ᠡᠵᠡᠨ᠎ᠡ ᠬᠤᠰᠢᠭᠤᠨ ᠤ ᠨᠠᠢᠮᠠᠨ ᠥᠶ᠎ᠠ ᠶᠢᠨ ᠠᠷᠪᠠᠨ ᠬᠤᠶᠠᠷ ᠨᠤᠶᠠᠨᠳ ᠤᠨ ᠳᠦᠭᠦᠮ ᠨᠠᠮᠳᠠᠷ
ᠨᠡᠶᠢᠲᠡᠯᠡᠭᠰᠡᠨ ᠴᠠᠭ᠄
2018-11-23
        ᠠᠷᠠᠪᠵᠤᠤᠷ ︵~1716︶ ᠪᠤᠯ ᠳᠤᠷᠭᠤᠳ ᠠᠶᠢᠮᠠᠭ ᠤᠨ ᠳᠦᠷᠦᠭᠦᠦ ᠠᠶᠤᠬᠢ ᠬᠠᠨ ᠤ ᠦᠶᠡᠯᠢᠳ ᠠᠬ᠎ᠠ ᠨᠠᠽᠠᠷᠮᠠᠮᠤᠳ ᠤᠨ ᠭᠦᠪᠡᠭᠦᠨ ᠪᠤᠯᠤᠨ᠎ᠠ᠃ 1698 ᠤᠨ ᠳᠤ᠂ ᠠᠶᠤᠬᠢ ᠬᠠᠨ ᠤ ᠨᠠᠶᠢᠳᠠᠯᠭ᠎ᠠ ᠪᠠᠷ ᠦᠪᠡᠷ ᠤᠨ ᠡᠭᠡ ᠦᠭᠢᠨ ᠳᠡᠭᠦᠦ ᠶᠢᠨ ᠬᠠᠮᠳᠤ ᠠᠷᠪᠠᠨ ᠭᠤᠷᠪᠠᠨ ᠤᠳᠤᠮ ᠤᠨ 70 ᠭᠠᠷᠤᠢ ᠡᠷᠦᠬᠡ ᠶᠢᠨ 500 ᠭᠠᠷᠤᠢ ᠠᠯᠪᠠᠳᠤ ᠪᠠᠨ ᠳᠠᠭᠠᠭᠤᠯᠤᠨ᠂ ᠳᠦᠪᠡᠳ ᠤᠨ ᠮᠦᠩᠭᠡ ᠵᠤᠤ ᠳᠤ ᠭᠦᠷᠴᠤ ᠡᠷᠭᠦᠯ ᠮᠦᠷᠭᠦᠯ ᠬᠢᠭᠦ ᠨᠡᠷ᠎ᠡ ᠪᠠᠷ ᠠᠯᠤᠰ ᠳᠡᠷᠳᠡᠭᠡ ᠢᠵᠢᠯ ᠮᠦᠷᠡᠨ ᠠᠴᠠ ᠭᠠᠷᠴᠤ᠂ ᠡᠭᠡ ᠨᠤᠳᠤᠭ ᠲᠠᠭᠠᠨ ᠪᠤᠴᠠᠨ ᠢᠷᠡᠵᠦ᠂ ᠬᠤᠵᠢᠮ ᠨᠢ ᠡᠵᠡᠨ᠎ᠡ ᠭᠤᠤᠯ ᠳᠠᠭᠠᠤ ᠨᠤᠳᠤᠭᠰᠢᠨ ᠰᠠᠭᠤᠷᠢᠰᠢᠵᠡᠢ᠃ 1704 ᠤᠨ ᠳᠤ ᠠᠷᠠᠪᠵᠤᠤᠷ ᠬᠤᠰᠢᠭᠤ ᠪᠠᠶᠢᠰᠠ ᠶᠢᠨ ᠭᠡᠷᠭᠡᠮ ᠱᠠᠩᠨᠠᠭᠳᠠᠵᠦ᠂ ᠡᠵᠡᠨ᠎ᠡ ᠬᠠᠭᠤᠴᠢᠨ ᠳᠤᠷᠭᠤᠳ ᠮᠤᠩᠭᠤᠯᠴᠤᠳ ᠤᠨ ᠡᠪᠦᠭᠡ ᠳᠡᠭᠡᠳᠦᠰ ᠪᠤᠯᠪᠠ᠃ ᠠᠷᠠᠪᠵᠤᠤᠷ ᠵᠢᠴᠢ ᠳᠡᠭᠦᠨ ᠤ ᠬᠠᠷᠢᠶᠠᠳᠤ ᠠᠯᠪᠠᠳᠤ ᠶᠢᠨ ᠨᠤᠳᠤᠭ ᠤᠷᠤᠨ ᠳᠠᠭᠠᠨ ᠪᠤᠴᠠᠵᠦ ᠢᠷᠡᠭᠰᠡᠨ ᠡᠨᠡᠭᠦ ᠶᠠᠪᠤᠳᠠᠯ ᠨᠢ 1771 ᠤᠨ ᠳᠤ ᠤᠪᠰᠢ ᠶᠢᠨ ᠳᠠᠭᠠᠭᠤᠯᠤᠭᠰᠠᠨ ᠭᠡᠳᠦᠨ ᠠᠷᠪᠠᠨ ᠳᠦᠮᠡᠨ ᠳᠤᠷᠭᠤᠳ ᠠᠶᠢᠮᠠᠭ ᠤᠨ ᠡᠭᠡ ᠤᠯᠤᠰ ᠲᠠᠭᠠᠨ ᠪᠤᠴᠠᠭᠰᠠᠨ ᠬᠤᠰᠢᠭᠤᠴᠢ ᠪᠤᠯᠪᠠ᠃        ᠲᠠᠨᠵᠤᠩ ︵~1740︶ ᠪᠤᠯ ᠪᠠᠶᠢᠰᠠ ᠠᠷᠠᠪᠵᠤᠤᠷ ᠤᠨ ᠤᠤᠭᠠᠨ ᠭᠦᠪᠡᠭᠦᠨ ᠪᠤᠯᠤᠨ᠎ᠠ᠃ 1716 ᠤᠨ ᠳᠤ ᠬᠤᠱᠤᠢ ᠪᠠᠶᠢᠰᠠ ᠶᠢᠨ ᠭᠡᠷᠭᠡᠮ ᠢ ᠵᠠᠯᠭᠠᠮᠵᠢᠯᠠᠵᠦ᠂ 1729 ᠤᠨ ᠳᠤ ᠳᠦᠷᠦ ᠶᠢᠨ ᠪᠠᠶᠢᠯᠨ ᠶᠢᠨ ᠭᠡᠷᠭᠡᠮ ᠳᠤ ᠳᠡᠪᠰᠢᠭᠦᠯᠵᠡᠢ᠃ 1740 ᠤᠨ ᠳᠤ ᠨᠠᠰᠤ ᠪᠠᠷᠠᠵᠠᠢ᠃ ᠪᠠᠶᠢᠯᠨ ᠲᠠᠨᠵᠤᠩ 1731 ᠤᠨ ᠳᠤ ᠬᠠᠷᠢᠶᠠᠳᠤ ᠠᠯᠪᠠᠳᠤ ᠪᠠᠨ ᠳᠠᠭᠠᠭᠤᠯᠵᠦ᠂ ᠡᠵᠡᠨ᠎ᠡ ᠭᠤᠤᠯ ᠳᠤ ᠤᠷᠤᠵᠦ ᠢᠷᠡᠭᠰᠡᠨ ᠪᠢᠯᠨ᠃       ᠯᠤᠪᠰᠠᠩᠳᠠᠷᠵᠠ ︵~1767︶ ᠪᠤᠯ ᠲᠠᠨᠵᠤᠩ ᠤᠨ ᠶᠡᠭᠡ ᠭᠦᠪᠡᠭᠦᠨ ᠪᠤᠯᠤᠨ᠎ᠠ᠃ 1740 ᠤᠨ ᠳᠤ ᠳᠦᠷᠦ ᠶᠢᠨ ᠪᠠᠶᠢᠯᠨ ᠶᠢᠨ ᠭᠡᠷᠭᠡᠮ ᠵᠠᠯᠭᠠᠮᠵᠢᠯᠠᠵᠦ᠂ 1767 ᠤᠨ ᠳᠤ ᠨᠠᠰᠤ ᠪᠠᠷᠠᠵᠠᠢ᠂ ᠰᠠᠭᠤᠷᠢᠨ ᠳᠤ ᠪᠠᠶᠢᠬᠤ ᠬᠤᠭᠤᠴᠠᠭᠠᠨ ᠳᠠᠭᠠᠨ ᠴᠠᠭᠠᠨ ᠰᠠᠶᠢᠷ ᠭᠡᠭᠴᠢ ᠭᠠᠵᠠᠷ ᠲᠤ ︵ᠤᠳᠤ ᠠᠯᠳᠠᠨ ᠰᠦᠮ᠎ᠡ ᠭᠡᠵᠦ ᠪᠤᠢ᠂ ᠵᠢᠷᠭᠠᠯᠠᠩᠳᠤ ᠰᠤᠮᠤᠨ ᠤ ᠦᠰᠦᠷᠦᠩᠭᠦᠢ ᠭᠠᠴᠠᠭ᠎ᠠ ᠳᠤ ᠪᠤᠢ︶ ᠡᠵᠡᠨ᠎ᠡ ᠶᠢᠨ ᠬᠠᠮᠤᠭ ᠠᠩᠬᠠᠨ ᠤ ᠰᠦᠮ᠎ᠡ ᠳᠠᠰᠢᠴᠦ᠋ᠢᠯᠢᠩ ᠰᠦᠮ᠎ᠡ ᠶᠢ ︵1751 ᠤᠨ︶ ᠪᠠᠶᠢᠭᠤᠯᠤᠨ ᠬᠦᠭᠡᠨᠠᠭᠤᠷ ᠠᠴᠠ ᠭᠡᠭᠡᠨ ᠵᠠᠯᠠᠵᠦ᠂ ᠬᠠᠷᠢᠶᠠᠳᠤ ᠠᠯᠪᠠᠳᠤ ᠳᠠᠭᠠᠨ ᠡᠪᠡᠳᠴᠢᠨ ᠦᠵᠡᠭᠦᠯᠵᠦ ᠪᠤᠶᠠᠨ ᠨᠤᠮ ᠦᠢᠯᠡᠳᠦᠭᠦᠯᠵᠡᠢ᠃ 1753 ᠤᠨ ᠳᠤ ᠴᠢᠩ ᠤᠯᠤᠰ ᠠᠴᠠ ᠡᠵᠡᠨ᠎ᠡ ᠬᠠᠭᠤᠴᠢᠨ ᠳᠤᠷᠭᠤᠳ ᠤᠨ ᠵᠠᠰᠠᠭ ᠬᠤᠰᠢᠭᠤ ᠶᠢ ᠵᠢᠩᠭᠢᠨᠢ ᠪᠠᠷ ᠪᠠᠶᠢᠭᠤᠯᠵᠦ᠂ ᠮᠠᠨᠵᠤ ᠮᠤᠩᠭᠤᠯ ᠦᠰᠦᠭ ᠬᠠᠪᠰᠤᠷᠭᠠᠭᠰᠠᠨ ᠮᠦᠩᠭᠦᠨ ᠳᠠᠮᠠᠭ᠎ᠠ ᠪᠠᠭᠤᠯᠭᠠᠨ ᠦᠭᠪᠡ᠃ ᠯᠤᠪᠰᠠᠩᠳᠠᠷᠵᠠ ᠪᠤᠯ ᠡᠵᠡᠨ᠎ᠡ ᠶᠢᠨ ᠤᠤᠭᠠᠨ ᠵᠠᠰᠠᠭ ᠨᠤᠶᠠᠨ ᠪᠤᠯᠤᠨ᠎ᠠ᠃       ᠸᠠᠩᠵᠢᠯᠴᠠᠷᠡᠨ ︵1743~1810︶ ᠪᠤᠯ ᠪᠠᠶᠢᠯᠨ ᠯᠤᠪᠰᠠᠩᠳᠠᠷᠵᠠ ᠶᠢᠨ ᠭᠠᠭᠴᠠ ᠭᠦᠦ ᠪᠤᠯᠤᠨ᠎ᠠ᠃ 1767 ᠤᠨ ᠳᠤ ᠵᠠᠰᠠᠭ ᠳᠦᠷᠦ ᠶᠢᠨ ᠪᠠᠶᠢᠯᠨ ᠶᠢᠨ ᠭᠡᠷᠭᠡᠮ ᠵᠠᠯᠭᠠᠮᠵᠢᠯᠠᠵᠦ᠂ 1783 ᠤᠨ ᠳᠤ ᠦᠶ᠎ᠡ ᠤᠯᠠᠷᠢᠨ ᠵᠠᠯᠭᠠᠮᠵᠢᠯᠠᠭᠤᠯᠬᠤ ᠪᠤᠯᠭᠠᠵᠠᠢ᠃ 1810 ᠤᠨ ᠳᠤ ᠨᠠᠰᠤ ᠪᠠᠷᠠᠵᠠᠢ᠃ ᠰᠠᠭᠤᠷᠢᠨ ᠳᠤ ᠪᠠᠶᠢᠬᠤ ᠳᠠᠭᠠᠨ ᠶᠠᠳᠠᠭᠤ ᠬᠤᠭᠤᠰᠤᠨ ᠠᠷᠠᠳ ᠢ ᠳᠡᠳᠭᠦᠭᠦ᠂ ᠡᠵᠡᠨ᠎ᠡ ᠶᠢᠨ ᠨᠠᠷᠢᠨᠭᠤᠤᠯ᠂ ᠮᠦᠷᠡᠨᠭᠤᠤᠯ ᠤᠨ ᠤᠰᠤ ᠶᠢ ᠳᠡᠩᠴᠡᠭᠦᠯᠭᠦ᠂ ᠠᠯᠠᠱᠠ ᠬᠤᠱᠤᠳ ᠬᠤᠰᠢᠭᠤ ᠠᠴᠠ ᠬᠠᠮᠵᠢᠯᠴᠠᠭ᠎ᠠ ᠰᠠᠯᠬᠤ ᠵᠡᠷᠭᠡ ᠳᠠᠯ᠎ᠠ ᠪᠠᠷ ᠨᠡᠯᠢᠶᠡᠳ ᠠᠵᠢᠯ ᠬᠢᠵᠡᠢ᠃ ᠳᠦᠨᠳᠦᠪᠴᠡᠷᠡᠨ ︵~ 1812︶ ᠪᠤᠯ ᠪᠠᠶᠢᠯᠨ ᠸᠠᠩᠵᠢᠯᠴᠡᠷᠡᠨ ᠤ ᠬᠤᠶᠠᠳᠤᠭᠠᠷ ᠭᠦᠪᠡᠭᠦᠨ᠂ 1810 ᠤᠨ ᠳᠤ ᠵᠠᠰᠠᠭ ᠳᠦᠷᠦ ᠶᠢᠨ ᠪᠠᠶᠢᠯᠨ ᠵᠠᠯᠭᠠᠮᠵᠢᠯᠠᠵᠦ᠂ 1812 ᠤᠨ ᠳᠤ ᠨᠠᠰᠤ ᠪᠠᠷᠠᠵᠠᠢ᠃       ᠪᠠᠶᠠᠷᠮᠠᠩᠨᠠᠢ ︵~1841︶ ᠪᠤᠯ ᠪᠠᠶᠢᠯᠨ ᠳᠦᠨᠳᠦᠪᠴᠡᠷᠡᠨ ᠤ ᠭᠠᠭᠴᠠ ᠭᠦᠪᠡᠭᠦᠨ ᠪᠤᠯᠤᠨ᠎ᠠ᠃ 1812 ᠤᠨ ᠳᠤ ᠳᠦᠷᠦ ᠶᠢᠨ ᠪᠠᠶᠢᠯᠨ ᠵᠠᠯᠭᠠᠮᠵᠢᠯᠠᠵᠦ᠂ 1841 ᠤᠨ ᠳᠤ ᠨᠠᠰᠤ ᠪᠠᠷᠠᠵᠠᠢ᠃ 1815 ᠤᠨ ᠠᠴᠠ 1816 ᠤᠨ ᠤ ᠬᠤᠭᠤᠷᠤᠨᠳᠤ ᠡᠵᠡᠨ᠎ᠡ ᠶᠢᠨ ᠱᠤᠪᠤᠭᠤᠷ ᠤᠨ ᠴᠠᠭᠠᠨ ︵ᠤᠳᠤ ᠶᠢᠨ ᠶᠠᠮᠤᠨ ᠴᠠᠭᠠᠨ︶ ᠭᠡᠳᠡᠭ ᠭᠠᠵᠠᠷ ᠲᠤ 15 ᠳᠠᠰᠣᠯᠭ᠎ᠠ ᠪᠠᠶᠢᠰᠢᠩ ᠪᠠᠶᠢᠭᠤᠯᠵᠦ ᠶᠠᠮᠤᠨ ᠢᠶᠠᠨ ᠪᠤᠯᠭᠠᠵᠠᠢ᠃ 1834 ᠤᠨ ᠳᠤ ᠱᠤᠸᠠᠩ ᠴᠧᠩ ᠽᠢ ︵ᠢᠬᠡᠷ᠎ᠡ ᠬᠤᠳᠠ︶᠎ ᠶᠢᠨ ᠭᠠᠵᠠᠷ ᠢᠶᠠᠨ ᠮᠤᠤ ᠮᠥ ᠰᠢᠶᠠᠨ ︵ᠡᠳᠦᠬᠡ ᠶᠢᠨ ᠭᠠᠨᠰᠤ ᠶᠢᠨ ᠵᠢᠨᠲ᠋ᠠ ᠰᠢᠶᠠᠨ︶᠎ ᠤ ᠢᠷᠭᠡᠨ ᠳᠤ ᠵᠠᠭᠤᠨ ᠵᠢᠯ ᠤᠨ ᠬᠤᠭᠤᠴᠠᠭ᠎ᠠ ᠲᠠᠢ ᠳᠦᠷᠢᠶᠡᠰᠦᠯᠡᠨ ᠦᠭᠴᠡᠢ᠃ ᠢᠩᠭᠢᠭᠡᠳ ᠳᠡᠦᠭᠡᠨ ᠳᠤ ᠳᠦᠷᠢᠶᠡᠰᠦᠯᠡᠨ ᠦᠭᠭᠦᠭᠰᠡᠨ ᠬᠤᠭᠤᠴᠠᠭ᠎ᠠ ᠪᠠᠷ ᠬᠠᠮᠤᠭ ᠤᠷᠳᠦ ᠭᠡᠷ᠎ᠡ ᠡᠵᠡᠨ᠎ᠡ ᠶᠢᠨ ᠳᠡᠦᠭᠡᠨ ᠬᠠᠭᠤᠳᠠᠰᠤᠨ᠎ᠠ ᠳᠡᠮᠳᠡᠭᠯᠡᠭᠳᠡᠪᠡ᠃       ᠳᠠᠰᠢᠴᠡᠷᠡᠨ ︵~1869︶ ᠪᠤᠯ ᠪᠠᠶᠢᠯᠨ ᠪᠠᠶᠠᠷᠮᠠᠩᠨᠠᠢ ᠶᠢᠨ ᠭᠠᠭᠴᠠ ᠭᠦᠪᠡᠭᠦᠨ ᠪᠤᠯᠤᠨ᠎ᠠ᠃ 1841 ᠤᠨ ᠳᠤ ᠳᠦᠷᠦ ᠶᠢᠨ ᠪᠠᠶᠢᠯᠨ ᠵᠠᠯᠭᠠᠮᠵᠢᠯᠠᠵᠠᠢ᠃ 1869 ᠤᠨ ᠳᠤ ᠨᠠᠰᠤ ᠪᠠᠷᠠᠵᠠᠢ᠃ ᠰᠠᠭᠤᠷᠢᠨ ᠳᠤ ᠪᠠᠶᠢᠬᠤ ᠳᠠᠭᠠᠨ 1866 ᠤᠨ ᠳᠤ ᠱᠠᠨ ᠭᠠᠨ ᠤ ᠪᠦᠭᠦᠳᠡ ᠶᠢ ᠵᠠᠭᠢᠷᠤᠭᠴᠢ ᠰᠠᠶᠢᠳ ᠤᠨ ᠵᠠᠷᠯᠢᠭ ᠢᠶᠠᠷ ᠬᠠᠷᠢᠶᠠᠳᠤ ᠬᠤᠰᠢᠭᠤᠨ ᠤ ᠪᠠᠨ ᠳᠤᠳᠤᠷ᠎ᠠ 10 ᠦᠷᠳᠡᠭᠡ ᠪᠠᠶᠢᠭᠤᠯᠵᠦ᠂ ᠰᠤᠷᠠᠭ ᠴᠢᠮᠡᠭᠡ ᠳᠠᠮᠵᠢᠭᠤᠯᠬᠤ ᠠᠵᠢᠯ ᠢ ᠦᠷᠨᠢᠭᠦᠯᠵᠡᠢ ᠃ 1869 ᠤᠨ ᠳᠤ ᠳᠤᠯᠤᠭᠠᠨ ᠠᠷᠪᠠᠨ ᠤ ᠵᠤᠬᠢᠶᠠᠨ ᠪᠠᠶᠢᠭᠤᠯᠤᠯᠳᠠ ᠲᠠᠢ 70 ᠴᠡᠷᠢᠭ ᠤᠨ ᠡᠷᠡᠰ ᠢ ᠰᠢᠨ᠎ᠠ ᠪᠠᠷ ᠪᠠᠶᠢᠭᠤᠯᠵᠠᠢ᠃ ᠮᠦᠨ ᠵᠢᠯ ᠳᠤ ᠪᠠᠶᠢᠯᠨ ᠳᠠᠰᠢᠴᠡᠷᠡᠨ ᠪᠠᠭ᠎ᠠ ᠬᠤᠩᠭᠤᠷᠵᠢ ᠭᠡᠳᠡᠭ ᠭᠠᠵᠠᠷ ᠲᠤ ᠬᠤᠳᠤᠩ ᠤᠨ ᠳᠡᠭᠡᠷᠡᠮ ᠢ ᠴᠤᠬᠢᠬᠤ ᠳᠤᠮᠳᠠ ᠨᠠᠰᠤ ᠪᠠᠷᠠᠵᠠᠢ᠃       ᠲᠡᠨᠵᠢᠨ ︵~1892︶ ᠪᠤᠯ ᠪᠠᠶᠢᠯᠨ ᠳᠠᠰᠢᠴᠡᠷᠡᠨ ᠤ ᠠᠪᠠᠭ᠎ᠠ ᠠᠪᠤ ᠤᠷᠳᠤᠨᠠᠰᠤᠨ ᠳᠠᠶᠢᠵᠢ ᠶᠢᠨ ᠭᠤᠷᠪᠠᠳᠤᠭᠠᠷ ᠭᠦᠪᠡᠭᠦᠨ ᠪᠤᠯᠤᠨ᠎ᠠ᠃ ᠪᠠᠭ᠎ᠠ ᠳᠠᠭᠠᠨ ᠳᠡᠭᠦᠨ ᠤ ᠦᠶᠡᠯᠢᠳ ᠠᠬ᠎ᠠ ᠳᠠᠰᠢᠴᠡᠷᠡᠨ ᠪᠠᠶᠢᠯᠨ ᠳᠤ ᠡᠷᠭᠦᠭᠳᠡᠵᠡᠢ᠃ 1873 ᠤᠨ ᠳᠤ ᠳᠦᠷᠤ ᠶᠢᠨ ᠪᠠᠶᠢᠯᠨ ᠵᠠᠯᠭᠠᠮᠵᠢᠯᠠᠵᠦ᠂ 1892 ᠤᠨ ᠳᠤ ᠨᠠᠰᠤ ᠪᠠᠷᠠᠵᠠᠢ᠃ ᠳᠡᠷᠨ ᠰᠠᠭᠤᠷᠢᠨ ᠳᠤ ᠪᠠᠶᠢᠬᠤ ᠳᠠᠭᠠᠨ᠂ ᠬᠤᠰᠢᠭᠤ ᠵᠠᠰᠠᠭ ᠤᠨ ᠵᠤᠬᠢᠶᠠᠨ ᠪᠠᠶᠢᠭᠤᠯᠤᠮᠵᠢ ᠶᠢ ᠰᠢᠨ᠎ᠡ ᠪᠠᠷ ᠴᠡᠭᠴᠡᠯᠡᠨ ᠳᠤᠭᠳᠠᠭᠠᠬᠤ᠂ ᠡᠵᠡᠨ᠎ᠡ ᠠᠯᠠᠱᠠ ᠶᠢᠨ ᠬᠤᠭᠤᠷᠤᠨᠳᠤᠬᠢ ᠵᠠᠬ᠎ᠠ ᠵᠢᠱᠢᠶᠡᠰᠦ ᠶᠢ ᠳᠤᠳᠤᠷᠬᠠᠶᠢᠯᠠᠬᠤ᠂ ᠬᠠᠭᠤᠴᠢᠨ ᠬᠢᠯᠢ ᠶᠢᠨ ᠤᠪᠤᠭ᠎ᠠ ᠶᠢ ᠵᠠᠰᠠᠵᠦ ᠰᠢᠨᠡᠳᠭᠡᠭᠦ᠂ ᠬᠠᠯᠬ᠎ᠠ ᠮᠤᠩᠭᠤᠯ ᠬᠢᠭᠡᠳ ᠰᠢᠨᠵᠢᠶᠠᠩ ᠤᠨ ᠳᠤᠷᠭᠤᠳ ᠯᠤᠭ᠎ᠠ ᠶᠢᠨ ᠨᠦᠭᠦᠷᠰᠡᠭ ᠬᠠᠷᠢᠴᠠᠭ᠎ᠠ ᠶᠢ ᠵᠤᠵᠠᠭᠠᠳᠬᠠᠬᠤ ᠵᠡᠷᠭᠡ ᠳᠠᠯ᠎ᠠ ᠪᠠᠷ ᠶᠡᠭᠡᠭᠡᠨ ᠠᠵᠢᠯ ᠬᠢᠵᠡᠢ᠃       ᠦᠯᠵᠡᠶᠢᠪᠠᠳᠠᠷᠠᠬᠤ ︵1865 ~1925︶ ᠪᠤᠯ ᠪᠠᠶᠢᠯᠨ ᠳᠠᠨᠵᠢᠨ ᠤ ᠤᠤᠭᠠᠨ ᠭᠦᠪᠡᠭᠦᠨ ᠪᠤᠯᠤᠨ᠎ᠠ᠃ ᠪᠠᠭ᠎ᠠ ᠳᠠᠭᠠᠨ ᠳᠠᠰᠢᠴᠦ᠋ᠢᠯᠢᠩ ᠰᠦᠮ᠎ᠡ ᠶᠢᠨ ᠳᠦᠢᠨ ᠯᠠᠮᠨ ᠪᠤᠯᠵᠦ ᠪᠠᠶᠢᠵᠠᠢ᠃ 1892 ᠤᠨ ᠳᠤ ᠳᠦᠷᠦ ᠶᠢᠨ ᠪᠠᠶᠢᠯᠨ ᠵᠠᠯᠭᠠᠮᠵᠢᠯᠠᠵᠦ᠂ 1899 ᠤᠨ ᠳᠤ ᠠᠪᠠᠭ᠎ᠠ ᠠᠪᠤ ᠰᠠᠩᠵᠢ ᠠᠬᠢ ᠳᠤ ᠮᠡᠭᠡᠯᠡᠭᠳᠡᠵᠦ᠂ ᠰᠠᠭᠤᠷᠢᠨ ᠢᠶᠠᠨ ᠳᠠᠯᠪᠢᠨ ᠦᠭᠴᠦ᠂ ᠵᠠᠩᠴᠠᠪᠨᠠᠮᠳᠠᠯᠢᠩ ᠰᠦᠮ᠎ᠡ ᠶᠢᠨ ᠳᠦᠢᠨ ᠯᠠᠮᠨ ᠪᠤᠯᠵᠦ ᠪᠠᠶᠢᠭᠠᠳ 1925 ᠤᠨ ᠳᠤ ᠳᠠᠭᠠᠯᠠᠯ ᠳᠡᠭᠦᠰᠴᠠᠢ᠃       ᠳ᠋ᠠᠰᠢ ︵1858 ~1930︶ ᠪᠤᠯ ᠤᠷᠳᠤᠨᠠᠰᠤᠨ ᠳᠡᠶᠢᠵᠢ ᠶᠢᠨ ᠤᠳᠬᠤᠨ ᠭᠦᠪᠡᠭᠦᠨ ᠪᠤᠯᠤᠨ᠎ᠠ᠃ ᠳ᠋ᠠᠨᠽᠠᠨ ᠪᠠᠶᠢᠯᠨ ᠶᠢᠨ ᠦᠶ᠎ᠡ ᠳᠤ ᠮᠠᠶᠢᠷᠠᠨ ᠵᠠᠩᠭᠢ ᠱᠠᠩᠨᠠᠭᠳᠠᠵᠦ᠂ 1899 ᠤᠨ ᠳᠤ ᠳᠦᠷᠦ ᠶᠢᠨ ᠪᠠᠶᠢᠯᠨ ᠵᠠᠯᠭᠠᠮᠵᠢᠯᠠᠵᠦ᠂ 1913 ᠤᠨ ᠳᠤ ᠵᠢᠶᠦ᠋ᠨ ᠸᠠᠩ ᠡᠷᠭᠦᠮᠵᠢᠯᠡᠭᠳᠡᠵᠦ᠂ 1918 ᠤᠨ ᠳᠤ ᠢᠷᠬᠡᠨ ᠤᠯᠤᠰ ᠤᠨ ᠶᠡᠷᠦᠩᠬᠡᠶᠢᠯᠡᠭᠴᠢ ᠹᠧᠩ ᠭᠦᠸᠧ ᠵᠠᠩ ᠳᠤ ᠰᠠᠶᠢᠰᠢᠶᠠᠨ ᠱᠠᠩᠨᠠᠭᠳᠠᠵᠦ᠂ 1930 ᠤᠨ ᠳᠤ ᠨᠠᠰᠤ ᠪᠠᠷᠠᠵᠠᠢ᠃ ᠳᠡᠷᠨ ᠰᠠᠭᠤᠷᠢᠨ ᠳᠤ ᠪᠠᠶᠢᠬᠤ ᠳᠠᠭᠠᠨ ᠳᠡᠭᠡᠭᠰᠢ ᠠᠯᠪᠠ ᠡᠷᠭᠦᠨ ᠪᠠᠷᠢᠳᠠᠭ ᠬᠠᠭᠤᠴᠢᠨ ᠤ ᠶᠤᠰᠤ ᠳᠦᠷᠢᠮ ᠢ ᠦᠭᠡᠷᠡᠴᠢᠯᠡᠬᠦ᠂ ᠡᠵᠡᠨ᠎ᠡ ᠬᠤᠰᠢᠭᠤᠨ ᠳᠤ ᠬᠠᠮᠤᠭ ᠠᠩᠬᠠᠨ ᠤ ᠮᠠᠰᠢᠨ ᠳᠡᠷᠭᠡ ᠶᠢᠨ ᠵᠠᠮ ᠵᠠᠰᠠᠬᠤ᠂ ᠶᠤᠸᠠᠨ ᠴᠧᠩ ᠾᠧᠩ ᠤᠨ ᠴᠡᠷᠢᠭ ᠢ ᠳᠠᠳᠠᠭᠤᠯᠤᠭᠰᠠᠨ ᠵᠡᠷᠭᠡ ᠳᠠᠯ᠎ᠠ ᠪᠠᠷ ᠳᠤᠪᠤᠶᠢᠮ᠎ᠠ ᠠᠵᠢᠯ ᠬᠢᠵᠡᠢ᠃       ᠳᠦᠪᠰᠢᠨᠪᠠᠶᠠᠷ ︵1883 ~1938︶ ᠪᠤᠯ ᠵᠢᠶᠦ᠋ᠨ ᠸᠠᠩ ᠳ᠋ᠠᠰᠢ ᠶᠢᠨ ᠤᠤᠭᠠᠨ ᠭᠦᠪᠡᠭᠦᠨ ᠪᠤᠯᠤᠨ᠎ᠠ᠃ 1931 ᠤᠨ ᠳᠤ ᠵᠢᠶᠦ᠋ᠨ ᠸᠠᠩ ᠤᠨ ᠰᠠᠭᠤᠷᠢᠨ ᠢ ᠵᠠᠯᠭᠠᠮᠵᠢᠯᠠᠵᠦ᠂ 1937 ᠤᠨ ᠳᠤ ᠡᠵᠡᠨ᠎ᠡ ᠶᠢᠨ ᠬᠠᠭᠤᠴᠢᠨ ᠳᠤᠷᠭᠤᠳ ᠤᠨ ᠬᠤᠰᠢᠭᠤᠨ ᠤ ᠰᠡᠷᠭᠡᠶᠢᠯᠡᠨ ᠰᠠᠬᠢᠬᠤ ᠰᠧᠯᠢᠩᠪᠥ᠋ ᠶᠢᠨ ᠰᠧᠯᠢᠩ ᠪᠤᠯᠵᠠᠢ᠃ ᠳᠡᠷᠨ ᠪᠠᠰᠠ ᠮᠤᠩᠭᠤᠯ ᠭᠠᠵᠠᠷ ᠤᠨ ᠦᠪᠡᠷᠳᠡᠭᠡᠨ ᠵᠠᠰᠠᠬᠤ ᠵᠠᠰᠠᠭ ᠤᠨ ᠶᠠᠪᠤᠳᠠᠯ ᠤᠨ ᠬᠤᠷᠢᠶᠠᠨ ᠤ ᠬᠡᠰᠢᠬᠦᠨ ᠪᠠᠶᠢᠵᠠᠢ᠃ 1938 ᠤᠨ ᠳᠤ ᠂ ᠭᠦᠭᠡᠨᠠᠭᠤᠷ ᠤᠨ ᠭᠦᠮᠪᠤᠨ ᠬᠡᠶᠢᠳ ᠲᠤ ᠨᠠᠰᠤ ᠪᠠᠷᠠᠵᠠᠢ᠃ ᠳᠡᠷᠨ ᠰᠠᠭᠤᠷᠢᠨ ᠳᠤ ᠪᠠᠶᠢᠬᠤ ᠳᠠᠭᠠᠨ ᠮᠤᠩᠭᠤᠯ ᠤᠯᠤᠰ ᠠᠴᠠ ᠨᠡᠭᠦᠳᠡᠯᠯᠡᠨ ᠢᠷᠡᠭᠰᠡᠨ ᠬᠠᠯᠬᠠᠴᠤᠳ ᠢ ᠳᠦᠪᠬᠢᠨᠡᠭᠦᠯᠭᠦ᠂ ᠡᠵᠡᠨ᠎ᠡ ᠬᠤᠰᠢᠭᠤᠨ ᠤ ᠬᠠᠮᠤᠭ ᠠᠩᠬᠠᠨ ᠤ ᠭᠦᠮᠦᠨ ᠮᠠᠯ ᠤᠨ ᠨᠠᠷᠢᠨ ᠳᠤᠭ᠎ᠠ ᠠᠪᠬᠤ᠂ ᠤᠷᠤᠨ ᠨᠤᠳᠤᠭ ᠤᠨ ᠠᠮᠤᠷ ᠢ ᠬᠠᠮᠠᠭᠠᠯᠠᠬᠤ ᠴᠡᠷᠢᠭ ᠤᠨ ᠵᠤᠬᠢᠶᠠᠨ ᠪᠠᠶᠢᠭᠤᠯᠤᠯᠳᠠ ᠶᠢ ᠪᠠᠶᠢᠭᠤᠯᠬᠤ᠂ ᠡᠵᠡᠨ᠎ᠡ ᠬᠤᠰᠢᠭᠤᠨ ᠤ ᠤᠤᠭᠠᠨ ᠪᠠᠭ᠎ᠠ ᠰᠤᠷᠭᠠᠭᠤᠯᠢ ᠶᠢ ᠪᠠᠶᠢᠭᠤᠯᠬᠤ ᠵᠡᠷᠭᠡ ᠳᠠᠯ᠎ᠠ ᠪᠠᠷ ᠶᠡᠭᠡᠭᠡᠨ ᠠᠵᠢᠯ ᠬᠢᠵᠡᠢ᠃       ᠯᠾᠠᠸᠠᠩᠵᠠᠪ ︵1900 ~1960︶ ᠪᠤᠯ ᠵᠢᠶᠦ᠋ᠨ ᠸᠠᠩ ᠳ᠋ᠠᠰᠢ ᠶᠢᠨ ᠳᠦᠷᠪᠡᠳᠦᠭᠡᠷ ᠭᠦᠪᠡᠭᠦᠨ ᠪᠤᠯᠤᠨ᠎ᠠ᠃ 1938 ᠤᠨ ᠳᠤ ᠵᠠᠰᠠᠭ ᠸᠠᠩ ᠤᠨ ᠵᠡᠷᠭᠡ ᠵᠠᠯᠭᠠᠮᠵᠢᠯᠠᠵᠤ᠂ ᠪᠠᠰᠨ ᠬᠤᠰᠢᠭᠤᠴᠢ ᠭᠧᠨᠧᠷᠡᠯ ᠰᠧᠯᠢᠩ ᠤᠨ ᠳᠤᠰᠢᠶᠠᠯ ᠬᠠᠷᠢᠭᠤᠴᠠᠵᠦ ᠪᠠᠶᠢᠵᠠᠢ᠃ 1949 ᠤᠨ ᠳᠤ ᠬᠤᠰᠢᠭᠤᠨ ᠤ ᠪᠠᠨ ᠰᠢᠨ᠎ᠡ ᠵᠠᠰᠠᠭ ᠤᠨ ᠭᠠᠵᠠᠷ ᠳᠡᠷᠢᠭᠦᠯᠡᠭᠴᠢ ᠪᠠᠷ ᠰᠤᠩᠭᠤᠭᠳᠠᠵᠦ᠂ 1960 ᠤᠨ ᠳᠤ ᠨᠠᠰᠤ ᠪᠠᠷᠠᠵᠠᠢ᠃ ᠳᠡᠷᠨ ᠵᠠᠰᠠᠭ ᠪᠠᠷᠢᠵᠦ ᠪᠠᠶᠢᠬᠤ ᠬᠤᠭᠤᠴᠠᠭᠠᠨ ᠳᠠᠭᠠᠨ ᠶᠠᠫᠤᠨ ᠢ ᠡᠰᠡᠷᠭᠦᠴᠡᠬᠦ ᠳᠡᠶᠢᠨ᠂ ᠴᠢᠯᠦᠭᠡᠯᠡᠭᠦ ᠳᠡᠶᠢᠨ ᠪᠠ ᠨᠡᠶᠢᠭᠡᠮ ᠵᠢᠷᠤᠮᠳᠤ ᠬᠤᠪᠢᠰᠬᠠᠯ ᠤᠨ ᠴᠠᠭ ᠦᠶ᠎ᠡ ᠳᠤ ᠤᠯᠠᠨ ᠠᠵᠢᠯ ᠬᠢᠵᠡᠢ᠃ ᠤᠨᠴᠠᠭᠠᠶᠢᠯᠠᠨ 1949 ᠤᠨ ᠳᠤ ᠡᠵᠡᠨ᠎ᠡ ᠬᠤᠰᠢᠭᠤᠨ ᠤ ᠬᠤᠪᠢ ᠵᠠᠶᠠᠭ᠎ᠠ ᠶᠢ ᠰᠢᠢᠳᠪᠤᠷᠢᠯᠡᠬᠦ ᠵᠠᠩᠭᠢᠯᠠᠭ᠎ᠠ ᠶᠢᠨ ᠦᠶ᠎ᠡ ᠳᠤ᠂ ᠶᠡᠭᠡ ᠬᠠᠨᠳᠤᠰᠢ ᠶᠢ ᠲᠠᠭᠠᠨ ᠪᠤᠰᠤᠯᠭ᠎ᠠ ᠭᠠᠷᠭᠠᠨ ᠬᠤᠰᠢᠭᠤ ᠨᠤᠳᠤᠭ ᠢᠶᠠᠨ ᠨᠠᠶᠢᠷᠠᠮᠳᠠᠯ ᠢᠶᠠᠷ ᠴᠢᠯᠦᠭᠡᠯᠡᠪᠡ᠃ 1958 ᠤᠨ ᠳᠤ ᠤᠯᠤᠰ ᠤᠨ ᠪᠠᠳᠤᠯᠠᠨ ᠬᠠᠮᠠᠭᠠᠯᠠᠯᠳᠠ ᠶᠢᠨ ᠦᠢᠯᠡᠰ ᠤᠨ ᠳᠦᠯᠦᠬᠡ ᠨᠤᠳᠤᠭ ᠪᠠᠶᠢᠷᠢ ᠪᠠᠨ ᠰᠤᠯᠠᠯᠠᠨ ᠦᠭᠴᠤ᠂ ᠠᠤᠭ᠎ᠠ ᠶᠡᠭᠡ ᠦᠷᠡᠭᠳᠡᠯ ᠵᠢᠳᠭᠦᠯ ᠢ ᠦᠵᠡᠭᠦᠯᠵᠦ ᠪᠢᠯᠨ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号