ᠵᠣᠬᠢᠶᠠᠭᠴᠢ᠄ ᠨ᠊ · ᠭᠠᠯᠰᠠᠩᠫᠣᠩᠰᠤᠭ | | — 2010 ᠣᠨ ᠤ 10 ᠳ᠋ᠣᠭᠠᠷ ᠰᠠᠷ᠎ᠠ ᠶᠢᠨ 25 ᠤ ᠡᠳᠣᠷ᠂ ᠡᠵᠡᠨ᠎ᠡ ᠬᠤᠰᠢᠭᠤᠨ ᠤ ᠣᠯᠣᠰ | ᠲᠦᠷᠤ ᠶᠢᠨ ᠵᠦᠪᠯᠡᠯᠭᠡᠨ ᠤ ᠣᠣᠯ ᠤᠨ ᠳᠡᠳ᠋ ᠳᠠᠷᠢᠬᠦᠯᠡᠭᠴᠢ ᠳᠡᠳᠮ᠎ᠡ ᠠᠴᠠ ᠵᠠᠯᠰᠠᠷᠡᠢ ᠭᠡᠭᠡᠨ ᠵᠦᠩᠳᠦ᠋ᠢᠵᠠᠮᠰᠣ | ᠭᠤᠸᠠᠢ ᠶᠢ ᠰᠣᠷᠪᠤᠯᠵᠢᠯᠠᠵᠤ᠂ ᠵᠣᠬᠢᠶᠠᠭᠴᠢ ᠳᠡᠮᠳᠡᠭᠯᠡᠵᠤ ᠨᠠᠶᠢᠷᠠᠭᠤᠯᠤᠨ ᠡᠮᠬᠢᠳᠭᠡᠪᠡ | ᠨᠢᠭᠡᠳᠦᠭᠡᠷ ᠲᠦᠷᠢ ᠶᠢᠨ ᠵᠠᠯᠰᠠᠷᠡᠢ ᠭᠡᠭᠡᠨ | ᠮᠤᠩᠭᠤᠯ ᠣᠭᠰᠠᠭᠠᠳᠠᠨ ᠤ ᠡᠯ᠎ᠡ ᠠᠶᠢᠮᠠᠭ ᠨᠣᠳᠤᠭ ᠲᠤ ᠰᠢᠷ᠎ᠠ ᠶᠢᠨ ᠱᠠᠰᠢᠨ ᠢᠳᠡ ᠴᠡᠴᠡᠭᠯᠡᠨ | ᠬᠦᠭᠵᠢᠵᠤ ᠪᠠᠶᠢᠭᠰᠠᠨ ᠴᠠᠭ ᠪᠠᠶᠢᠵᠡᠢ᠃ ᠬᠠᠯᠬ᠎ᠠ ᠶᠢᠨ ᠰᠠᠶᠢᠨ ᠨᠣᠶᠠᠨ ᠬᠠᠨ ᠠᠶᠢᠮᠠᠭ ᠤᠨ ᠡᠮᠤᠨ᠎ᠡ ᠵᠠᠬ᠎ᠠ ᠶᠢᠨ | ᠬᠤᠰᠢᠭᠤ ᠨᠣᠳᠤᠭ᠂ ᠲᠡᠷᠡᠴᠢᠯᠡᠨ ᠳ᠋ᠠ ᠬᠦᠷᠢᠶ᠎ᠡ ᠠᠴᠠ ᠯᠾᠠᠰᠠ ᠬᠦᠮᠪᠦᠮ᠂ ᠯᠠᠪᠷᠤᠩ ᠵᠡᠷᠭᠡ ᠪᠤᠷᠬᠠᠨ ᠤ ᠣᠷᠣᠨ ᠳᠤ | ᠡᠷᠬᠦᠯ ᠮᠦᠷᠬᠦᠯ ᠬᠢᠬᠦ ᠰᠦᠰᠦᠭᠳᠡᠨ᠂ ᠭᠠᠨᠵᠸᠣ ᠰᠦᠵᠸᠣ ᠠᠴᠠ ᠬᠦᠨᠡᠰᠣ ᠪᠠᠷᠠᠭ᠎ᠠ ᠳᠡᠭᠡᠭᠡᠬᠦ ᠵᠢᠩᠴᠢᠨ ᠨᠠᠷ ᠶᠠᠪᠣᠬᠤ | ᠵᠠᠮ ᠤᠨ ᠨᠢᠭᠡ ᠨᠢ ᠡᠵᠡᠨ᠎ᠡ ᠶᠢᠨ ᠭᠤᠤᠯ ᠤᠨ ᠳᠣᠷᠭᠤᠳ ᠬᠤᠰᠢᠭᠤᠨ ᠤ ᠨᠣᠳᠤᠭ ᠪᠠᠶᠢᠪᠠ᠃ | ᠬᠠᠯᠬ᠎ᠠ ᠶᠢᠨ ᠵᠢᠨᠤᠩ ᠸᠠᠩ ᠤᠨ ᠬᠤᠰᠢᠭᠤ᠂ ᠪᠠᠯᠳᠠᠨ ᠵᠠᠰᠠᠭ ᠤᠨ ᠬᠤᠰᠢᠭᠤ ᠨᠢ ᠡᠵᠡᠨ᠎ᠡ ᠶᠢᠨ ᠳᠣᠷᠭᠤᠳ | ᠬᠤᠰᠢᠭᠤ ᠲᠠᠢ ᠵᠠᠬ᠎ᠠ ᠵᠡᠷᠭᠡᠯᠡᠳᠡᠭᠡ ᠣᠷᠣᠰᠢᠳᠠᠭ ᠪᠦᠭᠡᠳ ᠨᠠᠶᠢᠷᠰᠠᠭ ᠬᠠᠷᠢᠴᠠᠭ᠎ᠠ ᠶᠠᠪᠤᠯᠴᠠᠭ᠎ᠠ ᠲᠠᠢ ᠪᠠᠶᠢᠵᠤ᠂ | ᠳᠣᠷᠭᠤᠳ ᠤᠨ ᠵᠠᠷᠢᠮ ᠦᠶ᠎ᠡ ᠶᠢᠨ ᠵᠠᠰᠠᠭ ᠨᠤᠶᠠᠨ ᠬᠠᠯᠬ᠎ᠠ ᠶᠢᠨ ᠬᠤᠰᠢᠭᠤᠨ ᠠᠴᠠ ᠪᠡᠷᠢ ᠭᠤᠶᠤᠵᠤ ᠬᠠᠳᠣᠨ | ᠪᠤᠯᠭᠠᠭᠰᠠᠨ ᠲᠡᠤᠭᠡ ᠴᠦ ᠪᠤᠢ᠃ | ᠪᠠᠯᠳᠠᠨ ᠵᠠᠰᠠᠭ ᠤᠨ ᠬᠤᠰᠢᠭᠤ ᠨᠢ ᠱᠠᠰᠢᠨ ᠤ ᠭᠡᠭᠡᠨ ᠬᠤᠳᠣᠭᠳᠣ ᠭᠡᠵᠤ ᠪᠠᠶᠢᠳᠠᠭ ᠦᠭᠡᠢ᠂ ᠴᠦᠭᠡᠨ | ᠯᠠᠮᠠ ᠲᠠᠢ ᠰᠦᠮ᠎ᠡ ᠭᠡᠶᠢᠳ ᠴᠦ ᠪᠠᠶᠢᠭᠰᠠᠨ ᠦᠭᠡᠢ ᠭᠡᠨ᠎ᠡ᠃ ᠬᠡᠨᠡᠳᠳᠡ ᠠᠯᠠᠱᠠ ᠦᠭᠡᠯᠡᠳ ᠬᠤᠰᠢᠭᠤᠨ ᠠᠴᠠ | ᠨᠢᠭᠡᠨ ᠱᠠᠪᠷᠤᠩ ᠯᠠᠮᠠ ᠳᠠᠨᠤᠵᠤ ᠬᠦᠷᠴᠡᠢ᠃ ᠨᠤᠮ ᠡᠷᠳᠡᠮ ᠰᠠᠶᠢᠳᠠᠢ ᠮᠡᠳᠡᠯᠭᠡ ᠦᠷᠭᠡᠨ ᠯᠠᠮᠠ ᠪᠠᠶᠢᠭᠰᠠᠨ ᠠᠵᠢ᠃ | ᠡᠨᠡ ᠱᠠᠪᠷᠦᠩ ᠣᠣᠯ ᠨᠢ ᠠᠯᠠᠱᠠ ᠶᠢᠨ ︽ᠴᠠᠭᠠᠨ ᠠᠭᠤᠯᠠ︾ ᠰᠦᠮ᠎ᠡ ᠶᠢᠨ ᠱᠠᠪᠷᠦᠩ ᠯᠠᠮᠠ ᠪᠠᠶᠢᠪᠠ ᠭᠡᠨ᠎ᠡ᠃ | ᠨᠢᠭᠡᠨ ᠡᠳᠣᠷ ᠬᠠᠪᠴᠢᠭ ᠡᠬᠦᠷᠭᠡ ᠪᠠᠨ ᠪᠠᠭᠯᠠᠭᠠᠳ ᠳᠠᠯᠪᠢᠴᠢᠬᠠᠭᠰᠠᠨ ᠠᠶᠠᠨ ᠵᠠᠮ ᠳᠤ ᠭᠠᠷᠬᠤ ᠶᠠᠩᠵᠤ ᠲᠠᠢ | ᠰᠠᠭᠤᠵᠤ ᠪᠠᠶᠢᠪᠠ ᠭᠡᠨ᠎ᠡ᠃ ᠬᠠᠮᠳᠣ ᠯᠠᠮᠠ ᠨᠢ ᠰᠡᠵᠢᠭ ᠠᠪᠤᠭᠠᠳ ᠰᠦᠮ᠎ᠡ ᠶᠢᠨ ᠳ᠋ᠠ ︵ᠶᠡᠭᠡ︶ ᠯᠠᠮᠠ ᠳᠠᠭᠠᠨ | ᠮᠡᠳᠡᠬᠦᠯᠵᠡᠢ᠃ ᠳ᠋ᠠ ᠯᠠᠮᠠ ᠰᠦᠮ᠎ᠡ ᠪᠠᠨ ᠰᠢᠯᠭᠠᠭᠰᠠᠨ ᠴᠢᠨᠢ ᠰᠠᠬᠢᠭᠤᠰᠣ ᠡᠷᠳᠡᠨᠢ ᠨᠢ ᠠᠯᠠᠭ᠎ᠠ ᠪᠤᠯᠵᠡᠢ᠃ | ᠢᠩᠭᠢᠬᠦ ᠳᠤ ᠱᠠᠪᠷᠤᠩ ᠯᠠᠮᠠ ᠪᠠᠨ ᠨᠡᠩᠵᠢᠭᠰᠡᠨ ᠳᠤ ᠡᠬᠦᠷᠭᠡᠨ ᠳᠣᠳᠣᠷ᠎ᠠ ᠠᠴᠠ ᠨᠢ ᠰᠠᠬᠢᠭᠤᠰᠤ ᠡᠷᠳᠡᠨᠢ ᠨᠢ ᠭᠠᠷᠴᠣ | ᠭᠡᠨ᠎ᠡ᠃ | ᠱᠠᠪᠷᠤᠩ ᠨᠢ ᠬᠤᠯᠠᠭᠠᠶᠢᠯᠠᠬᠤ ᠭᠡᠰᠡᠨ ᠰᠠᠨᠠᠭ᠎ᠠ ᠪᠢᠰᠢ᠂ ᠠᠶᠤᠯ ᠳᠦᠢᠮᠡᠷ ᠠᠴᠠ ᠬᠤᠯᠠᠳᠠᠭᠤᠯᠵᠣ | ᠬᠠᠮᠠᠭᠠᠯᠠᠵᠤ ᠪᠠᠶᠢᠭᠠᠳ ᠪᠣᠴᠠᠭᠠᠨ ᠠᠪᠴᠢᠷᠠᠵᠤ ᠳᠠᠬᠢᠬᠤ ᠭᠡᠰᠡᠨ ᠶᠤᠮ ᠭᠡᠳ ᠵᠦᠷᠢᠴᠡᠯ ᠪᠤᠯᠵᠡᠢ᠃ ᠵᠦᠪ | ᠪᠣᠷᠣᠭᠤ ᠨᠢ ᠢᠯᠭᠠᠷᠠᠭᠰᠠᠨ ᠦᠭᠡᠢ ᠪᠤᠯᠬᠤᠷ ᠵᠠᠰᠠᠭ ᠤᠨ ᠭᠠᠵᠠᠷ ᠵᠠᠷᠭᠤ ᠮᠡᠳᠡᠬᠦᠯᠥᠭᠰᠡᠨ ᠤ ᠡᠴᠣᠰ ᠲᠤ ᠱᠠᠪᠷᠦᠩ | ᠱᠣᠷᠤᠩ ᠳᠤ ᠣᠷᠣᠵᠡᠢ᠃ ᠰᠡᠬᠦᠯᠡᠷ ᠨᠢ ︽ᠴᠠᠭᠠᠨ ᠠᠭᠤᠯᠠ︾ ᠰᠦᠮ᠎ᠡ ᠶᠢᠨ ᠳᠣᠭᠠᠩ ᠦᠨᠡᠭᠡᠷ ᠭᠠᠯ ᠠᠯᠳᠠᠵᠣ | ᠲᠦᠢᠮᠡᠷ ᠭᠠᠷᠴᠣ ᠭᠡᠨ᠎ᠡ᠃ ᠱᠠᠪᠷᠤᠩ ᠬᠤᠵᠢᠮ ᠨᠢ ᠱᠣᠷᠤᠩ ᠠᠴᠠ ᠰᠣᠯᠠᠯᠠᠭᠳᠠᠮᠠᠭᠴᠠ ᠲᠡᠷᠡ ᠴᠢᠭ ᠲᠡᠭᠡᠨ ᠵᠢᠯᠢᠢᠵᠤ | ᠪᠠᠯᠳᠠᠨ ᠵᠠᠰᠠᠭ ᠤᠨ ᠨᠣᠳᠤᠭ ᠲᠤ ᠬᠦᠷᠦᠭᠰᠡᠨ ᠨᠢ ᠡᠨᠡ ᠪᠠᠶᠢᠵᠡᠢ᠃ ᠡᠷᠳᠡᠮ ᠨᠤᠮ ᠰᠠᠶᠢᠳᠡᠢ ᠣᠴᠢᠷ ᠭᠡᠳᠣᠨ | ᠵᠢᠯ ᠤᠨ ᠳᠣᠳᠣᠷ᠎ᠠ ᠳᠣᠮᠳᠠ ᠰᠠᠶᠢᠬᠠᠨ ᠤ ︽ᠶᠤᠯᠤ ᠶᠢᠨ ᠠᠮᠠᠨ︾ ᠳᠤ ᠪᠢᠴᠢᠬᠠᠨ ᠭᠡᠶᠢᠳ ᠪᠠᠷᠢᠵᠤ ᠵᠠᠰᠠᠭ ᠤᠨ | ᠨᠣᠳᠤᠭ ᠨᠢ ᠢᠩᠭᠢᠭᠡᠳ ᠱᠠᠪᠷᠤᠩ ᠤᠨ ᠭᠡᠶᠢᠳ ᠲᠠᠢ ᠪᠤᠯᠤᠭᠰᠠᠨ ᠶᠤᠮ ᠭᠡᠨ᠎ᠡ᠃ ᠡᠨᠡ ᠶᠠᠪᠤᠳᠠᠯ ᠠᠷᠪᠠᠨ | ᠶᠢᠰᠦᠳᠦᠭᠡᠷ ᠵᠠᠭᠤᠨ ᠤ ᠳᠣᠮᠳᠠᠴᠢ ᠦᠶ᠎ᠡ ᠶᠢᠨ ᠣᠴᠢᠷ ᠪᠤᠯᠤᠯᠳᠠᠢ᠃ | ᠮᠥᠨ ᠡᠨᠡ ᠦᠶ᠎ᠡ ᠪᠠᠷ ᠵᠠᠰᠠᠭ ᠤᠨ ᠬᠤᠰᠢᠭᠤᠨ ᠤ ᠨᠠᠮᠵᠢᠯ ᠬᠠᠭᠠᠯᠭᠠᠴᠢ ᠭᠡᠳᠡᠭ ᠬᠦᠮᠦᠨ ᠲᠠᠢ ᠨᠢᠭᠡ | ᠭᠠᠯ ᠤᠨ ᠬᠢᠨ ᠬᠦᠮᠪᠤᠮ ᠯᠠᠪᠷᠤᠩ ᠳᠤ ᠡᠷᠬᠦᠯ ᠮᠦᠷᠬᠦᠯ ᠬᠢᠭᠡᠳ ᠪᠣᠴᠠᠬᠤ ᠵᠠᠮ ᠳᠠᠭᠠᠨ ᠮᠢᠨ ᠴᠢᠨ ᠤ ᠨᠣᠳᠤᠭ ᠤᠨ | ᠵᠠᠬ᠎ᠠ ᠳᠠᠬᠢ ᠳᠠᠷᠢᠶᠠᠯᠠᠬᠤ ᠳᠣᠰᠬᠤᠨ ᠤ ᠦᠢᠷᠠᠯᠴᠠᠭ᠎ᠠ ᠪᠠᠭᠤᠵᠤ ᠮᠠᠶᠢᠬᠠᠨ ᠪᠣᠰᠬᠠᠨ ᠭᠠᠯᠯᠠᠵᠤ ᠪᠠᠶᠢᠳᠠᠯ᠎ᠠ ᠨᠢᠭᠡ | ᠵᠢᠭᠠᠯ ᠬᠦᠤ ᠣᠷᠣᠵᠣ ᠢᠷᠡᠭᠡᠳ ᠯᠠ ᠰᠠᠭᠤᠴᠢᠬᠠᠵᠤ ᠭᠡᠨ᠎ᠡ᠃ ᠬᠤᠭᠤᠯᠠ ᠣᠮᠳᠠ ᠢᠳᠡᠬᠦᠯᠦᠭᠡᠳ ᠣᠨᠳᠠᠬᠤ | ᠪᠣᠯᠣᠭᠰᠠᠨ ᠳᠤ ᠪᠠᠰᠠ ᠯᠠ ᠶᠠᠪᠤᠭᠰᠠᠨ ᠦᠭᠡᠢ᠂ ᠭᠡᠯᠡ ᠨᠡᠪᠳᠡᠷᠡᠬᠦ ᠦᠭᠡᠢ ᠶᠤᠮ ᠴᠢᠨᠢ ᠤᠷᠤ ᠵᠠᠰᠠᠵᠣ ᠬᠤᠨᠣᠭᠤᠯᠵᠡᠢ | ᠃ ᠡᠨᠡ ᠮᠡᠳᠣ ᠭᠡᠳᠣ ᠬᠤᠨᠣᠵᠣ ᠣᠨᠤᠭ᠎ᠠ ᠳᠡᠮᠡᠭᠡ ᠪᠠᠨ ᠠᠮᠠᠷᠠᠭᠤᠯᠵᠤ ᠠᠪᠤᠭᠠᠳ ᠶᠠᠪᠤᠬᠤ ᠪᠤᠯᠤᠭᠰᠠᠨ ᠳᠤ ᠪᠠᠰᠠ ᠯᠠ | ᠶᠠᠪᠤᠳᠠᠭ ᠦᠭᠡᠢ ᠭᠡᠨ᠎ᠡ᠃ ᠠᠷᠭ᠎ᠠ ᠶᠠᠳᠠᠬᠤ ᠳᠠᠭᠠᠨ ᠵᠢᠭᠠᠯ ᠬᠦᠤ ᠶᠢ ᠠᠪᠤᠭᠠᠳ ᠳᠣᠰᠬᠤᠨ ᠳᠤ ᠣᠷᠣᠵᠣ ᠭᠡᠷ ᠢ ᠨᠢ | ᠡᠷᠢᠵᠤ ᠶᠠᠪᠤᠭᠠᠳ ᠣᠯᠣᠭᠰᠠᠨ ᠴᠢᠨᠢ ᠬᠤᠯᠤᠰᠤᠨ ᠳᠡᠪᠢᠰᠭᠡᠷ ᠲᠠᠢ᠂ ᠬᠤᠴᠢᠯᠭ᠎ᠠ ᠦᠭᠡᠢ ᠰᠢᠬᠠᠭᠤ ᠶᠠᠳᠠᠷᠠᠭᠰᠠᠨ | ᠠᠮᠢᠳᠣᠷᠠᠯ ᠲᠠᠢ ᠯᠥᠸᠧ ᠣᠪᠣᠭ ᠲᠠᠢ ᠭᠠᠭᠴᠠ ᠪᠡᠶ᠎ᠡ ᠡᠮᠡᠭᠳᠡᠢ ᠪᠠᠶᠢᠵᠤ ᠭᠡᠨ᠎ᠡ᠃ ᠭᠡᠯᠡ ᠰᠠᠶᠢᠬᠠᠨ ᠨᠡᠪᠳᠡᠷᠡᠯᠴᠡᠬᠦ | ᠦᠭᠡᠢ᠂ ᠭᠡᠣᠭᠡᠳ ᠢᠶᠠᠨ ᠦᠭᠬᠦᠶ᠎ᠡ᠂ ᠠᠪᠤᠭᠠᠳ ᠶᠠᠪᠤ᠂ ᠬᠦᠮᠦᠨ ᠪᠤᠯᠭᠠᠵᠤ ᠠᠪ ᠭᠡᠳ ᠪᠠᠶᠢᠬᠤ ᠰᠢᠭ᠋᠂ ᠭᠠᠷ ᠤᠨ | ᠳᠣᠬᠢᠶ᠎ᠠ᠂ ᠬᠦᠳᠡᠯᠣᠯ ᠢᠶᠠᠷ ᠠᠷᠡᠢ ᠭᠡᠵᠤ ᠰᠠᠨᠠᠭ᠎ᠠ ᠪᠠᠨ ᠮᠡᠳᠡᠯᠴᠡᠵᠣ ᠭᠡᠳᠣᠨ ᠴᠠᠭᠠᠨ ᠶᠠᠩᠴᠢᠶᠠᠨ ᠠᠯᠠᠭᠠᠨ | ᠳᠡᠭᠡᠷ᠎ᠡ ᠨᠢ ᠳᠠᠯᠪᠢᠭᠠᠳ ᠭᠡᠣᠭᠡᠳ ᠢ ᠨᠢ ᠠᠪᠤᠭᠠᠳ ᠶᠠᠪᠤᠭᠰᠠᠨ ᠭᠡᠨ᠎ᠡ᠃ ᠨᠠᠮᠵᠢᠯ ᠬᠠᠭᠠᠯᠭᠠᠴᠢ ᠭᠡᠤᠭᠡᠳ ᠦᠭᠡᠢ | ᠬᠦᠮᠦᠨ ᠪᠠᠶᠢᠭᠰᠠᠨ ᠪᠤᠯᠬᠤᠷ ᠨᠣᠳᠤᠭ ᠲᠠᠭᠠᠨ ᠬᠦᠷᠦᠭᠡᠳ ᠭᠠᠯ ᠭᠤᠯᠤᠮᠳᠠ ᠪᠠᠨ ᠳᠣᠰᠢᠶᠠᠪᠠᠯ ᠬᠤᠵᠢᠮ ᠠᠪᠴᠣ | ᠶᠠᠪᠤᠵᠤ ᠴᠢᠳᠠᠬᠤ ᠨᠢ ᠤᠤ᠂ ᠦᠭᠡᠢ ᠤᠤ ᠭᠡᠵᠤ ᠸᠴᠢᠷ ᠵᠢᠷᠤᠬᠠᠶᠢᠴᠢ ᠭᠡᠭᠴᠢ ᠳᠤ ᠦᠵᠡᠬᠦᠯᠵᠤ ᠭᠡᠨ᠎ᠡ᠃ ᠸᠴᠢᠷ᠄ ︽ | ᠪᠠᠯᠳᠠᠨ ᠵᠠᠰᠠᠭ ᠤᠨ ᠶᠡᠭᠡ ᠪᠤᠶᠠᠨᠳᠠᠨ ᠢ ᠤᠯᠵᠤ ᠢᠷᠡᠭᠰᠡᠨ ᠶᠤᠮ ᠪᠠᠶᠢᠨ᠎ᠠ᠂ ᠬᠤᠷᠳᠣᠨ ᠠᠷᠤ ᠪᠣᠭᠳᠠ ᠳᠤ | ᠠᠶᠢᠯᠠᠳᠬᠠᠵᠤ ᠠᠰᠠᠭᠤ︾ ᠭᠡᠵᠤ ᠵᠢᠷᠤᠬᠠᠶᠢᠯᠡᠵᠡᠢ᠃ ᠰᠡᠬᠦᠯᠡᠷ ᠨᠢ ᠳ᠋ᠠ ᠬᠦᠷᠢᠶ᠎ᠡ ︵ᠨᠡᠶᠢᠰᠯᠡᠯ︶ ᠣᠷᠣᠵᠣ᠂ | ᠪᠣᠭᠳᠠ ᠠᠴᠠ ᠳᠣᠳᠣᠯᠠᠵᠣ ︽ᠵᠠᠯᠰᠠᠷᠡᠢ ᠭᠡᠭᠡᠨ︾ ᠢᠶᠠᠷ ᠴᠣᠯᠠᠯᠠᠵᠡᠢ᠃ ︵ᠵᠠᠯ᠊ — ᠪᠤᠷᠬᠠᠨ ᠤ ᠱᠠᠪᠢ ᠭᠡᠰᠡᠨ | ᠦᠭᠡ ᠪᠤᠶᠤ ᠼᠠᠩᠶᠠᠩᠵᠠᠮᠰᠣ ᠯᠠᠮᠠ ᠶᠢᠨ ᠱᠠᠪᠢ ᠭᠡᠰᠡᠨ ᠣᠳᠬ᠎ᠠ ᠲᠠᠢ ᠦᠭᠡ ᠶᠤᠮ︶ ᠪᠠᠯᠳᠠᠨ ᠵᠠᠰᠠᠭ ᠤᠨ ᠨᠣᠳᠤᠭ | ᠶᠡᠭᠡ ᠯᠠ ᠳᠡᠪᠵᠢᠶᠡᠨ ᠪᠤᠯᠵᠤ ᠦᠨᠦᠬᠢ ᠳᠡᠨᠣᠵᠣ ᠢᠷᠡᠭᠰᠡᠨ ᠠᠯᠠᠱᠠ ᠱᠠᠪᠷᠤᠩ ᠢ ᠪᠠᠭᠰᠢ ᠵᠠᠯᠠᠨ᠂ ᠰᠣᠭᠤᠣ ᠵᠢᠭᠠᠯ | ᠬᠦᠣ ᠶᠢ ᠱᠠᠪᠢᠯᠠᠨ ᠰᠣᠷᠣᠯᠴᠠᠭᠤᠯᠵᠤ᠂ ᠪᠠᠶᠢᠰᠢᠩᠳᠣ ᠶᠢᠨ ᠬᠤᠷᠠᠯ ᠤᠨ ᠭᠡᠶᠢᠳ ᠢ ᠱᠠᠯᠠᠪᠳᠠᠨ ᠪᠠᠶᠢᠭᠤᠯᠵᠤ᠂ | ᠰᠢᠷᠡᠬᠡᠨ ᠳᠤ ᠵᠠᠯᠠᠭᠠᠳ ᠵᠠᠯᠰᠠᠷᠡᠢ ᠭᠡᠭᠡᠨ ᠲᠠᠢ ᠨᠣᠳᠤᠭ ᠪᠣᠯᠣᠭᠰᠠᠨ ᠶᠤᠮ ᠭᠡᠳᠡᠭ᠃ ᠰᠣᠭᠤᠣ ᠵᠢᠭᠠᠯ ᠰᠢᠷᠡᠭᠡᠨ ᠳᠤ | ᠰᠠᠭᠠᠳᠠᠭᠰᠠᠨ ᠤ ᠳᠠᠷᠠᠭ᠎ᠠ ᠰᠢᠮᠳᠠᠨ ᠰᠣᠷᠣᠯᠴᠠᠵᠣ ᠡᠷᠳᠡᠮ ᠦᠨᠳᠦᠷ ᠮᠡᠳᠡᠯᠭᠡ ᠦᠷᠭᠡᠨ᠂ ᠳᠠᠯᠳᠠ ᠶᠢ ᠮᠡᠳᠡᠭᠴᠢ | ᠠᠮᠢᠳᠣ ᠪᠣᠷᠬᠠᠨ ᠪᠣᠯᠬᠤ ᠪᠠᠨ ᠬᠤᠯᠠ ᠦᠢᠷ᠎ᠠ ᠳᠤ ᠳᠠᠨᠢᠭᠤᠯᠵᠡᠢ᠃ ᠨᠢᠭᠡ ᠶᠡᠭᠡ ᠣᠷᠳᠣ ᠭᠠᠩᠰᠠ ᠲᠠᠢ᠂ | ᠦᠪᠡᠷ ᠢᠶᠠᠨ ᠰᠦᠯᠵᠢᠭᠰᠡᠨ ᠣᠯᠠᠪᠴᠢᠨ ᠱᠠᠬᠠᠢ ᠲᠠᠢ᠂ ᠰᠣᠨᠢᠨ ᠪᠣᠷᠣᠭᠵᠢᠭᠤᠨ ᠪᠦᠭᠡᠳ ᠣᠯᠠᠨ ᠳᠡᠮᠡᠭᠡ ᠲᠠᠢ ᠰᠠᠩ | ᠵᠢᠰᠠ ᠪᠠᠨ ᠦᠪᠡᠷ ᠢᠶᠠᠨ ᠪᠦᠷᠢᠳᠭᠡᠵᠤ ᠮᠡᠳᠡᠳᠡᠭ ᠭᠡᠴᠡᠬᠦᠣ ᠬᠦᠮᠦᠨ ᠪᠠᠶᠢᠭᠰᠠᠨ ᠭᠡᠨ᠎ᠡ᠃ | ᠵᠢᠨᠤᠩ ᠸᠠᠩ ᠤᠨ ᠬᠢᠨ ᠪᠠᠯᠳᠠᠨ ᠵᠠᠰᠠᠭ ᠤᠨ ᠬᠤᠰᠢᠭᠤ ᠶᠢ ᠰᠣᠭᠤᠣ ᠭᠡᠭᠡᠨ ᠲᠠᠢ ᠨᠣᠳᠤᠭ ᠭᠡᠳ ᠳᠣᠭᠤᠯ | ᠦᠭᠡᠢ ᠶᠡᠭᠡᠷᠭᠡᠵᠤ ᠪᠠᠶᠢᠭᠠᠳ ᠴᠢᠳᠠᠭᠳᠠᠳᠠᠭ ᠶᠠᠪᠤᠳᠠᠯ ᠤᠴᠢᠷ ᠳᠣᠬᠢᠶᠠᠯᠳᠣᠨ ᠦᠯᠢᠭᠡᠷ ᠳᠣᠮᠤᠭ ᠭᠠᠷᠳᠠᠭ ᠪᠠᠶᠢᠵᠡᠢ᠃ | ᠯᠾᠡᠸᠠᠩᠵᠠᠪ ᠨᠤᠶᠠᠨ ᠢ ᠭᠡᠣᠭᠡᠳ ᠠᠬᠤᠢ ᠴᠠᠭ ᠳ᠋ᠠᠰᠢᠴᠦ᠋ᠢᠯᠢᠩ ᠭᠡᠶᠢᠳ ᠲᠤ ᠱᠠᠪᠢᠯᠠᠨ ᠰᠣᠷᠣᠯᠴᠠᠵᠣ | ᠪᠠᠶᠢᠭᠰᠠᠨ ᠨᠣᠶᠠᠨ ᠳᠦᠰᠢᠮᠡᠯ ᠤᠨ ᠭᠤᠷᠪᠠᠨ ᠭᠡᠣᠭᠡᠳ ᠴᠠᠭᠠᠨ ᠪᠤᠷᠬᠠᠨ ᠲᠤᠭᠤᠯᠵᠤ ᠮᠠᠨᠠᠷᠠᠵᠤ ᠬᠠᠯᠠᠭᠤᠷᠠᠵᠤ ᠰᠦᠢᠳ | ᠪᠤᠯᠵᠡᠢ᠃ ᠳ᠋ᠠᠰᠢ ᠨᠣᠶᠠᠨ ᠠᠷᠭ᠎ᠠ ᠪᠠᠷᠠᠭᠳᠠᠨ ᠰᠠᠨᠳᠣᠷᠬᠤ ᠳᠠᠭᠠᠨ ᠵᠠᠰᠠᠭ ᠤᠨ ᠨᠣᠳᠤᠭ ᠤᠨ ᠰᠣᠭᠤᠣ ᠵᠠᠯᠰᠠᠷᠡᠢ ᠳᠤ | ᠭᠡᠯᠡ ᠶᠠᠪᠤᠭᠤᠯᠤᠨ ᠡᠮ ᠵᠠᠯᠠᠵᠤ ᠭᠡᠨ᠎ᠡ᠃ ᠣᠮ ᠬᠤᠮ ᠦᠭᠡᠢ ᠳᠣᠪᠳᠣᠯᠭᠠᠭᠰᠠᠨ ᠡᠯᠴᠢ ᠪᠠᠴᠢᠮ ᠣᠴᠢᠷ ᠢᠶᠠᠨ | ᠮᠡᠳᠡᠭᠳᠡᠭᠰᠡᠨ ᠳᠤ ᠬᠠᠷᠢᠭᠤ ᠳᠤᠨᠢ ᠬᠤᠶᠠᠷ ᠳᠣᠩ ᠡᠮ ᠪᠤᠭᠤᠵᠤ ᠦᠭᠬᠦᠭᠡᠳ ᠴᠠᠢ ᠬᠤᠭᠤᠯᠠ ᠦᠭᠬᠦᠩᠬᠦᠳᠡ | ᠪᠣᠰᠢᠭᠤᠬᠠᠨ ᠪᠣᠴᠠᠨ ᠬᠠᠷᠢᠬᠤ ᠶᠢ ᠱᠠᠭᠠᠷᠳᠠᠨ ᠵᠠᠩᠨᠠᠵᠡᠢ᠃ ᠣᠴᠢᠷ ᠢ ᠣᠯᠣᠭᠰᠠᠨ ᠦᠭᠡᠢ ᠡᠯᠴᠢ ᠭᠤᠷᠪᠡᠨ ᠭᠡᠣᠭᠡᠳ | ᠡᠪᠡᠳᠴᠢᠯᠡᠭᠰᠡᠨ ᠪᠠᠶᠢᠭ᠎ᠠ ᠰᠢᠤ ᠭᠡᠵᠤ ᠴᠢᠷᠡᠶᠢᠴᠢᠯᠠᠬᠤ ᠳᠤᠨᠢ ᠶᠠᠭᠤᠨ ᠣᠯᠠᠨ ᠦᠭᠡ ᠲᠠᠢ ᠶᠤᠮ᠂ ᠬᠤᠷᠳᠣᠨ ᠶᠠᠪᠤᠨ᠎ᠠ | ᠤᠤ ᠦᠭᠡᠢ ᠤᠤ ᠴᠢ︖ ᠵᠠᠮ ᠳᠠᠭᠠᠨ ᠰᠠᠭᠠᠳᠠᠪᠠᠯ ᠳᠣᠯᠣᠭᠠᠢ ᠶᠢ ᠴᠢᠨᠢ ᠮᠡᠳᠡᠨ᠎ᠡ ᠰᠢᠤ ᠭᠡᠳ ᠵᠠᠩᠳᠣᠷᠬᠤ ᠳᠤᠨᠢ | ᠡᠯᠴᠢ ᠪᠤᠴᠠᠭᠠᠳ ᠯᠠ ᠣᠮ ᠬᠤᠮ ᠦᠭᠡᠢ ᠳᠣᠪᠳᠣᠯᠭᠠᠨ ᠣᠨᠤᠭ᠎ᠠ ᠬᠦᠮᠦᠨ ᠬᠤᠶᠠᠷ ᠣᠰᠣᠨ ᠬᠤᠯᠣᠭᠠᠨ᠎ᠠ | ᠪᠤᠯᠤᠭᠰᠠᠨ ᠶᠠᠭᠤᠮ᠎ᠠ ᠢᠷᠡᠬᠦ ᠳᠤ᠂ ᠨᠢᠭᠡ ᠭᠡᠣᠭᠡᠳ ᠨᠢ ᠠᠮᠢᠰᠬᠤᠭ᠎ᠠ ᠬᠤᠷᠢᠶᠠᠴᠢᠬᠠᠭᠰᠠᠨ ᠪᠠᠶᠢᠵᠤ ᠭᠡᠨ᠎ᠡ᠃ ᠭᠡᠣᠭᠡᠳ | ᠵᠢᠭᠠᠬᠠᠨ ᠳᠦᠢᠨ ᠯᠾᠡᠸᠠᠩᠵᠠᠪ ᠡᠶᠢᠨ ᠬᠦ ᠡᠷᠯᠢᠭ ᠤᠨ ᠡᠯᠴᠢᠨ ᠤ ᠭᠠᠷ ᠠᠴᠠ ᠮᠣᠯᠳᠣᠷᠠᠭᠰᠠᠨ ᠳᠤ ᠪᠡᠯᠭᠡᠰᠢᠶᠡᠵᠤ | ᠳ᠋ᠠᠰᠢ ᠨᠣᠶᠠᠨ ᠪᠢᠴᠢᠬᠠᠨ ᠳᠦᠢᠨ ᠢ ᠡᠬᠢᠨ ᠲᠦᠷᠢ ᠶᠢᠨ ᠵᠠᠯᠰᠠᠷᠡᠢ ᠪᠠᠭᠰᠢ ᠳᠤ ᠠᠴᠢᠯᠠᠯ ᠮᠡᠳᠡᠬᠦᠯᠦᠨ ᠳᠠᠩᠭᠠᠷᠢᠭ | ᠪᠠᠷᠢᠯᠳᠣᠵᠣ ᠱᠠᠪᠢ ᠣᠷᠣᠭᠤᠯᠵᠡᠢ᠃ ᠡᠨᠡ ᠨᠢ ᠳᠣᠷᠭᠤᠳ ᠨᠣᠶᠠᠨ ᠵᠠᠯᠰᠠᠷᠡᠢ ᠬᠤᠶᠠᠷ ᠤᠨ ᠠᠩᠬᠠᠨ ᠤ ᠪᠠᠷᠢᠯᠳᠣᠯᠭ᠎ᠠ | ᠶᠤᠮ ᠭᠡᠳᠡᠭ᠃ ᠠᠩᠬᠠᠨ ᠤ ᠵᠠᠯᠰᠠᠷᠡᠢ ᠭᠡᠭᠡᠨ ᠶᠡᠭᠡ ᠦᠨᠳᠦᠷ ᠨᠠᠰᠣᠯᠠᠵᠤ᠂ ᠦᠪᠡᠷ ᠤᠨ ᠵᠦᠩ ᠢᠶᠠᠷ ᠢᠶᠠᠨ ᠲᠠᠭᠠᠯᠠᠯ | ᠪᠤᠯᠤᠬᠰᠠᠨ ᠶᠤᠮ ᠭᠡᠳᠡᠭ᠃ | ︽ᠵᠠᠭ ᠤᠨ ᠴᠡᠩᠭᠡᠷ ᠭᠤᠪᠢ︾ ᠨᠤᠮ ᠠᠴᠠ ᠠᠪᠤᠪᠠ |