠲᠤᠷᠠᠰᠬᠠᠯᠳᠤ ᠵᠦᠢᠯ ᠤᠳ ᠨᠢ ᠭᠠᠳᠠᠭᠠᠳᠤ ᠶᠢᠨ | ᠪᠠᠷᠳᠠᠭ᠎ᠠ ᠰᠢᠨᠵᠢᠯᠡᠭᠴᠢᠳ ᠲᠤ ᠬᠡᠳᠤᠨᠳᠡ ᠴᠦᠯᠪᠡᠭᠳᠡᠪᠡ᠃ | ᠬᠠᠷ᠎ᠠ ᠬᠤᠳᠠ ᠶᠢᠨ ᠪᠠᠭᠤᠷᠢ ᠶᠢ ᠠᠩᠬᠠᠳᠤᠭᠠᠷ ᠤᠳᠠᠭ᠎ᠠ ᠮᠠᠯᠳᠠᠭᠰᠠᠨ ᠬᠦᠮᠦᠨ ᠪᠤᠯ ᠲᠠᠷᠤᠢ ᠤᠷᠤᠰ ᠤᠨ | ᠨᠡᠷᠡᠳᠤ ᠪᠠᠷᠳᠠᠭ᠎ᠠ ᠰᠢᠨᠵᠢᠯᠡᠭᠴᠢ ᠺᠤᠼᠤᠯᠤᠸ᠋ ᠪᠤᠯᠬᠤ ᠶᠤᠮ᠃ ᠲᠡᠷᠡ 1908 ᠤᠨ ᠤ 3 ᠰᠠᠷ᠎ᠠ ᠶᠢᠨ 19 ᠤ | ᠡᠳᠤᠷ ᠬᠠᠷ᠎ᠠ ᠬᠤᠳᠠ ᠶᠢᠨ ᠪᠠᠭᠤᠷᠢ ᠳᠤ 5 ᠬᠦᠮᠦᠨ ᠳᠠᠭᠠᠭᠤᠯᠤᠨ ᠢᠷᠡᠵᠤ᠂ ᠠᠩᠬ᠎ᠠ ᠤᠳᠠᠭ᠎ᠠ ᠬᠠᠷ᠎ᠠ ᠬᠤᠳᠠ ᠶᠢᠨ | ᠪᠠᠭᠤᠷᠢ ᠶᠢ ᠮᠠᠯᠳᠠᠭᠠᠳ ᠤᠯᠠᠨ ᠲᠦᠷᠦᠯ ᠤᠨ ᠰᠡᠶᠢᠯᠦᠮᠡᠯ ᠪᠠᠷ ᠤᠨ ᠨᠤᠮ᠂ ᠬᠠᠭᠤᠯᠤᠮᠠᠯ ᠨᠤᠮ ᠢ 2000 ᠭᠠᠷᠤᠢ | ᠳᠡᠪᠳᠡᠷ ᠤᠯᠵᠤ᠂ 300 ᠭᠠᠷᠤᠢ ᠪᠤᠷᠬᠠᠨ ᠤ ᠬᠦᠷᠦᠭ ᠵᠢᠷᠤᠭ ᠢ ᠤᠯᠪᠠ᠃ ᠪᠠᠰᠠ ᠲᠡᠮᠦᠷᠯᠢᠭ ᠵᠤᠭᠤᠰ᠂ ᠵᠠᠰᠠᠯ | ᠵᠢᠮᠰᠡᠭ ᠤᠨ ᠡᠳ᠋᠂ ᠬᠡᠷ ᠤᠨ ᠬᠡᠷᠡᠭᠰᠡᠯ ᠵᠡᠷᠬᠡ ᠶᠢ ᠤᠯᠵᠤ ᠡᠨᠡ ᠪᠦᠬᠦᠨ ᠢ ᠪᠠᠭᠳᠠᠭᠠᠭᠰᠠᠨ ᠲᠡᠤᠬᠡᠨ ᠲᠤᠷᠠᠰᠬᠠᠯᠳᠤ | ᠵᠦᠢᠯᠡᠰ ᠢ ᠨᠡᠶᠢᠲᠡ 10 ᠠᠪᠳᠠᠷ᠎ᠠ ᠰᠠᠪᠠᠯᠠᠵᠤ ᠠᠪᠤᠭᠰᠠᠨ ᠪᠠᠶᠢᠨ᠎ᠠ᠃ | 1909 ᠤᠨ ᠤ 5 ᠰᠠᠷ᠎ᠠ ᠳᠤ ᠺᠤᠼᠤᠯᠤᠸ᠋ ᠤᠳᠤ ᠶᠢᠨ ᠠᠯᠠᠱᠠ ᠵᠡᠬᠦᠨ ᠬᠤᠰᠢᠭᠤᠨ ᠤ ᠪᠠᠶᠠᠨᠬᠤᠳᠠ ᠠᠴᠠ | ᠮᠤᠷᠳᠠᠵᠤ ᠪᠠᠳᠡᠢ ᠶᠢᠨ ᠵᠢᠷᠠᠨ ᠡᠯᠡᠰᠤ ᠶᠢ ᠲᠤᠭᠤᠯᠤᠨ ᠬᠠᠷ᠎ᠠ ᠬᠤᠳᠠ ᠶᠢᠨ ᠪᠠᠭᠤᠷᠢ ᠳᠤ ᠢᠷᠡᠵᠤ ᠬᠤᠶᠠᠳᠠᠬᠢ | ᠤᠳᠠᠭ᠎ᠠ ᠮᠠᠯᠳᠠᠭᠰᠠᠨ ᠪᠠᠶᠢᠨ᠎ᠠ᠃ ᠡᠨᠡ ᠤᠳᠠᠭ᠎ᠠ ᠲᠡᠷᠡ ᠪᠦᠬᠦᠯᠢ ᠨᠢᠭᠡ ᠰᠠᠷ᠎ᠠ ᠮᠠᠯᠳᠠᠵᠤ ᠨᠤᠮ ᠪᠢᠴᠢᠭ᠂ ᠪᠦᠰ | ᠲᠤᠷᠭ᠎ᠠ᠂ ᠪᠤᠷᠬᠠᠨ ᠤ ᠬᠦᠷᠦᠭ ᠵᠢᠷᠤᠭ ᠵᠡᠷᠬᠡ ᠨᠡᠶᠢᠳᠡ 2000 ᠭᠠᠷᠤᠢ ᠵᠦᠢᠯ ᠤᠨ ᠡᠳ᠋ ᠡᠷᠳᠡᠨᠢᠰ ᠢ ᠤᠯᠪᠠ᠃ | 1926 ᠤᠨ ᠳᠤ ᠺᠤᠼᠤᠯᠤᠸ᠋ ᠬᠠᠷ᠎ᠠ ᠬᠤᠳᠠ ᠶᠢᠨ ᠪᠠᠭᠤᠷᠢ ᠶᠢ ᠭᠤᠷᠪᠠᠳᠠᠬᠢ ᠤᠳᠠᠭ᠎ᠠ ᠮᠠᠯᠳᠡᠵᠡᠢ᠃ | ᠲᠡᠭᠦᠨ ᠤ ᠡᠨᠡ ᠤᠳᠠᠭᠠᠨ ᠤ ᠭᠤᠤᠯ ᠵᠤᠷᠢᠯᠭ᠎ᠠ ᠨᠢ ᠪᠤᠯ ᠨᠦᠬᠦᠬᠡ ᠬᠠᠷ᠎ᠠ ᠪᠠᠭᠠᠳᠤᠷ ᠵᠠᠩᠵᠤᠨ ᠤ ᠲᠠᠷᠤᠵᠤ | ᠲᠠᠯᠪᠢᠭᠰᠠᠨ ᠡᠳ᠋ ᠡᠷᠳᠡᠨᠢᠰ ᠢ ᠤᠯᠬᠤ ᠶᠢᠨ ᠲᠦᠯᠦᠬᠡ ᠶᠤᠮ ᠬᠡᠳᠡᠭ᠃ ᠨᠤᠳᠤᠭ ᠤᠨ ᠬᠦᠮᠦᠰ ᠤᠨ ᠤᠯᠠᠮᠵᠢᠯᠠᠯ | ᠶᠠᠷᠢᠶ᠎ᠠ ᠶᠢ ᠦᠨᠳᠦᠰᠦᠯᠡᠨ ᠲᠡᠷᠡ ᠬᠤᠳᠠ ᠶᠢᠨ ᠪᠠᠷᠠᠭᠤᠨ ᠬᠤᠶᠢᠳᠤ ᠦᠨᠴᠦᠭ ᠤᠨ ᠬᠡᠰᠡᠭ ᠢ ᠬᠤᠶᠠᠷ ᠰᠠᠷ᠎ᠠ ᠰᠢᠬᠠᠮ | ᠮᠠᠯᠳᠠᠵᠤ ᠵᠤᠬᠢᠬᠤ ᠨᠢᠭᠡᠨ ᠬᠡᠮᠵᠢᠶᠡᠨ ᠳᠤ ᠬᠦᠷᠦᠭᠰᠡᠨ ᠤ ᠲᠠᠷᠠᠭ᠎ᠠ ᠨᠤᠳᠤᠭ ᠤᠨ ᠬᠦᠯᠦᠰᠦᠨ ᠤ ᠬᠦᠮᠦᠰ ᠢᠶᠠᠨ | ᠪᠤᠴᠠᠭᠠᠵᠤ᠂ ᠦᠪᠡᠷᠰᠡᠳ ᠢᠶᠠᠨ ᠤᠷᠤᠵᠤ ᠮᠠᠯᠳᠠᠵᠡᠢ᠃ ᠮᠠᠯᠳᠠᠯᠭ᠎ᠠ ᠶᠢᠨ ᠳᠤᠮᠳᠠ ᠭᠤᠤᠯ ᠬᠦᠴᠤ ᠪᠤᠯᠤᠭᠰᠠᠨ | ᠬᠤᠶᠠᠷ ᠬᠦᠮᠦᠨ ᠨᠢ ᠨᠦᠬᠡᠨ ᠲᠤᠳᠤᠷ᠎ᠠ ᠬᠡᠨᠡᠳᠲᠡ ᠪᠠᠷ ᠬᠠᠮᠠᠷ ᠠᠴᠠ ᠨᠢ ᠴᠢᠰᠤ ᠭᠠᠷᠴᠤ ᠮᠠᠨᠠᠷᠠᠨ ᠤᠨᠠᠬᠤ ᠳᠤ | ᠬᠦᠮᠦᠨ ᠢᠶᠠᠨ ᠲᠦᠩᠬᠡᠵᠤ ᠭᠠᠷᠭᠠᠵᠤ ᠠᠪᠳᠠᠯ᠎ᠠ ᠨᠦᠬᠡ ᠨᠢ ᠨᠤᠷᠠᠵᠤ ᠪᠦᠰᠡᠯᠡᠭᠳᠡᠨ᠂ ᠺᠤᠼᠤᠯᠤᠸ᠋ ᠠᠷᠭ᠎ᠠ ᠪᠤᠰᠤ | ᠪᠤᠴᠠᠵᠤ ᠶᠠᠪᠤᠭᠠᠳ ᠳᠠᠬᠢᠵᠤ ᠢᠷᠡᠵᠤ ᠴᠢᠳᠠᠭᠰᠠᠨ ᠦᠭᠡᠢ ᠬᠡᠳᠡᠭ᠃ | ᠺᠤᠼᠤᠯᠤᠸ᠋ ᠶᠢᠨ ᠬᠠᠷ᠎ᠠ ᠬᠤᠳᠠ ᠶᠢᠨ ᠪᠠᠭᠤᠷᠢ ᠠᠴᠠ ᠮᠠᠯᠳᠠᠵᠤ ᠠᠪᠤᠭᠰᠠᠨ ᠡᠳ᠋ ᠡᠷᠳᠡᠨᠢᠰ ᠤᠨ ᠳᠤᠳᠤᠷ᠎ᠠ | ᠳᠡᠯᠡᠬᠡᠢ ᠳᠤ ᠠᠯᠳᠠᠷᠲᠡᠢ ᠨᠢ ᠲᠠᠩᠭᠤᠳ ᠦᠰᠦᠭ ᠤᠨ ᠪᠠᠷ ᠬᠡᠪᠯᠡᠯ ᠤᠨ ᠨᠤᠮ ᠪᠠ ᠪᠢᠴᠢᠮᠠᠯ ᠳᠡᠪᠳᠡᠷ ᠪᠠᠶᠢᠭᠰᠠᠨ ᠠᠴᠠ | ᠭᠠᠳᠠᠨ᠎ᠠ ᠪᠠᠰᠠ ᠬᠢᠳᠠᠳ᠂ ᠲᠦᠪᠡᠳ᠂ ᠤᠶᠢᠭᠤᠷ᠂ ᠲᠦᠷᠺ᠂ ᠰᠢᠷᠢᠶ᠎ᠠ᠂ ᠵᠦᠷᠴᠢᠨ᠂ ᠮᠤᠩᠭᠤᠯ ᠦᠰᠦᠭ ᠤᠨ ᠨᠤᠮ | ᠪᠢᠴᠢᠭ ᠪᠠ ᠮᠠᠲ᠋ᠧᠷᠢᠶᠠᠯ ᠰᠠᠯᠳᠠ ᠪᠠᠶᠢᠵᠤ᠂ ᠬᠤᠪᠤᠷ ᠲᠤᠷᠠᠰᠬᠠᠯᠳᠤ ᠵᠦᠢᠯ ᠳᠤ ᠸᠠᠭᠠᠷ ᠰᠠᠪᠠ᠂ ᠲᠡᠮᠤᠷ ᠬᠡᠷᠡᠭᠰᠡᠯ᠂ | ᠮᠤᠳᠤᠨ ᠡᠳ᠋ᠯᠡᠯ᠂ ᠨᠡᠬᠡᠮᠡᠯ ᠡᠳ᠋᠂ ᠱᠤᠭᠤᠮᠠᠯ᠂ ᠠᠷᠠᠰᠤ ᠰᠢᠷᠢ ᠶᠢᠨ ᠬᠡᠷᠡᠭᠰᠡᠯ᠂ ᠤᠷᠠᠨ ᠵᠢᠷᠤᠭ ᠪᠠ ᠶᠤᠸᠠᠨ | ᠤᠯᠤᠰ ᠤᠨ ᠵᠤᠭᠤᠰ ᠵᠡᠷᠬᠡ ᠪᠠᠶᠢᠵᠡᠢ᠃ ᠲᠡᠳᠡ ᠡᠳᠡᠭᠡᠷ ᠡᠷᠳᠡᠨᠢᠰ ᠤᠨ ᠵᠦᠢᠯ ᠢᠶᠠᠨ 1910 ᠤᠨ ᠤ ᠡᠬᠢᠨ ᠤ | ᠦᠶ᠎ᠡ ᠪᠠᠷ ᠤᠷᠤᠰ ᠤᠨ ᠫᠧᠲ᠋ᠧᠷᠪᠦ᠋ᠷᠡᠭ ᠲᠤ ᠤᠯᠠᠨ ᠨᠡᠶᠢᠲᠡ ᠶᠢᠨ ᠡᠮᠦᠨ᠎ᠡ ᠳᠡᠯᠭᠡᠨ ᠦᠵᠡᠬᠦᠯᠦᠬᠡᠳ ᠳᠡᠯᠡᠬᠡᠢ | ᠳᠠᠶᠠᠭᠠᠷ ᠢ ᠲᠤᠩᠰᠤᠯᠭᠠᠵᠡᠢ᠃ | 1914 ᠤᠨ ᠳᠤ ᠠᠩᠭ᠍ᠯᠢ ᠶᠢᠨ ᠬᠠᠷᠢᠶᠠᠨ ᠤ ᠬᠠᠩᠭᠠᠷᠢ ᠶᠢᠨ ᠪᠠᠷᠳᠠᠭ᠎ᠠ ᠰᠢᠨᠵᠢᠯᠡᠭᠴᠢ ᠰᠲ᠋ᠠᠨᠶ᠋ᠢᠨ ᠬᠠᠷ᠎ᠠ | ᠬᠤᠳᠠ ᠶᠢᠨ ᠪᠠᠭᠤᠷᠢ ᠳᠤ ᠢᠷᠡᠵᠤ ᠮᠠᠯᠳᠠᠭᠠᠳ ᠬᠤᠳᠠ ᠶᠢᠨ ᠰᠦᠮ᠎ᠡ ᠶᠢᠨ ᠬᠠᠭᠤᠴᠢᠨ ᠤᠷᠤ ᠲᠤᠳᠤᠷ᠎ᠠ ᠠᠴᠠ | ᠬᠢᠳᠡᠳ ᠦᠰᠦᠭ ᠤᠨ ᠨᠤᠮ ᠬᠠᠷ᠎ᠠ 220 ᠵᠦᠢᠯ᠂ ᠲᠠᠩᠭᠤᠳ ᠨᠤᠮ 57 ᠵᠦᠢᠯ ᠪᠠ ᠲᠦᠪᠡᠳ᠂ ᠤᠶᠢᠭᠤᠷ᠂ | ᠲᠦᠷᠺ ᠦᠰᠦᠭ ᠤᠨ ᠨᠤᠮ ᠤᠳ ᠢ ᠤᠯᠵᠤ ᠬᠤᠳᠠ ᠶᠢᠨ ᠵᠢᠵᠢᠭ ᠰᠤᠪᠤᠷᠭ᠎ᠠ ᠲᠤᠳᠤᠷ᠎ᠠ ᠠᠴᠠ ᠫᠧᠷᠰ ᠦᠰᠦᠭ ᠤᠨ | ᠪᠦᠳᠦᠨ ᠨᠤᠮ᠂ ᠨᠢᠭᠡᠨ ᠤᠩᠭᠤᠨ ᠳᠤᠳᠤᠷ᠎ᠠ ᠠᠴᠠ 1100 ᠭᠠᠷᠤᠢ ᠬᠠᠭᠤᠳᠠᠰᠤ ᠲᠠᠩᠭᠤᠳ ᠨᠤᠮ ᠵᠡᠷᠬᠡ ᠶᠢ | ᠤᠯᠵᠤ ᠠᠪᠴᠡᠢ᠃ | ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ ᠬᠠᠷ᠎ᠠ ᠬᠤᠳᠠ ᠶᠢᠨ ᠪᠠᠭᠤᠷᠢ ᠶᠢ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠡᠤᠬᠡ ᠶᠢᠨ ᠲᠤᠷᠠᠰᠬᠠᠯᠳᠤ ᠵᠦᠢᠯ ᠤᠨ ᠭᠤᠤᠯᠳᠠᠯᠭ᠎ᠠ ᠲᠠᠢ | ᠬᠠᠮᠠᠭᠠᠯᠠᠬᠤ ᠨᠢᠬᠡᠴᠡ ᠪᠤᠯᠭᠠᠵᠤ᠂ 1983 ᠤᠨ ᠪᠠ 1984 ᠤᠨ ᠳᠤ ᠦᠪᠦᠷ ᠮᠤᠩᠭᠤᠯ ᠤᠨ ᠬᠠᠭᠤᠴᠢ | ᠰᠤᠳᠤᠯᠤᠭᠴᠢᠳ ᠬᠠᠷ᠎ᠠ ᠬᠤᠳᠠ ᠶᠢᠨ ᠪᠠᠭᠤᠷᠢ ᠶᠢ ᠬᠤᠶᠠᠷ ᠤᠳᠠᠭ᠎ᠠ ᠮᠠᠯᠳᠠᠵᠤ᠂ ᠬᠢᠲᠠᠳ᠂ ᠲᠠᠩᠭᠤᠳ᠂ | ᠤᠶᠢᠭᠤᠷᠵᠢᠨ ᠮᠤᠩᠭᠤᠯ᠂ ᠲᠦᠪᠡᠳ ᠵᠡᠷᠬᠡ ᠶᠢᠨ ᠦᠰᠦᠭ ᠪᠢᠴᠢᠭ ᠤᠨ ᠨᠤᠮ ᠢ 3000 ᠭᠠᠷᠤᠢ ᠵᠦᠢᠯ ᠤᠯᠤᠭᠰᠠᠨ | ᠪᠠᠶᠢᠨ᠎ᠠ᠃ | ᠡᠨᠡᠬᠦ ᠬᠡᠳᠤ ᠤᠳᠠᠭᠠᠨ ᠤ ᠮᠠᠯᠳᠠᠯᠭ᠎ᠠ ᠠᠴᠠ ᠦᠵᠡᠪᠡᠯ ᠬᠠᠷ᠎ᠠ ᠬᠤᠳᠠ ᠶᠢᠨ ᠪᠠᠭᠤᠷᠢ ᠨᠢ ᠦᠨᠡᠭᠡᠷ ᠡᠷᠳᠡᠨ ᠤ | ᠲᠡᠤᠬᠡ ᠶᠢᠨ ᠲᠤᠷᠠᠰᠬᠠᠯᠳᠤ ᠵᠦᠢᠯᠡᠰ ᠤᠨ ᠡᠷᠳᠡᠨᠢᠰ ᠤᠨ ᠰᠠᠩ ᠪᠠᠶᠢᠵᠡᠢ᠃ ᠡᠶᠢᠮᠦ ᠠᠴᠠ 1988 ᠤᠨ ᠳᠤ | ᠲᠦᠷᠦ ᠶᠢᠨ ᠶᠠᠪᠤᠳᠠᠯ ᠤᠨ ᠬᠤᠷᠢᠶ᠎ᠠ ᠠᠴᠠ ᠬᠠᠷ᠎ᠠ ᠬᠤᠳᠠ ᠶᠢᠨ ᠪᠠᠭᠤᠷᠢ ᠶᠢ ᠪᠦᠬᠦ ᠤᠯᠤᠰ ᠤᠨ ᠭᠤᠤᠯᠳᠠᠯᠭ᠎ᠠ ᠲᠠᠢ | ᠲᠡᠤᠬᠡ ᠶᠢᠨ ᠲᠤᠷᠠᠰᠬᠠᠯᠳᠤ ᠵᠦᠢᠯ ᠤᠨ ᠬᠠᠮᠠᠭᠠᠯᠠᠬᠤ ᠨᠢᠬᠡᠴᠡ ᠪᠠᠷ ᠲᠤᠭᠳᠠᠭᠠᠵᠤ᠂ ᠬᠠᠮᠠᠭᠠᠯᠠᠬᠤ ᠠᠵᠢᠯ ᠢ | ᠴᠢᠩᠭᠠᠳᠬᠠᠪᠠ᠃ ᠡᠳᠦᠭᠡ ᠬᠠᠷ᠎ᠠ ᠬᠤᠳᠠ ᠶᠢᠨ ᠪᠠᠭᠤᠷᠢ ᠨᠢ ᠡᠵᠡᠨ᠎ᠡ ᠨᠤᠳᠤᠭ ᠤᠨ ᠰᠤᠶᠤᠯ ᠵᠢᠭᠤᠯᠴᠢᠯᠠᠯ ᠤᠨ | ᠭᠤᠤᠯ ᠤᠷᠤᠨ ᠤ ᠨᠢᠭᠡ ᠪᠤᠯᠤᠭᠰᠠᠨ ᠪᠠᠶᠢᠨ᠎ᠠ᠃ |