ᠬᠠᠯᠬ᠎ᠠ ᠶᠢᠨ ᠬᠤᠪᠢᠰᠬᠠᠯ ᠤᠨ ᠬᠦᠳᠡᠯᠭᠡᠭᠡᠨ ᠤ ᠣᠳᠣᠷᠢᠳᠣᠭᠴᠢᠳ ᠠᠴᠠ ᠡᠯ᠎ᠡ ᠬᠤᠰᠢᠭᠤᠨ ᠤ | ᠨᠤᠶᠠᠳ ᠢ ᠳᠡᠭᠡᠳᠣ ᠱᠠᠳᠣᠨ ᠤ ᠬᠤᠷᠠᠯ ᠳᠤ ᠳᠠᠭᠤᠳᠠᠭᠤᠯᠣᠭᠰᠠᠨ ᠪᠠᠶᠢᠵᠡᠢ᠃ ᠵᠢᠨᠤᠩ ᠸᠠᠩ ᠤᠨ ᠶᠦᠮᠡ ᠪᠠᠶᠢᠰᠠ | ᠵᠠᠯᠼᠠᠨ ᠨᠤᠶᠠᠨ ᠬᠤᠷᠠᠯ ᠳᠤ ᠶᠠᠪᠤᠬᠤ ᠳᠠᠭᠠᠨ᠄ ︽ᠨᠠᠮᠠᠢᠢ ᠶᠠᠪᠤᠭᠰᠠᠨ ᠤ ᠳᠠᠷᠠᠭ᠎ᠠ ᠬᠤᠷᠢᠨ ᠨᠢᠭᠡ ᠬᠤᠨᠤᠭᠠᠳ | ᠬᠠᠷᠢᠵᠤ ᠢᠷᠡᠬᠦ ᠦᠭᠡᠢ ᠪᠤᠯ ᠳᠠᠨᠠᠷ ᠰᠠᠬᠢᠭᠤᠰᠣ ᠪᠤᠷᠬᠠᠨ᠂ ᠰᠢᠷᠡᠭᠡᠨ ᠯᠠᠮᠠ᠂ ᠪᠢᠴᠢᠭ ᠰᠣᠳᠣᠷ ᠢᠶᠠᠨ ᠠᠪᠤᠭᠠᠳ | ᠪᠤᠰᠢᠭᠤ ᠬᠢᠵᠠᠭᠠᠷ ᠲᠤ ᠭᠠᠷ᠂ ᠪᠤᠷᠬᠠᠨ ᠲᠠᠢ ᠪᠤᠳᠠᠭ᠎ᠠ ᠲᠠᠢ ᠭᠠᠵᠠᠷ ᠲᠤ ᠣᠴᠢ︾ ᠭᠡᠵᠤ ᠳᠣᠣᠷᠠᠬᠢ ᠵᠠᠬᠢᠷᠤᠭᠴᠢ᠂ | ᠮᠠᠶᠢᠷᠠᠨ᠂ ᠳᠠᠶᠢᠵᠢ ᠯᠠᠮᠠ ᠨᠠᠷ ᠲᠠᠭᠠᠨ ᠵᠠᠬᠢᠶᠠᠰᠣ ᠦᠯᠡᠳᠡᠭᠡᠭᠡᠳ ᠶᠠᠪᠤᠭᠰᠠᠨ ᠭᠡᠳᠡᠭ᠃ ᠪᠡᠯᠡᠳᠭᠡᠯ ᠲᠠᠢ ᠪᠠᠶᠢᠳᠠᠯ᠎ᠠ | ᠬᠤᠨᠤᠭ ᠴᠦ ᠳᠣᠯᠵᠣ᠂ ᠳᠣᠯᠢ ᠬᠦᠩ ᠤᠨ ᠬᠢᠨ ᠬᠦᠳᠡᠯᠬᠦ ᠲᠠᠢ ᠵᠡᠷᠭᠡ ᠵᠠᠬᠢᠶᠠᠰᠣ ᠶᠣᠰᠣᠭᠠᠷ ᠳᠦᠷᠪᠡᠨ ᠬᠦᠳᠡᠯᠦᠭᠰᠡᠨ | ᠭᠡᠳᠡᠭ ᠶᠤᠮ᠃ ᠢᠵᠠᠭᠤᠷᠳᠠᠨ ᠳᠠᠶᠢᠵᠢ᠂ ᠯᠠᠮᠠ ᠨᠠᠷ ᠤᠨ ᠢᠶᠠᠨ ᠬᠤᠶᠢᠨ᠎ᠡ ᠠᠴᠠ ᠨᠣᠳᠤᠭ ᠤᠨ ᠠᠷᠠᠳ ᠨᠢ ᠦᠢᠮᠡᠨ | ᠳᠦᠷᠪᠡᠭᠰᠡᠨ ᠪᠠᠶᠢᠨ᠎ᠠ᠃ ᠡᠨᠡ ᠪᠤᠯ ᠮᠤᠷᠢᠨ ᠵᠢᠯ ︵1930 ᠤᠨ︶᠂ ᠬᠤᠨᠢᠨ ᠵᠢᠯ ︵1931 ᠤᠨ︶᠂ ᠪᠡᠴᠢᠨ | ᠵᠢᠯ ︵1932 ᠤᠨ︶ ᠤᠨ ᠶᠠᠪᠤᠳᠠᠯ ᠪᠤᠯᠤᠨ᠎ᠠ᠃ ᠵᠢᠨᠤᠩ ᠸᠠᠩ ᠤᠨ ᠬᠤᠰᠢᠭᠤᠨ ᠤ ᠬᠢᠨ ᠰᠢᠭᠤᠳ ᠨᠡᠬᠦᠵᠤ᠂ | ᠡᠵᠡᠨ᠎ᠡ ᠶᠢᠨ ᠭᠤᠤᠯ᠂ ᠠᠯᠠᠭ ᠠᠭᠤᠯᠠ᠂ ᠠᠯᠳᠠᠨ ᠳᠡᠪᠰᠢ᠂ ᠡᠷᠪᠡᠭᠡᠢ ᠵᠡᠷᠭᠡ ᠭᠠᠵᠠᠷ ᠲᠤ ᠢᠷᠡᠵᠤ ᠰᠠᠭᠤᠷᠢᠰᠢᠵᠡᠢ᠃ | 13 ᠨᠠᠰᠣᠳᠠᠢ ᠪᠢᠴᠢᠬᠠᠨ ᠭᠡᠭᠡᠨ ᠡᠷᠳᠡᠨᠢ ᠯᠠᠮᠠ ᠪᠠᠨ ᠭᠤᠤᠯ ᠪᠠᠭᠰᠢ ᠯᠠᠮᠠ᠂ ᠢᠵᠠᠭᠤᠷᠳᠠᠨ ᠳᠠᠶᠢᠵᠢ᠂ ᠵᠠᠬᠢᠷᠤᠭᠴᠢ | ᠮᠠᠶᠢᠷᠠᠨ ᠨᠠᠷ ᠨᠢ ᠰᠢᠭᠤᠳ ᠠᠯᠳᠠᠨ ᠳᠡᠪᠰᠢ ᠳᠤ ᠠᠪᠠᠴᠢᠨ ᠬᠦᠷᠢᠶ᠎ᠡ ᠪᠠᠶᠢᠭᠤᠯᠵᠤ ᠰᠢᠷᠡᠭᠡᠨ ᠳᠤᠨᠢ ᠰᠠᠭᠤᠯᠭᠠᠵᠡᠢ᠃ | ᠵᠢᠨᠤᠩ ᠸᠠᠩ ᠤᠨ ᠠᠮᠤᠷ ᠪᠤᠶᠠᠨᠳᠣ ᠶᠢᠨ ᠭᠡᠶᠢᠳ ᠤᠨ ᠭᠡᠭᠡᠨ ᠡᠷᠳᠡᠨᠢ ᠯᠠᠮᠠ ᠶᠢᠨ ᠠᠩᠬᠠᠨ ᠤ ᠳᠦᠷᠢ ᠨᠢ ᠳᠣᠭᠠᠷ | ᠵᠠᠶᠢᠰᠠᠩ ᠭᠡᠵᠤ ᠡᠷᠳᠡᠮ ᠰᠢᠳᠢ ᠳᠡᠬᠦᠰ ᠯᠠᠮᠠᠳᠠᠨ ᠪᠠᠶᠢᠵᠤ᠂ ᠳᠦᠪᠡᠳ ᠤᠨ ᠯᠠᠮᠠ ᠨᠠᠷ ᠤᠨ ᠶᠠᠪᠤᠭᠤᠯᠤᠭᠰᠠᠨ | ᠭᠠᠯᠵᠠᠭᠤ ᠪᠠᠷᠰ ᠢ ᠠᠮᠠᠳᠠᠵᠤ᠂ ᠣᠷᠤᠭ᠎ᠠ ᠴᠠᠭᠠᠨ ᠪᠣᠣᠷ᠎ᠠ ᠣᠨᠣᠵᠣ ᠣᠴᠢᠭᠠᠳ ᠪᠠᠷᠢᠵᠣ ᠣᠭᠤᠰᠣᠷᠯᠠᠨ ᠭᠡᠶᠢᠳ ᠤᠨ | ᠬᠢᠨᠢ ᠡᠬᠦᠳᠡᠨ ᠳᠤ ᠬᠦᠳᠦᠯᠵᠤ ᠠᠪᠠᠴᠢᠭᠠᠳ ᠠᠶᠤᠯᠭᠠᠨ ᠳᠠᠶᠢᠯᠵᠤ ᠶᠠᠪᠤᠭᠰᠠᠨ ᠳᠣᠮᠤᠭ ᠪᠠᠶᠢᠳᠠᠭ ᠰᠠᠨ᠃ | ᠰᠡᠬᠦᠯᠴᠢ ᠶᠢᠨ ᠳᠦᠷᠢ ᠨᠢ ᠬᠤᠪᠢᠰᠬᠠᠯ ᠤᠨ ᠬᠦᠯ ᠳᠤ ᠳᠦᠷᠪᠡᠨ ᠴᠠᠭᠠᠴᠢᠯᠠᠭᠰᠠᠨ ᠡᠷᠳᠡᠨᠢ ᠯᠠᠮᠠ ᠳ᠋ᠠᠮᠪᠢᠨᠢᠮᠡ ᠭᠤᠸᠠᠢ | ᠪᠤᠯᠤᠨ᠎ᠠ᠃ ᠵᠢᠨᠤᠩ ᠸᠠᠩ ᠶᠦᠮᠡ ᠪᠠᠶᠢᠰᠠ ᠶᠢ ᠬᠤᠷᠠᠯ ᠳᠤ ᠳᠠᠭᠤᠳᠠᠭᠠᠳ ᠵᠠᠪᠬᠠᠨ ᠳᠤ ᠠᠪᠠᠴᠢᠨ ᠫᠣᠣᠳᠠᠨ | ᠠᠯᠠᠭᠰᠠᠨ ᠭᠡᠨ᠎ᠡ᠃ ᠬᠦᠷᠢᠶ᠎ᠡ ᠭᠡᠶᠢᠳ ᠤᠨ ᠯᠠᠮᠠ ᠨᠠᠷ ᠢ ᠴᠦ ᠵᠠᠪᠬᠠᠨ ᠳᠤ ᠠᠪᠠᠴᠢᠨ ᠠᠯᠠᠭᠰᠠᠨ ᠪᠦᠭᠡᠳ ᠵᠠᠷᠢᠮ ᠯᠠᠮᠠ | ᠨᠠᠷ ᠢ ᠬᠤᠶᠢᠳᠣ ᠪᠤᠯᠠᠭᠠᠨ ᠳᠤ ᠠᠪᠠᠴᠢᠨ ᠬᠢᠳᠦᠵᠡᠢ᠃ ᠶᠦᠮᠡ ᠪᠠᠶᠢᠰᠠ ᠶᠢᠨ ᠬᠠᠳᠣᠨ᠂ ᠭᠡᠣᠭᠡᠳ ᠢ ᠨᠢ ᠬᠦᠵᠦᠬᠦᠤ | ᠭᠡᠨᠳᠡᠨᠰᠦ᠋ᠷᠦᠩ ᠭᠡᠭᠴᠢ ᠬᠦᠮᠦᠨ ᠳᠠᠭᠠᠭᠤᠯᠤᠨ ᠬᠢᠵᠠᠭᠠᠷ ᠲᠤ ᠨᠡᠬᠦᠭᠰᠡᠨ ᠭᠡᠨ᠎ᠡ᠃ ᠭᠡᠤᠭᠡᠳ ᠤᠨ ᠵᠠᠷᠢᠮ ᠨᠢ | ᠬᠤᠵᠢᠮ ᠨᠢ ᠡᠵᠡᠨ᠎ᠡ ᠶᠢᠨ ᠭᠤᠤᠯ ᠳᠤ ᠨᠤᠳᠤᠬᠰᠢᠵᠡᠢ᠃ | ᠪᠠᠯᠳᠠᠨ ᠵᠠᠰᠠᠭ ᠤᠨ ᠬᠤᠰᠢᠭᠤ᠂ ᠯᠠᠮᠠ ᠶᠢᠨ ᠭᠡᠭᠡᠨ ᠤ ᠬᠤᠰᠢᠭᠤᠨ ᠤ ᠬᠢᠨ ᠡᠵᠡᠨ᠎ᠡ ᠶᠢᠨ ᠭᠤᠤᠯ ᠳᠤ | ᠨᠡᠬᠦᠨ ᠢᠷᠡᠵᠤ ᠰᠠᠭᠤᠷᠢᠰᠢᠵᠤ᠂ ᠪᠤᠷᠬᠠᠨ ᠱᠠᠰᠢᠨ ᠲᠠᠢ ᠭᠠᠵᠠᠷ ᠠᠮᠢᠳᠣᠷᠠᠬᠤ ᠪᠠᠷ ᠳᠦᠯᠦᠪᠯᠡᠵᠤ᠂ ᠳᠠᠮᠪᠠᠳᠠᠷᠵᠢᠶ᠎ᠠ | ᠭᠡᠶᠢᠳ ᠢ ᠪᠠᠷᠢᠵᠤ ᠬᠤᠷᠠᠯ ᠨᠤᠮ ᠢᠶᠠᠨ ᠰᠡᠷᠬᠦᠭᠡᠨ ᠬᠤᠷᠠᠵᠤ ᠰᠠᠭᠤᠷᠢᠰᠢᠪᠡ᠃ | ᠳᠡᠯ ᠠᠭᠤᠯᠠᠨ ᠳᠤ ᠴᠠᠭᠠᠴᠢᠯᠠᠨ ᠰᠠᠭᠤᠵᠤ ᠪᠠᠶᠢᠭᠰᠠᠨ ᠬᠠᠯᠬ᠎ᠠ ᠠᠶᠢᠯ ᠤᠳ ᠤᠨ ᠵᠠᠯᠠᠭᠤᠰ ᠮᠠᠭᠤ | ᠬᠦᠮᠦᠰ ᠤᠨ ᠦᠳᠦᠭᠡᠯᠭᠡ ᠪᠠᠷ ᠵᠤᠬᠢᠶᠠᠨ ᠪᠠᠶᠢᠭᠤᠯᠤᠭᠳᠠᠵᠣ᠂ ᠳᠡᠭᠡᠷᠡᠮ ᠤᠨ ᠪᠦᠯᠦᠭ ᠪᠤᠯᠤᠨ ᠪᠣᠴᠠᠵᠤ ᠵᠠᠯᠠᠭ᠎ᠠ | ᠵᠢᠩᠰᠡᠳᠣ ᠶᠢᠨ ᠬᠠᠪᠴᠠᠭᠠᠶᠢᠳᠣ ᠶᠢᠨ ᠬᠤᠷᠰᠢᠶ᠎ᠠ᠂ ᠪᠠᠶ᠋ᠬᠠᠦ᠋ᠨᠳᠤᠷ ᠤᠨ ᠬᠤᠷᠰᠢᠶ᠎ᠠ᠂ ᠮᠢᠩᠭᠠᠨ ᠤ ᠬᠤᠷᠰᠢᠶ᠎ᠠ ᠶᠢ ᠳᠠᠯᠠᠨ | ᠳᠡᠭᠡᠷᠡᠮᠳᠡᠵᠤ᠂ ᠳᠠᠷᠤᠭ᠎ᠠ ᠨᠠᠷ ᠢ ᠨᠢ ᠠᠯᠠᠵᠤ᠂ ᠠᠷᠠᠳ ᠢ ᠨᠢ ᠰᠦᠷᠳᠡᠬᠦᠯᠦᠨ ᠬᠤᠷᠢᠶᠠᠵᠤ ᠨᠡᠬᠦᠯᠭᠡᠨ ᠬᠦᠭᠡᠭᠡᠵᠤ | ᠠᠪᠴᠢᠷᠠᠭᠰᠠᠨ ᠳᠠᠵᠢᠨ ᠪᠤᠯᠵᠤ ᠪᠠᠶᠢᠳᠠᠯ᠎ᠠ ᠮᠤᠩᠭᠤᠯ ᠤᠨ ᠴᠡᠷᠢᠭ ᠨᠡᠭᠡᠨ ᠢᠷᠡᠵᠣ ᠳᠡᠯ ᠠᠭᠤᠯᠠ ᠶᠢᠨ ᠭᠤᠮᠪᠤ ᠪᠤᠯᠠᠭ᠂ | ᠴᠠᠭᠠᠨ ᠴᠢᠯᠠᠭᠤᠳᠤ᠂ ᠴᠣᠨᠵᠢᠳᠣ ᠵᠡᠷᠭᠡ ᠭᠠᠵᠠᠷ ᠡᠷᠡᠴᠣᠳ ᠢ ᠨᠢ ᠬᠦᠢᠰᠣ ᠳᠡᠮᠳᠡᠷᠢᠭᠰᠡᠨ ᠪᠠᠶᠢᠵᠡᠢ᠃ ᠠᠷᠤ ᠶᠢᠨ | ᠳᠣᠷᠭᠤᠳ᠂ ᠬᠠᠯᠬ᠎ᠠ ᠨᠠᠷ ᠤᠨ ᠭᠡᠤᠭᠡᠳ ᠡᠮᠡᠭᠳᠡᠶᠢᠴᠣᠳ ᠨᠢ ᠪᠤᠳᠠᠷᠠᠨ ᠰᠠᠷᠨᠢᠭᠰᠡᠨ ᠤ ᠵᠠᠷᠢᠮ ᠨᠢ ᠡᠵᠡᠨ᠎ᠡ ᠶᠢᠨ | ᠭᠤᠤᠯ ᠳᠤ ᠢᠷᠡᠵᠣ ᠰᠠᠭᠤᠷᠢᠰᠢᠭᠰᠠᠨ ᠪᠠᠶᠢᠨ᠎ᠠ᠃ ᠣᠯᠠᠩᠭᠢ ᠨᠢ ᠴᠠᠰᠣᠳᠣ ᠶᠢᠨ ᠮᠤᠩᠭᠤᠯ ᠨᠤᠳᠤᠭ᠂ ᠠᠯᠠᠭ | ᠠᠭᠤᠯᠠ᠂ ᠠᠯᠳᠠᠨ ᠳᠡᠪᠰᠢ ᠵᠦᠭ ᠶᠠᠪᠤᠵᠡᠢ᠃ ᠶᠡᠷᠤᠩᠭᠡᠢ ᠳᠡᠭᠡᠨ ᠬᠠᠯᠬ᠎ᠠ ᠶᠢᠨ ᠣᠯᠠᠨ ᠬᠤᠰᠢᠭᠤᠨ ᠤ ᠭᠤᠷᠪᠠᠨ | ᠵᠠᠭᠤ ᠭᠠᠷᠦᠢ ᠠᠶᠢᠯ ᠡᠷᠦᠭᠡ ᠶᠢᠨ ᠬᠤᠶᠠᠷ ᠮᠢᠩᠭᠠᠭᠠᠳ ᠬᠦᠮᠣᠰ ᠡᠵᠡᠨ᠎ᠡ ᠨᠣᠳᠤᠭ ᠲᠤ ᠴᠠᠭᠠᠴᠢᠯᠠᠨ ᠢᠷᠡᠭᠰᠡᠨ | ᠪᠠᠶᠢᠵᠡᠢ᠃ | ᠳᠣᠬᠠᠢ ᠶᠢᠨ ᠦᠶ᠎ᠡ ᠶᠢᠨ ᠡᠵᠡᠨ᠎ᠡ ᠶᠢᠨ ᠳᠣᠷᠭᠤᠳ ᠬᠤᠰᠢᠭᠤ᠂ ᠬᠦᠮᠦᠨ ᠠᠮᠠ ᠴᠦᠭᠡᠨ᠂ ᠨᠣᠳᠤᠭ | ᠪᠡᠯᠴᠢᠭᠡᠷ ᠦᠷᠭᠡᠨ ᠠᠭᠤᠳᠠᠮ᠂ ᠣᠰᠣ ᠴᠠᠰᠣ ᠳᠡᠭᠰᠢᠭᠡᠨ᠂ ᠠᠩ ᠬᠦᠷᠦᠭᠡᠰᠣ ᠡᠯᠪᠡᠭ ᠦᠩ ᠵᠣᠨ ᠲᠠᠢ ᠠᠮᠤᠭᠤᠯᠠᠩ | ᠳᠠᠶᠢᠪᠤᠩ ᠭᠠᠵᠠᠷ ᠪᠠᠶᠢᠭᠰᠠᠨ ᠪᠤᠯᠪᠠᠴᠣ ᠭᠤᠮᠢᠨᠳᠠᠩ ᠤᠨ ᠳᠦᠷᠤ ᠶᠢᠨ ᠳᠡᠭᠡᠳᠣ ᠱᠠᠳᠣᠨ ᠠᠴᠠ ᠵᠦᠪᠯᠡᠯᠳᠣ ᠣᠷᠣᠰ ᠢ | ᠰᠡᠷᠭᠡᠶᠢᠯᠡᠬᠦ᠂ ᠮᠤᠩᠭᠤᠯ ᠤᠨ ᠠᠷᠠᠳ ᠤᠨ ᠬᠤᠪᠢᠰᠬᠠᠯᠳᠣ ᠨᠠᠮ ᠢ ᠰᠡᠷᠭᠡᠶᠢᠯᠡᠬᠦ᠂ ᠳᠠᠩᠨᠠᠭᠤᠯ ᠤᠨ ᠠᠵᠢᠯᠯᠠᠭ᠎ᠠ ᠶᠢ | ᠰᠡᠷᠭᠡᠶᠢᠯᠡᠬᠦ ᠡᠬᠦᠷᠭᠡ ᠬᠠᠷᠢᠭᠤᠴᠠᠯᠭ᠎ᠠ ᠴᠢᠩᠭᠠᠷᠠᠵᠤ ᠪᠠᠶᠢᠬᠰᠠᠨ ᠪᠠᠶᠢᠨ᠎ᠠ᠃ ᠬᠤᠰᠢᠭᠤᠨ ᠤ ᠳᠠᠮᠠᠭᠠᠨ ᠭᠠᠵᠠᠷ ᠠᠴᠠ | ᠴᠠᠭᠠᠴᠢᠳ ᠭᠤᠤᠯ ᠳᠠᠭᠠᠣ ᠪᠡᠯᠴᠢᠭᠡᠷ ᠲᠤ ᠨᠤᠳᠣᠭᠯᠠᠵᠤ ᠪᠤᠯᠬᠤ ᠦᠭᠡᠢ᠂ ᠳᠣᠷᠭᠤᠳ ᠬᠦᠮᠦᠨ ᠲᠠᠢ ᠣᠷᠣᠭᠯᠠᠵᠤ | ᠰᠠᠭᠤᠵᠤ ᠪᠤᠯᠬᠤ ᠦᠭᠡᠢ ᠵᠡᠷᠭᠡ ᠳᠦᠷᠢᠮ ᠳᠣᠭᠳᠠᠭᠠᠵᠤ᠂ ᠬᠠᠯᠬ᠎ᠠ ᠠᠶᠢᠯ ᠤᠳ ᠠᠭᠤᠯᠠ ᠭᠤᠪᠢ᠂ ᠡᠯᠡᠰᠣ ᠬᠦᠯ | ᠭᠠᠵᠠᠷ ᠢᠶᠠᠷ ᠬᠤᠳᠳᠤᠭ ᠣᠰᠣ ᠮᠠᠯᠳᠠᠨ᠂ ᠭᠡᠰᠡᠭ ᠬᠤᠭᠤᠴᠠᠭ᠎ᠠ ᠠᠮᠢᠳᠣᠷᠠᠵᠤ ᠪᠠᠶᠢᠳᠠᠯ᠎ᠠ ᠬᠤᠷᠢᠶᠠᠨ ᠳᠠᠷᠤᠭ᠎ᠠ | ᠵᠢᠶᠠᠩ ᠵᠢᠶᠧ ᠱᠢ ᠪᠤᠯᠤᠨ ᠪᠠᠳᠣᠬᠠᠭᠠᠯᠭ᠎ᠠ ᠳᠠᠬᠢ ᠮᠤᠩᠭᠤᠯ ᠤᠨ ᠦᠪᠡᠷ ᠢᠶᠠᠨ ᠵᠠᠰᠠᠬᠤ ᠵᠠᠰᠠᠭ ᠤᠨ ᠭᠠᠵᠠᠷ ᠤᠨ | ᠵᠤᠪᠠᠯᠠᠠᠩ ᠠᠴᠠ ᠵᠠᠶᠢᠯᠠᠭᠰᠠᠨ ᠠᠷᠠᠳ ᠢ ᠳᠣᠬᠤᠨᠢᠭᠤᠯᠵᠤ ᠰᠠᠭᠤᠯᠭᠠᠬᠤ ᠵᠢᠭᠠᠪᠤᠷᠢ ᠢᠷᠡᠭᠰᠡᠨ ᠢᠶᠠᠷ ᠳᠠᠮᠠᠭᠠᠨ ᠭᠠᠵᠠᠷ᠂ | ᠮᠠᠶᠢᠷᠠᠨ ᠵᠠᠩᠭᠢ ᠳᠤ ᠪᠦᠷᠢᠳᠭᠡᠬᠦᠯᠵᠤ᠂ ᠨᠣᠳᠤᠭ ᠭᠤᠶᠣᠴᠢᠯᠠᠨ ᠬᠠᠷᠢᠶᠠᠳᠣ ᠪᠤᠯᠵᠤ ᠰᠠᠭᠤᠬᠤ ᠪᠤᠯᠤᠭᠰᠠᠨ ᠭᠡᠳᠡᠭ᠃ | ᠳᠦᠪᠰᠢᠨᠪᠠᠶᠠᠷ ᠨᠤᠶᠠᠨ ᠠᠴᠠ ᠬᠠᠯᠬ᠎ᠠ ᠶᠢᠨ ᠴᠠᠭᠠᠴᠢᠳ ᠢ ᠪᠠᠭᠳᠠᠭᠠᠨ ᠠᠪᠴᠣ ᠬᠤᠰᠢᠭᠤ | ᠨᠣᠳᠤᠭ ᠤᠨ ᠢᠶᠠᠨ ᠵᠠᠰᠠᠭ ᠵᠠᠬᠢᠷᠭ᠎ᠠ ᠶᠢ ᠴᠡᠭᠴᠡᠯᠡᠵᠤ᠂ ᠴᠠᠭᠠᠴᠢᠨ ᠬᠠᠯᠬ᠎ᠠ ᠶᠢᠨ ᠳᠠᠶᠢᠵᠢ᠂ ᠵᠠᠬᠢᠷᠤᠭᠴᠢ᠂ ᠮᠠᠶᠢᠷᠠᠨ᠂ | ᠬᠠᠮᠪᠤ ᠣᠮᠵᠠᠳ ᠯᠠᠮᠠ ᠨᠠᠷ ᠢ ᠬᠠᠭᠤᠴᠢᠨ ᠶᠣᠰᠣᠭᠠᠷ ᠨᠢ ᠵᠡᠷᠭᠡ ᠭᠡᠷᠭᠡᠮ ᠣᠯᠭᠤᠵᠣ᠂ ᠳᠣᠷᠭᠤᠳ ᠬᠤᠶᠠᠷ ᠪᠠᠭ᠂ | ᠬᠠᠯᠬ᠎ᠠ ᠭᠤᠷᠪᠠᠨ ᠪᠠᠭ ᠪᠠᠶᠢᠭᠤᠯᠵᠤ᠂ ᠬᠠᠯᠬ᠎ᠠ ᠠᠶᠢᠯ ᠤᠳ ᠰᠦᠮ᠎ᠡ ᠵᠢᠰᠠ ᠶᠢᠨ ᠮᠠᠯ ᠬᠠᠷᠢᠭᠤᠯᠵᠤ᠂ | ᠭᠡᠤᠭᠡᠳ ᠤᠳ ᠨᠢ ᠬᠤᠷᠠᠯ ᠭᠡᠶᠢᠳ ᠲᠤ ᠪᠠᠨᠳᠢ ᠱᠠᠪᠢ ᠪᠤᠯᠬᠤ᠂ ᠵᠠᠯᠠᠭᠤᠰ ᠢ ᠴᠡᠷᠢᠭ ᠲᠤ ᠡᠯᠰᠡᠬᠦ ᠵᠡᠷᠭᠡ | ᠬᠠᠮᠢᠶᠠᠷᠤᠯᠳᠠ ᠪᠠᠨ ᠴᠢᠩᠭᠠᠳᠬᠠᠵᠤ ᠠᠵᠢᠯ ᠢᠶᠠᠨ ᠡᠬᠢᠯᠡᠵᠤ ᠪᠠᠶᠢᠳᠠᠯ᠎ᠠ 1937 ᠣᠨ ᠤ ᠨᠠᠮᠤᠷ ᠭᠤᠤᠯ ᠤᠨ | ᠠᠳᠠᠭ ᠤᠨ ᠪᠠᠭ ᠤᠨ ᠴᠢᠩᠷᠦᠪ ᠵᠠᠬᠢᠷᠤᠭᠴᠢ ᠶᠢᠨ ᠳᠤ ᠬᠠᠯᠬ᠎ᠠ ᠠᠴᠠ ᠬᠤᠶᠠᠷ ᠬᠦᠮᠦᠨ ᠠᠴᠢᠶ᠎ᠠ ᠬᠦᠰᠭᠡ ᠲᠠᠢ ᠮᠠᠶᠢᠮᠠᠢ | ᠬᠢᠬᠦ ᠪᠠᠷ ᠢᠷᠡᠵᠡᠢ᠃ ᠴᠢᠩᠷᠦᠪ ᠵᠠᠬᠢᠷᠤᠭᠴᠢ ᠶᠢ ᠢᠳᠬᠠᠨ ᠳᠣᠯᠣᠭᠠᠨ ᠣᠣᠹᠦ᠋ ᠳᠤ ︵ᠰᠠᠶᠢᠬᠠᠨᠳᠣᠣᠷᠡᠢ︶ ᠮᠠᠶᠢᠮᠠᠢ | ᠬᠢᠬᠦ ᠪᠠᠷ ᠳᠠᠭᠠᠭᠤᠯᠵᠤ ᠶᠠᠪᠤᠭᠠᠳ ᠵᠠᠮ ᠵᠠᠭᠤᠷ᠎ᠠ ᠴᠢᠩᠷᠦᠪ ᠵᠠᠬᠢᠷᠤᠭᠴᠢ ᠶᠢ ᠪᠠᠷᠢᠪᠴᠢᠯᠠᠵᠤ ᠣᠨᠣᠭᠠᠨ ᠳᠡᠭᠡᠷ᠎ᠡ ᠨᠢ | ᠪᠠᠭᠯᠠᠵᠤ ᠠᠪᠤᠭᠠᠳ ᠰᠠᠮ ᠪᠤᠴᠠᠵᠡᠢ᠃ | ᠡᠨᠡ ᠬᠦ ᠭᠡᠷᠡᠭ ᠠᠴᠠ ᠪᠤᠯᠵᠤ᠂ ᠬᠠᠯᠬ᠎ᠠ ᠠᠴᠠ ᠢᠷᠡᠭᠰᠡᠨ ᠳᠠᠶᠢᠵᠢ ᠢᠵᠠᠭᠤᠷᠳᠠᠨ᠂ ᠵᠠᠩᠭᠢ ᠮᠠᠶᠢᠷᠠᠨ᠂ | ᠳᠣᠮᠣ ᠯᠠᠮᠠ ᠨᠠᠷ ᠳᠣᠳᠣᠭᠰᠢ ᠳᠦᠷᠪᠡᠨ ᠨᠡᠬᠦᠬᠦ ᠪᠤᠯᠤᠭᠰᠠᠨ ᠪᠠᠶᠢᠨ᠎ᠠ᠃ ᠯᠠᠮᠠ ᠶᠢᠨ ᠭᠡᠭᠡᠨ ᠤ ᠬᠤᠰᠢᠭᠤ᠂ ᠪᠠᠯᠳᠠᠨ | ᠵᠠᠰᠠᠭ ᠤᠨ ᠬᠤᠰᠢᠭᠤᠨ ᠤ ᠴᠠᠭᠠᠨ ᠴᠣᠷᠵᠢ᠂ ᠶᠣᠨᠳᠣᠨ ᠨᠠᠷ ᠭᠡᠰᠡᠭ ᠠᠶᠢᠯ ᠢᠶᠠᠨ ᠳᠠᠭᠠᠭᠤᠯᠤᠨ ᠪᠠᠳᠣᠬᠠᠭᠠᠯᠭ᠎ᠠ ᠳᠠᠬᠢ | ᠮᠤᠩᠭᠤᠯ ᠤᠨ ᠦᠪᠡᠷᠳᠡᠭᠡᠨ ᠵᠠᠰᠠᠬᠤ ᠵᠠᠰᠠᠭ ᠤᠨ ᠭᠠᠵᠠᠷ ᠤᠨ ᠵᠦᠭ ᠨᠡᠬᠦᠳᠡᠯᠯᠡᠨ ᠶᠠᠪᠤᠵᠡᠢ᠃ ᠵᠠᠷᠢᠮ ᠠᠶᠢᠯ ᠨᠢ | ᠱᠠᠷᠽᠠ ᠶᠢᠨ ᠭᠡᠶᠢᠳ ᠬᠠᠪᠢ ᠪᠠᠷ ᠰᠠᠭᠤᠷᠢᠰᠢᠨ ᠬᠤᠴᠣᠷᠣᠭᠰᠠᠨ ᠪᠠᠶᠢᠨ᠎ᠠ᠃ | ᠵᠠᠷᠢᠮ ᠯᠠᠮᠠ ᠳᠠᠶᠢᠵᠢ ᠨᠠᠷ ᠠᠯᠳᠠᠨ ᠳᠠᠪᠰᠢ ᠶᠢᠨ ᠵᠦᠭ ᠨᠡᠬᠦᠳᠡᠯᠯᠡᠵᠡᠢ᠃ ᠡᠶᠢᠮᠤ ᠪᠠᠶᠢᠳᠠᠯ ᠤᠨ ᠳᠣᠣᠷ᠎ᠠ᠂ | ᠬᠤᠰᠢᠭᠤᠨ ᠨᠣᠶᠠᠨ ᠠᠴᠠ ᠳᠠᠪᠤᠨ ᠪᠠᠭ ᠢᠶᠠᠨ ᠳᠣᠷᠭᠤᠳ ᠬᠠᠯᠬ᠎ᠠ ᠠᠶᠢᠯ ᠢ ᠬᠤᠯᠢᠨ ᠳᠣᠬᠢᠷᠠᠭᠤᠯᠤᠯᠳᠠ ᠬᠢᠵᠡᠢ᠃ | ᠢᠩᠭᠢᠭᠰᠡᠨ ᠢᠶᠠᠷ ᠴᠠᠭᠠᠴᠢᠳ ᠳᠣᠭᠳᠠᠪᠣᠷᠢᠵᠢᠨ ᠰᠠᠭᠤᠷᠢᠰᠢᠭᠰᠠᠨ ᠪᠤᠯᠪᠠᠴᠣ ᠳᠣᠷᠭᠤᠳ ᠬᠠᠯᠬ᠎ᠠ ᠬᠠᠷᠢᠯᠴᠠᠨ ᠠᠶᠢᠯ | ᠪᠤᠯᠵᠤ ᠪᠤᠯᠬᠤ ᠦᠭᠡᠢ᠂ ᠮᠠᠶᠢᠷᠠᠨ ᠵᠠᠩᠭᠢ ᠶᠢᠨ ᠵᠦᠪᠰᠢᠶᠡᠷᠡᠯ ᠦᠭᠡᠢ ᠨᠣᠳᠤᠭ ᠰᠡᠯᠬᠦᠨ ᠨᠡᠬᠦᠵᠤ ᠪᠤᠯᠬᠤ ᠦᠭᠡᠢ᠂ | ᠡᠵᠡᠨ ᠴᠠᠭᠠᠴᠢᠨ ᠤ ᠵᠦᠷᠢᠴᠡᠯ ᠣᠷᠣᠰᠢᠭᠰᠠᠭᠠᠷ ᠪᠠᠶᠢᠭᠰᠠᠨ ᠪᠠᠶᠢᠨ᠎ᠠ᠃ ᠡᠬᠦᠨ ᠤ ᠭᠤᠤᠯ ᠰᠢᠯᠳᠠᠭᠠᠨ ᠨᠢ ᠳᠠᠷᠦᠢ᠄ | ᠮᠤᠩᠭᠤᠯ ᠤᠨ ︽ᠠᠷᠠᠳ ᠤᠨ ᠬᠤᠪᠢᠰᠬᠠᠯ︾ ᠨᠡᠪᠳᠡᠷᠬᠦ ᠠᠴᠠ ᠰᠡᠷᠭᠡᠶᠢᠯᠡᠬᠦ᠂ ᠮᠤᠩᠭᠤᠯ ᠤᠨ ᠳᠠᠩᠨᠠᠭᠤᠯ ᠢ | ᠰᠡᠷᠭᠡᠶᠢᠯᠡᠵᠤ ᠣᠯᠣᠰ ᠳᠦᠷᠤ ᠶᠢᠨ ᠭᠡᠷᠡᠭ ᠵᠠᠷᠭᠤ ᠳᠤ ᠬᠤᠯᠪᠤᠭᠳᠠᠬᠤ ᠠᠴᠠ ᠪᠤᠯᠭᠤᠮᠵᠢᠯᠠᠬᠤ᠂ ᠳᠣᠷᠭᠤᠳ | ᠵᠠᠯᠠᠭᠤᠰ ᠢ ᠳᠠᠭᠠᠭᠤᠯᠤᠨ ᠪᠤᠴᠠᠵᠤ ᠣᠷᠭᠤᠬᠤ ᠠᠴᠠ ᠰᠡᠷᠡᠮᠵᠢᠯᠡᠭᠰᠡᠨ ᠳᠤ ᠣᠷᠣᠰᠢᠨᠡ᠃ | ᠬᠠᠯᠬ᠎ᠠ ᠶᠢᠨ ᠴᠠᠭᠠᠴᠢᠳ ᠢᠷᠡᠵᠣ ᠰᠠᠭᠤᠷᠢᠰᠢᠭᠰᠠᠨ ᠠᠴᠠ ᠡᠵᠡᠨ᠎ᠡ ᠨᠣᠳᠤᠭ ᠲᠤ ᠭᠠᠷᠤᠭᠰᠠᠨ ᠬᠤᠪᠢᠷᠠᠯᠳᠠ | ᠄ | 1. ᠮᠤᠩᠭᠤᠯ ᠦᠨᠳᠦᠰᠣ ᠣᠭᠰᠠᠭᠠᠨ ᠤ ᠬᠦᠮᠦᠨ ᠠᠮᠠ᠂ ᠠᠶᠢᠯ ᠡᠷᠦᠭᠡ᠂ ᠬᠦᠳᠡᠯᠮᠤᠷᠢ ᠶᠢᠨ ᠬᠦᠴᠣ | ᠨᠡᠮᠡᠭᠳᠡᠪᠡ | 2. ᠮᠤᠩᠭᠤᠯ ᠪᠢᠴᠢᠭ ᠲᠠᠢ ᠬᠦᠮᠦᠨ ᠨᠡᠮᠡᠭᠳᠡᠪᠡ᠂ ᠬᠠᠯᠬ᠎ᠠ ᠶᠢᠨ ᠳᠠᠩᠭᠢᠮ ᠳᠤ ᠪᠠᠭ᠎ᠠ᠂ ᠳᠣᠮᠳᠠᠳᠣ | ᠰᠣᠷᠭᠠᠭᠤᠯᠢ ᠳᠤ ᠰᠠᠭᠤᠭᠰᠠᠨ ᠵᠠᠯᠠᠭᠤ ᠬᠦᠮᠦᠰ ᠴᠦ ᠪᠠᠶᠢᠵᠡᠢ | 3. ᠨᠤᠮ ᠡᠷᠳᠡᠮ ᠲᠠᠢ ᠯᠠᠮᠠ ᠨᠠᠷ ᠢᠷᠡᠭᠰᠡᠨ ᠪᠦᠭᠡᠳ ᠯᠠᠮᠠ ᠶᠢᠨ ᠳᠤᠭ᠎ᠠ ᠣᠯᠠᠰᠢᠷᠠᠵᠤ᠂ ᠬᠤᠷᠠᠯ ᠭᠡᠶᠢᠳ | ᠨᠡᠮᠡᠭᠳᠡᠪᠡ | 4. ᠪᠠᠯᠳᠠᠨ ᠵᠠᠰᠠᠭ ᠤᠨ ᠬᠢᠨ ᠭᠡᠷ ᠬᠦᠷᠦᠩᠭᠡ᠂ ᠮᠠᠯ ᠰᠦᠷᠦᠭ ᠲᠠᠢ ᠪᠠᠨ ᠢᠷᠡᠭᠰᠡᠨ ᠪᠤᠯᠬᠤᠷ ᠳᠡᠮᠡᠭᠡᠨ | ᠰᠦᠷᠦᠭ ᠤᠨ ᠣᠳᠣᠮ ᠡᠬᠦᠯᠳᠡᠷ ᠰᠠᠶᠢᠵᠢᠷᠠᠵᠤ ᠳᠤᠭ᠎ᠠ ᠳᠣᠯᠣᠭᠠᠢ ᠨᠡᠮᠡᠭᠳᠡᠪᠡ | 5. ᠠᠷᠠᠳ ᠤᠨ ᠳᠠᠭᠤᠴᠢᠨ᠂ ᠢᠷᠦᠭᠡᠯᠴᠢ ᠪᠦᠭᠡᠴᠢᠨ ᠤᠯᠠᠨ ᠢᠷᠠᠵᠤ᠂ ᠰᠣᠶᠣᠯ ᠣᠷᠠᠯᠢᠭ᠂ ᠪᠡᠶ᠎ᠡ | ᠳᠠᠮᠢᠷ ᠤᠨ ᠳᠠᠯ᠎ᠠ ᠪᠠᠷ ᠶᠡᠭᠡᠭᠡᠨ ᠨᠦᠯᠦᠭᠡᠯᠡᠵᠡᠢ | 6. ᠨᠣᠳᠤᠭ ᠤᠨ ᠠᠶᠠᠯᠭᠤ ᠨᠢ ᠠᠭᠠᠵᠢᠮ ᠢᠶᠠᠷ ᠳᠦᠪ ᠬᠠᠯᠬ᠎ᠠ ᠠᠶᠠᠯᠭᠤ ᠲᠠᠢ ᠪᠤᠯᠪᠠ | 7. ᠮᠤᠩᠭᠤᠯ ᠭᠡᠷ ᠤᠨ ᠭᠡᠪ ᠵᠠᠭᠪᠤᠷ᠂ ᠭᠡᠷ ᠤᠨ ᠳᠠᠪᠢᠯᠭ᠎ᠠ ᠠᠭᠠᠵᠢᠮ ᠢᠶᠠᠷ ᠬᠠᠯᠬ᠎ᠠ ᠭᠡᠪ ᠲᠠᠢ ᠪᠤᠯᠪᠠ | 8. ᠴᠦᠯᠡᠷᠭᠡᠭ ᠭᠤᠪᠢ ᠶᠢᠨ ᠪᠡᠯᠴᠢᠭᠡᠷ ᠨᠣᠳᠤᠭ ᠳᠡᠯᠡᠪᠡ᠃ ᠡᠵᠡᠨ᠎ᠡ ᠶᠢᠨ ᠭᠤᠤᠯ ᠵᠢᠯ ᠤᠨ ᠳᠦᠷᠪᠡᠨ | ᠤᠯᠠᠷᠢᠯ ᠳᠤ ᠣᠰᠣ ᠲᠠᠢ ᠪᠠᠶᠢᠭᠰᠠᠨ ᠪᠣᠯᠬᠤᠷ ᠨᠣᠳᠤᠭ ᠤᠨ ᠳᠣᠷᠭᠤᠳ ᠮᠠᠯᠴᠢᠳ ᠬᠠᠰᠢᠶ᠎ᠠ᠂ ᠬᠤᠳᠳᠤᠭ ᠢ ᠨᠢᠭᠡ | ᠶᠡᠭᠡ ᠭᠡᠷᠡᠭᠰᠡᠳᠡᠭ ᠦᠭᠡᠢ ᠪᠠᠶᠢᠵᠡᠢ᠃ | ᠰᠢᠨ᠎ᠡ ᠳᠣᠮᠳᠠᠳᠣ ᠣᠯᠣᠰ ᠤᠨ ᠪᠠᠶᠢᠭᠤᠯᠤᠭᠳᠠᠭᠰᠠᠨ ᠤ ᠳᠠᠷᠠᠭ᠎ᠠ᠂ ᠢᠯᠠᠩᠭᠤᠶ᠎ᠠ 1956 ᠣᠨ ᠳᠤ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠣᠷᠣᠨ ᠳᠤ ᠬᠠᠷᠢᠶᠠᠯᠠᠭᠳᠠᠵᠤ᠂ ᠰᠢᠨ᠎ᠡ ᠣᠷᠤᠭ ᠤᠨ ᠬᠠᠤᠯᠢ ᠶᠢ ᠪᠠᠳᠣᠯᠠᠨ | ᠭᠡᠷᠡᠭᠵᠢᠬᠦᠯᠦᠭᠰᠡᠨ ᠢᠶᠠᠷ ᠳᠣᠷᠭᠤᠳ ᠬᠠᠯᠬ᠎ᠠ ᠵᠠᠯᠠᠭᠤᠰ ᠬᠠᠷᠢᠯᠴᠠᠨ ᠣᠷᠣᠭᠯᠠᠵᠤ᠂ ᠬᠤᠳᠠ ᠬᠤᠳᠠᠭᠠᠷ ᠪᠤᠯᠤᠯᠴᠠᠨ | ᠨᠠᠶᠢᠷᠰᠠᠭ ᠬᠠᠷᠢᠯᠴᠠᠭ᠎ᠠ ᠳᠡᠯᠭᠡᠷᠡᠨ ᠵᠦᠷᠢᠴᠡᠯ ᠳᠠᠰᠣᠷᠠᠵᠡᠢ᠃ ᠦᠷᠬᠦᠯᠵᠢᠯᠡᠨ ᠬᠠᠪᠰᠣᠷᠣᠯ ᠬᠤᠷᠰᠢᠶᠠᠵᠢᠯ ᠳᠤ | ᠣᠷᠣᠯᠴᠠᠵᠣ ᠰᠣᠮᠣ ᠪᠠᠷᠢᠭᠠᠳᠠ ᠪᠠᠶᠢᠭᠤᠯᠤᠨ᠂ ᠨᠡᠶᠢᠭᠡᠮ ᠵᠢᠷᠤᠮᠳᠣ ᠦᠭᠡᠷᠡᠴᠢᠯᠡᠯᠳᠡ ᠪᠦᠳᠦᠭᠡᠨ ᠪᠠᠶᠢᠭᠤᠯᠤᠯᠳᠠ ᠶᠢᠨ | ᠵᠠᠮ ᠢᠶᠠᠷ ᠬᠠᠮᠳᠣ ᠳᠠᠭᠠᠨ ᠬᠦᠳᠡᠯᠮᠤᠷᠢᠯᠡᠨ ᠵᠢᠳᠬᠦᠵᠤ᠂ ᠡᠯ᠎ᠡ ᠦᠨᠳᠦᠰᠦᠳᠡᠨ ᠤ ᠠᠷᠠᠳ ᠲᠦᠮᠡᠨ ᠲᠠᠢ ᠪᠦᠯᠬᠦᠮᠳᠠᠨ᠂ | ᠡᠵᠡᠨ᠎ᠡ ᠨᠣᠳᠤᠭ ᠢᠶᠠᠨ ᠪᠦᠳᠦᠭᠡᠨ ᠪᠠᠶᠢᠭᠤᠯᠤᠨ ᠦᠨᠤ ᠢᠷᠡᠭᠰᠡᠨ ᠪᠢᠯᠡ︕ |