ᠡᠵᠡᠨ᠎ᠡ ᠳᠣᠷᠭᠤᠳ ᠤᠨ ᠵᠠᠰᠠᠭ ᠨᠣᠶᠠᠨ ᠪᠣᠯᠣᠨ ᠵᠠᠯᠰᠠᠷᠡᠢ ᠭᠡᠭᠡᠨ ︵ᠬᠤᠶᠠᠷ︶
ᠨᠡᠶᠢᠲᠡᠯᠡᠭᠰᠡᠨ ᠴᠠᠭ᠄
2018-11-23
                                                         ᠵᠣᠬᠢᠶᠠᠭᠴᠢ᠄  ᠨ᠊ · ᠭᠠᠯᠰᠠᠩᠫᠣᠩᠰᠤᠭ        — 2010 ᠣᠨ ᠤ 10 ᠳ᠋ᠣᠭᠠᠷ ᠰᠠᠷ᠎ᠠ ᠶᠢᠨ 25᠎ ᠤ ᠡᠳᠣᠷ᠂ ᠡᠵᠡᠨ᠎ᠡ ᠬᠤᠰᠢᠭᠤᠨ ᠤ ᠣᠯᠣᠰ ᠳᠦᠷᠤ ᠶᠢᠨ ᠵᠦᠪᠯᠡᠯᠭᠡᠨ ᠤ ᠣᠣᠯ ᠤᠨ ᠳᠡᠳ᠋ ᠳᠡᠷᠢᠬᠦᠯᠡᠭᠴᠢ  ᠳᠡᠳᠮ᠎ᠡ ᠠᠴᠠ ᠵᠠᠯᠰᠠᠷᠡᠢ ᠭᠡᠭᠡᠨ ᠵᠦᠩᠳᠦ᠋ᠢᠵᠠᠮᠰᠣ ᠭᠤᠸᠠᠢ ᠶᠢ ᠰᠣᠷᠪᠤᠯᠵᠢᠯᠠᠵᠤ᠂ ᠵᠤᠬᠢᠶᠠᠭᠴᠢ ᠳᠡᠮᠳᠡᠭᠯᠡᠵᠤ ᠨᠠᠶᠢᠷᠠᠭᠤᠯᠤᠨ ᠡᠮᠬᠢᠳᠭᠡᠪᠡ        ᠬᠤᠶᠠᠳᠣᠭᠠᠷ ᠲᠦᠷᠢ ᠶᠢᠨ ᠵᠠᠯᠰᠠᠷᠡᠢ ᠭᠡᠭᠡᠨ        ᠪᠠᠯᠳᠠᠨ ᠵᠠᠰᠠᠭ ᠤᠨ ᠨᠣᠳᠤᠭ ᠲᠤ ᠭᠠᠭᠴᠠᠬᠠᠨ ᠭᠡᠤᠭᠡᠨ ᠲᠠᠢ ᠶᠠᠳᠠᠭᠤ ᠵᠦᠳᠡᠬᠦᠣ ᠠᠮᠢᠳᠣᠷᠠᠯ ᠲᠠᠢ ᠨᠢᠭᠡ ᠪᠦᠰᠡᠬᠦᠢ ᠪᠠᠶᠢᠭᠠᠳ ᠭᠠᠭᠴᠠ ᠭᠡᠤᠭᠡᠨ ᠨᠢ ᠨᠢᠭᠡ ᠬᠦᠣ ᠳᠦᠷᠦᠵᠤ ᠬᠦᠯ ᠳᠤ ᠣᠷᠤᠭ᠎ᠠ ᠦᠭᠡᠢ ᠪᠠᠶᠢᠬᠤ ᠳᠤᠨᠢ ᠡᠭᠡ ᠨᠢ ᠨᠠᠰᠣ ᠪᠠᠷᠠᠵᠡᠢ᠃ ᠡᠨᠡ ᠬᠦ ᠬᠦᠤ ᠬᠦᠯ ᠳᠤ ᠣᠷᠣᠮᠠᠭᠴᠠ ᠪᠠᠨ ᠣᠷᠣᠯᠠᠩ ᠰᠢᠭ᠋ ᠪᠤᠰᠴᠡᠢ᠃ ᠡᠮᠡᠭᠡ ᠨᠢ ᠵᠢᠭᠡ ᠪᠠᠨ ᠶᠠᠭᠠᠬᠢᠵᠤ ᠦᠬᠦᠭᠡᠷᠳᠦᠵᠣ᠂ ᠬᠠᠶᠢᠷᠠᠯᠠᠵᠤ᠂ ᠭᠡᠯᠡᠵᠤ᠂ ᠠᠭᠠᠰᠢᠯᠠᠭᠠᠳ ᠰᠣᠷᠭᠠᠯ ᠠᠪᠤᠭᠰᠠᠨ ᠦᠭᠡᠢ᠃ ᠠᠷᠭ᠎ᠠ ᠶᠠᠳᠠᠬᠤ ᠳᠠᠭᠠᠨ ᠳᠦᠷᠪᠡᠨ ᠮᠦᠴᠢ ᠶᠢ ᠨᠢ ᠬᠠᠨ᠎ᠠ ᠲᠠᠢ ᠳᠠᠯᠠᠨ ᠵᠢᠭᠤᠷᠠᠭᠤᠯᠵᠤ ᠣᠶᠠᠭᠠᠳ ᠠᠵᠢᠯ᠂ ᠮᠠᠯ ᠳᠠᠭᠠᠨ ᠶᠠᠪᠤᠳᠠᠭ ᠪᠤᠯᠵᠡᠢ᠃ ᠢᠩᠭᠢᠭᠡᠳ ᠭᠤᠷᠪᠠᠨ ᠨᠠᠰᠣ ᠬᠦᠷᠦᠭᠰᠡᠨ ᠶᠤᠮ ᠪᠠᠶᠢᠨ᠎ᠠ᠃ ᠭᠡᠨᠡᠳᠳᠡ ᠵᠠᠯᠰᠠᠷᠠᠢ ᠭᠡᠭᠡᠨ ᠤ ᠳᠠᠷᠠᠭ᠎ᠠ ᠲᠦᠷᠢ ᠶᠢ ᠳᠣᠳᠣᠯᠠᠬᠤ ᠬᠦᠯ ᠪᠤᠯᠵᠤ ᠭᠤᠷᠪᠠᠨ ᠨᠠᠰᠣᠳᠠᠢ ᠣᠯᠠᠨ ᠬᠡᠤᠭᠡᠳ ᠢ ᠴᠣᠭᠯᠠᠭᠤᠯᠵᠤ ᠰᠢᠬᠦᠯᠭᠡ ᠪᠤᠯᠵᠡᠢ᠃ ᠡᠨᠡ ᠨᠢ ᠬᠤᠷᠢᠳᠣᠭᠠᠷ ᠵᠠᠭᠤᠨ ᠤ ᠡᠬᠢᠨ ᠦᠶ᠎ᠡ ᠪᠣᠭᠳᠠ ᠵᠢᠪᠽᠣᠨᠳᠠᠮᠪᠠ ᠨᠠᠷᠠᠨ ᠭᠡᠷᠡᠯᠳᠣ ᠬᠠᠭᠠᠨ ᠰᠠᠭᠤᠷᠢᠨ ᠳᠤ ᠰᠠᠭᠠᠳᠠᠭᠰᠠᠨ ᠴᠠᠭ ᠪᠠᠶᠢᠵᠡᠢ᠃ ᠰᠢᠬᠦᠯᠭᠡᠨ ᠳᠤ ᠭᠤᠴᠢ ᠭᠠᠷᠦᠢ ᠭᠡᠤᠭᠡᠳ ᠤᠨ ᠳᠣᠳᠣᠷ᠎ᠠ ᠠᠴᠠ ᠡᠨᠡ ᠬᠦ ᠣᠷᠣᠯᠠᠩ ᠰᠢᠭ᠋ ᠨᠢᠯᠬ᠎ᠠ ᠠᠮᠢᠳᠠᠨ ᠳᠣᠳᠣᠷᠠᠬᠤ ᠨᠢ ᠳᠠᠷᠠ᠃ ᠬᠦᠣ ᠶᠢᠨ ᠨᠠᠷ᠎ᠠ ᠳ᠋ᠠᠰᠢᠨᠢᠮ᠎ᠡ᠂ ᠭᠡᠤᠭᠡᠨ ᠬᠦᠮᠦᠨ ᠤ ᠦᠨᠦᠴᠢᠨ ᠦᠷ᠎ᠠ᠃ ᠪᠣᠭᠳᠠ ᠬᠠᠭᠠᠨ ᠳᠣᠳᠣᠯᠠᠭᠰᠠᠨ ᠶᠤᠮ ᠪᠤᠯᠬᠤᠷ ᠰᠢᠷᠡᠭᠡᠨ ᠳᠤ ᠠᠮᠠᠷᠬᠠᠨ ᠵᠠᠯᠠᠵᠡᠢ᠃ ᠭᠡᠪᠡᠴᠣ ᠴᠠᠭ ᠳᠦᠷᠤ ᠣᠷᠪᠠᠭᠠᠨ ᠬᠦᠷᠪᠡᠭᠡᠨ ᠲᠠᠢ᠂ ᠤᠯᠠᠭᠠᠨ ᠴᠠᠭᠠᠨ᠂ ᠤᠯᠠᠭᠠᠨ ᠰᠢᠷ᠎ᠠ᠂ ᠣᠯᠠᠭᠠᠨ ᠬᠠᠷ᠎ᠠ ᠶᠢᠨ ᠵᠦᠷᠢᠴᠡᠯ ᠳᠡᠮᠡᠴᠡᠭᠡᠨ ᠦᠷᠢᠰᠦᠯᠳᠦᠭᠡᠨ᠂ ᠡᠷᠡᠮᠡᠯᠵᠡᠯ ᠭᠠᠶᠢᠬᠠᠰᠢᠷᠠᠯ᠂ ᠠᠶᠤᠩᠭᠤᠶᠢᠷᠠᠯ ᠳᠠᠪᠬᠤᠴᠠᠭᠰᠠᠨ ᠦᠢᠮᠡᠭᠡᠨ ᠲᠠᠢ ᠦᠶ᠎ᠡ ᠪᠠᠶᠢᠪᠠ᠃ ᠮᠦᠨᠴᠣ ᠦᠨᠳᠦᠰᠦᠳᠡᠨ ᠤ ᠶᠡᠭᠡ ᠰᠡᠷᠬᠦᠨ ᠮᠠᠨᠳᠣᠯᠳᠠ᠂ ᠡᠷᠭᠡ ᠴᠢᠯᠦᠭᠡ ᠳᠣᠰᠠᠭᠠᠷ ᠳᠣᠭᠳᠠᠨᠢᠯ ᠢᠶᠠᠨ ᠪᠠᠬᠢᠵᠢᠬᠦᠯᠬᠦ ᠣᠶᠢᠯᠡᠰ ᠲᠤ ᠮᠤᠩᠭᠤᠯ ᠤᠨ ᠰᠢᠯᠢᠳᠡᠭ ᠬᠦᠪᠡᠬᠦᠳ ᠦᠬᠢᠳ ᠤᠨ ᠣᠬᠠᠭᠠᠨ ᠢ ᠰᠣᠷᠢᠭᠰᠠᠨ ᠬᠠᠯᠠᠭᠤᠨ ᠰᠡᠳᠬᠢᠯᠳᠡᠨ ᠤ ᠬᠠᠮᠤᠭ ᠬᠦᠴᠣ ᠪᠠᠨ ᠬᠠᠷᠠᠮ ᠦᠭᠡᠢ ᠡᠷᠬᠦᠭᠰᠡᠨ ᠠᠵᠢᠯᠯᠠᠭ᠎ᠠ ᠪᠠᠶᠢᠭᠰᠠᠨ ᠢᠶᠠᠨ 1930 ‍ᠭᠠᠳ ᠣᠨ ᠪᠣᠯᠬᠤ ᠳᠤ ᠢᠵᠠᠭᠤᠷᠳᠠᠨ᠂ ᠨᠣᠶᠠᠳ᠂ ᠬᠤᠳᠣᠭᠳᠣ ᠬᠤᠪᠢᠯᠭᠠᠨ᠂ ᠡᠮᠴᠢ ᠳᠣᠮᠴᠢ᠂ ᠡᠷᠳᠡᠮᠳᠣ ᠯᠠᠮᠠ᠂ ᠳᠠᠶᠢᠵᠢ ᠰᠡᠭᠡᠭᠡᠳᠡᠨ ᠨᠠᠷ ᠤᠨ ᠠᠮᠢ ᠨᠠᠰᠣ ᠫᠣᠣ ᠶᠢᠨ ᠪᠦᠭᠯᠡᠭᠡ ᠪᠤᠯᠤᠭᠰᠠᠨ ᠠᠶᠤᠮᠰᠢᠭᠳᠣ ᠴᠠᠭ ᠢᠷᠡᠵᠡᠢ᠃         ᠳᠣᠷᠭᠤᠳ ᠨᠣᠳᠤᠭ ᠤᠨ ᠬᠢᠨ ᠬᠠᠭᠤᠴᠢᠨ ᠨᠠᠶᠢᠷᠰᠠᠭ ᠵᠠᠬ᠎ᠠ ᠵᠡᠷᠭᠡᠯᠡᠳᠡᠭᠡ ᠨᠣᠳᠤᠭ ᠤᠨ ᠵᠢᠷᠤᠮ ᠢ ᠪᠣᠳᠣᠵᠣ᠂ ᠲᠦᠪᠰᠢᠨᠪᠠᠶᠠᠷ ᠨᠤᠶᠠᠨ ᠬᠤᠶᠠᠳᠣᠭᠠᠷ ᠳᠦᠷᠢ ᠶᠢᠨ ᠵᠠᠯᠰᠠᠷᠡᠢ ᠭᠡᠭᠡᠨ ᠢ ᠨᠣᠳᠤᠭ ᠲᠠᠭᠠᠨ ᠪᠠᠭᠳᠠᠭᠠᠨ ᠠᠪᠤᠷᠠᠬᠤ ᠣᠬᠠᠭᠠᠨ ᠪᠣᠳᠣᠵᠡᠢ᠃       ᠬᠤᠶᠠᠷ ᠨᠣᠳᠤᠭ ᠤᠨ ᠵᠠᠭ᠎ᠠ ᠵᠢᠰᠢᠶᠠᠰᠣ ᠶᠢᠨ ᠱᠣᠭᠤᠮ ᠳᠡᠭᠡᠷ᠎ᠡ ᠰᠠᠬᠢᠭᠤᠰᠣ ᠪᠤᠷᠬᠠᠨ ᠲᠠᠢ᠂ ᠳᠦᠷᠪᠡᠨ ᠬᠠᠨ᠎ᠠ ᠲᠠᠢ ᠮᠤᠩᠭᠤᠯ ᠭᠡᠷ ᠲᠠᠢ ᠪᠠᠨ ᠢᠷᠡᠵᠣ ᠪᠠᠭᠤᠭᠠᠳ ᠪᠠᠶᠢᠬᠤ ᠳᠤᠨᠢ ᠳᠣᠷᠭᠤᠳ ᠳᠠᠯ᠎ᠠ ᠨᠢ ᠬᠢᠯᠢ ᠳᠠᠪᠠᠭᠰᠠᠨ ᠰᠢᠯᠳᠠᠭ ᠢᠶᠠᠷ ᠬᠤᠷᠢᠶᠠᠵᠣ ᠠᠪᠬᠤ ᠣᠬᠠᠭᠠᠨ ᠪᠣᠳᠣᠵᠣ ᠬᠢᠶ᠎ᠡ ᠨᠠᠷ ᠳᠣᠮᠢᠯᠠᠵᠣ ᠭᠡᠨ᠎ᠡ᠃ ᠡᠵᠡᠨ ᠨᠢ ᠪᠠᠶᠢᠭᠰᠠᠨ ᠦᠭᠡᠢ ᠳᠣᠯᠠ ᠭᠠᠶᠢᠬᠠᠰᠢᠷᠠᠵᠤ ᠪᠠᠶᠢᠭᠠᠳ ᠰᠠᠬᠢᠭᠤᠰᠣ ᠪᠣᠷᠬᠠᠨ ᠲᠠᠢ ᠮᠤᠩᠭᠤᠯ ᠭᠡᠷ ᠢ ᠨᠢ ᠳᠣᠮᠢᠯᠠᠭᠰᠠᠨ ᠬᠢᠶ᠎ᠡ ᠨᠠᠷ ᠨᠢ ᠠᠪᠤᠭᠠᠳ ᠢᠷᠡᠴᠢᠭᠡᠵᠡᠢ᠃ ᠣᠭ ᠨᠢ ᠬᠢᠯᠢ ᠳᠠᠭᠠᠣ ᠪᠠᠭᠤᠭᠰᠠᠨ ᠶᠠᠪᠤᠳᠠᠯ ᠳᠤ ᠬᠤᠪ ᠬᠦᠷᠴᠣ ᠮᠤᠩᠭᠤᠯ ᠤᠨ ᠴᠡᠷᠢᠭ ᠪᠠᠷᠢᠵᠤ ᠠᠪᠤᠭᠠᠳ ᠣᠯᠠᠭᠠᠨᠪᠠᠭᠠᠳᠣᠷ ᠲᠤ ᠳᠣᠰᠢᠶᠠᠭᠰᠠᠨ ᠶᠤᠮ ᠪᠠᠶᠢᠨ᠎ᠠ᠃ ᠭᠡᠰᠡᠭ ᠪᠠᠶᠢᠴᠠᠭᠠᠨ ᠰᠢᠬᠦᠯᠳᠡ ᠪᠠᠷ ᠳᠣᠳᠣᠷᠬᠠᠢ ᠭᠡᠷᠡᠴᠢ ᠣᠯᠣᠭᠰᠠᠨ ᠦᠭᠡᠢ ᠴᠡᠷᠢᠭ ᠲᠤ ᠳᠠᠶᠢᠴᠢᠯᠠᠨ ᠬᠤᠵᠢᠷ ᠪᠣᠯᠣᠩ ᠳᠤ ᠬᠦᠷᠭᠡᠵᠡᠢ᠃ ᠭᠡᠭᠡᠨ ᠬᠦᠮᠦᠨ ᠴᠡᠷᠢᠭ ᠪᠤᠯᠴᠢᠬᠠᠬᠤ ᠨᠢ ᠡᠨᠡ᠃ ᠪᠠᠶᠢᠯᠳᠣᠭᠴᠢᠳ ᠪᠦᠰᠡᠨ ᠳᠡᠭᠡᠨ ᠵᠡᠬᠦᠭᠰᠡᠨ ᠨᠢᠭᠡ ᠨᠢᠭᠡ ᠴᠤᠮᠤ ᠲᠠᠢ᠂ ᠴᠠᠢ ᠬᠤᠭᠤᠯᠠᠨ ᠤ ᠠᠶᠠᠭ᠎ᠠ ᠨᠢ ᠲᠡᠷᠡ ᠶᠤᠮ᠂ ᠬᠠᠷᠢᠨ ᠳ᠋ᠠᠰᠢᠨᠢᠮ᠎ᠡ ᠴᠤᠮᠤ ᠲᠠᠢ ᠴᠠᠢ ᠬᠤᠭᠤᠯᠠ ᠪᠠᠨ ᠰᠢᠷᠡᠭᠡᠨ ᠳᠡᠭᠡᠷ᠎ᠡ ᠬᠦᠮᠦᠷᠢᠭᠡᠳ ᠳᠠᠯᠪᠢᠴᠢᠬᠠᠳᠠᠭ᠂ ᠠᠪᠤᠭᠠᠳ ᠣᠣᠭᠤᠴᠢᠬᠠᠳᠠᠭ᠂ ᠠᠰᠬᠠᠷᠠᠬᠤ ᠣᠴᠢᠷ ᠶᠡᠷᠤ ᠪᠠᠶᠢᠳᠠᠭ ᠦᠭᠡᠢ ᠭᠡᠨ᠎ᠡ᠃ ᠳᠡᠭᠡᠷ᠎ᠡ ᠠᠴᠠ ᠠᠵᠢᠯ ᠪᠤᠯᠪᠠᠰᠣᠷᠠᠯ ᠪᠠᠶᠢᠴᠠᠭᠠᠵᠤ ᠢᠷᠡᠭᠰᠡᠨ ᠳᠠᠷᠤᠭ᠎ᠠ ᠨᠢ ᠪᠠᠶᠢᠯᠳᠣᠭᠴᠢᠳ ᠤᠨ ᠵᠠᠪᠰᠡᠭ ᠢ ᠦᠵᠡᠴᠢᠭᠡᠭᠡᠳ ᠳᠠᠨᠠᠷ ᠫᠣᠣ ᠪᠠᠨ ᠳ᠋ᠠᠰᠢᠨᠢᠮ᠎ᠡ ᠰᠢᠭ᠋ ᠠᠷᠴᠢᠵᠤ ᠰᠣᠷ ᠭᠡᠵᠤ ᠰᠢᠬᠦᠮᠵᠢᠯᠡᠳᠡᠭ ᠪᠠᠶᠢᠵᠡᠢ᠃ ᠳ᠋ᠠᠰᠢᠨᠢᠮ᠎ᠡ ᠶᠢᠨ ᠫᠤᠤ ᠨᠢ ᠭᠡᠵᠢᠶᠡᠳᠡ ᠭᠡᠷᠡᠯ ᠣᠶᠢᠭᠰᠠᠨ ᠴᠡᠪᠡᠷ ᠬᠤᠭᠤᠯᠠᠢ ᠲᠠᠢ ᠪᠠᠶᠢᠳᠠᠭ ᠭᠡᠨ᠎ᠡ᠃ ᠳ᠋ᠠᠰᠢᠨᠢᠮ᠎ᠠ ᠫᠣᠣ ᠶᠢᠨ ᠢᠶᠠᠨ ᠭᠤᠤᠯ ᠢ ᠮᠠᠯ ᠤᠨ ᠣᠯᠠᠭᠠᠨ ᠬᠤᠭᠤᠯᠠᠢ ᠰᠢᠭ᠋ ᠡᠷᠬᠢᠬᠦᠯᠴᠢᠭᠡᠭᠡᠳ ᠠᠷᠴᠢᠵᠤ ᠴᠡᠪᠡᠷᠯᠡᠳᠡᠭ ᠪᠠᠶᠢᠭᠰᠠᠨ ᠶᠤᠮ ᠪᠠᠶᠢᠬᠤ︕ ᠡᠨᠡ ᠰᠢᠳᠢ ᠨᠢ ᠳᠡᠭᠡᠭᠰᠢ ᠬᠤᠪ ᠬᠦᠷᠴᠣ ᠴᠡᠷᠢᠭ ᠠᠴᠠ ᠬᠦᠭᠡᠭᠡᠭᠳᠡᠵᠣ ᠨᠣᠳᠤᠭ ᠲᠤᠨᠢ ᠪᠣᠴᠠᠭᠠᠵᠡᠢ᠃ ᠬᠠᠷᠢᠭᠠᠳ ᠢᠷᠡᠭᠰᠡᠨ ᠴᠢᠨᠢ ᠪᠠᠶᠢᠰᠢᠩᠳᠣ ᠶᠢᠨ ᠬᠤᠷᠠᠯ ᠭᠡᠶᠢᠳ ᠨᠢ ᠠᠯᠠᠭ᠎ᠠ ᠭᠡᠨ᠎ᠡ᠃ ᠭᠤᠴᠢᠨ ᠭᠡᠳᠣᠨ ᠣᠨ ᠤ ᠶᠡᠭᠡ ᠬᠢᠳᠦᠯᠭ᠎ᠠ ᠪᠠᠷ ᠯᠠᠮᠠ ᠨᠠᠷ ᠨᠢ ᠠᠯᠠᠭᠳᠠᠵᠣ ᠳᠦᠷᠪᠡᠳᠡᠭ ᠨᠢ ᠳᠦᠷᠪᠡᠭᠡᠳ᠂ ᠦᠯᠡᠳᠡᠭᠰᠡᠨ ᠬᠤᠶᠠᠷ ᠯᠠᠮᠠ ᠨᠢ ᠬᠠᠷ᠎ᠠ ᠪᠤᠯᠵᠤ ᠬᠦᠳᠡᠭᠡ ᠮᠠᠯᠴᠢᠨ ᠪᠤᠯᠴᠢᠬᠠᠭᠰᠠᠨ ᠪᠠᠶᠢᠵᠡᠢ᠃ ᠰᠦᠮ᠎ᠡ ᠦᠭᠡᠢ ᠯᠠᠮᠠ ᠶᠠᠭᠠᠬᠢᠬᠤᠪ︕ ᠨᠤᠬᠠᠢ ᠴᠤᠭᠰᠣᠮ ᠤᠨ ᠭᠡᠳᠡᠭ ᠠᠶᠢᠯ ᠳᠤ ᠭᠡᠳᠣᠨ ᠮᠠᠯ ᠬᠠᠷᠢᠭᠤᠯᠵᠤ ᠪᠠᠶᠢᠭᠠᠳ 34 ᠨᠠᠰᠣᠨ ᠳᠠᠭᠠᠨ ᠦᠭᠡᠳᠡ ᠪᠤᠯᠵᠡᠢ᠃ ᠭᠡᠬᠦᠷ ᠢ ᠨᠢ ᠠᠭᠤᠯᠠ ᠶᠢᠨ ᠪᠡᠯ ᠳᠤ ᠬᠠᠶᠠᠴᠢᠬᠠᠭᠰᠠᠨ ᠪᠠᠶᠢᠭᠰᠠᠨ ᠢ ᠬᠠᠷ᠎ᠠ ᠪᠣᠯᠣᠭᠰᠠᠨ ᠬᠤᠶᠠᠷ ᠯᠠᠮᠠ ᠡᠬᠦᠷᠴᠣ ᠪᠠᠶᠢᠰᠢᠩᠳᠣ ᠶᠢᠨ ᠠᠮᠠᠨ ᠳᠤ ᠣᠴᠢᠭᠠᠳ ᠬᠠᠶᠢᠯᠭᠠᠵᠤ ᠦᠨᠡᠰᠣ ᠪᠠᠷ ᠨᠢ ᠴᠡᠴᠡ ᠬᠢᠭᠡᠳ ᠳᠠᠯᠪᠢᠵᠤ ᠭᠡᠨ᠎ᠡ᠃         ᠭᠤᠷᠪᠠᠳᠣᠭᠠᠷ ᠳᠦᠷᠢ ᠶᠢᠨ ᠵᠠᠯᠰᠠᠷᠡᠢ ᠭᠡᠭᠡᠨ        1938 ᠣᠨ ᠳᠤ᠂ ᠯᠾᠡᠸᠠᠩᠵᠠᠪ ᠡᠪᠡᠳᠴᠢᠳᠠᠢ ᠠᠬ᠎ᠠ ᠪᠠᠨ ᠡᠷᠬᠢᠨ ᠦᠵᠡᠬᠦ ᠪᠠᠷ ᠬᠦᠮᠪᠤᠮ ᠳᠤ ᠮᠦᠷᠬᠦᠯ ᠬᠢᠵᠤ ᠣᠴᠢᠬᠤ ᠳᠤᠨᠢ ᠠᠯᠬᠠᠷᠠᠮᠪᠤᠴᠢ ᠪᠠᠭᠰᠢ ᠨᠤᠮ ᠳᠠᠯᠪᠢᠨ ᠬᠠᠷ᠎ᠠ ᠪᠤᠯᠭᠠᠵᠤ ᠨᠣᠶᠠᠨ ᠵᠠᠯᠭᠠᠮᠵᠢᠯᠠᠬᠤ ᠰᠣᠩᠳᠠᠭ ᠪᠠᠭᠤᠯᠭᠠᠭᠰᠠᠨ ᠶᠤᠮ ᠭᠡᠨ᠎ᠡ᠃        ᠯᠾᠡᠸᠠᠩᠵᠠᠪ ᠵᠠᠰᠠᠭ ᠨᠤᠶᠠᠨ ᠵᠠᠯᠭᠠᠮᠵᠢᠯᠠᠭᠰᠠᠨ ᠤ ᠳᠠᠷᠠᠭ᠎ᠠ᠂ ᠳᠠᠷᠢᠬᠦᠨ ᠳᠦᠷᠢ ᠶᠢᠨ ᠵᠠᠯᠰᠠᠷᠡᠢ ᠭᠡᠭᠡᠨ ᠤ ᠰᠠᠬᠢᠭᠤᠰᠣ ᠪᠤᠷᠬᠠᠨ ᠲᠠᠢ ᠮᠤᠩᠭᠤᠯ ᠭᠡᠷ ᠡᠵᠡᠨ ᠦᠭᠡᠢ᠂ ᠳᠣᠷᠭᠤᠳ ᠨᠣᠶᠠᠨ ᠤ ᠶᠠᠮᠤᠨ ᠳᠤ ᠬᠠᠳᠠᠭᠠᠯᠠᠭᠰᠠᠨ ᠭᠡᠪ ᠢᠶᠠᠷ ᠪᠠᠶᠢᠳᠠᠭ ᠪᠠᠶᠢᠵᠡᠢ᠃ ᠯᠾᠡᠸᠠᠩᠵᠠᠪ ᠪᠠᠭ᠎ᠠ ᠳᠦᠢᠨ ᠪᠠᠶᠢᠬᠤ ᠳᠠᠭᠠᠨ ᠨᠣᠮᠴᠢ ᠭᠡᠭᠡᠨ ᠳᠤ ᠮᠦᠷᠬᠦᠵᠤ ᠪᠠᠰᠠ ᠱᠠᠪᠢ ᠪᠠᠷᠢᠯᠳᠣᠭᠰᠠᠨ ᠪᠠᠶᠢᠪᠠ ᠭᠡᠨ᠎ᠡ᠂ ᠨᠤᠮᠴᠢ ᠪᠠᠭᠰᠢ ᠠᠴᠠ᠄ ︽ᠴᠠᠭᠠᠨ ᠰᠢᠬᠦᠷᠳᠣ ᠶᠢᠨ ᠬᠤᠪᠢᠯᠭᠠᠨ︾ ᠴᠣᠯᠠ ᠬᠠᠶᠢᠷᠠᠯᠠᠵᠡᠢ᠃ ᠬᠤᠵᠢᠮ ᠨᠢ ᠯᠾᠡᠸᠠᠩᠵᠠᠪ ᠢ ᠳᠡᠪᠰᠢ ᠳᠤ ᠣᠴᠢᠬᠤ ᠪᠦᠷᠢ ᠨᠤᠮᠴᠢ ᠪᠠᠭᠰᠢ ᠠᠴᠠ ᠬᠦᠭᠡ ᠣᠯᠪᠣᠭ ᠳᠠᠪᠢᠰᠣᠨ ᠴᠠᠭᠠᠨ ᠰᠢᠬᠦᠷ ᠡᠷᠬᠦᠵᠤ ᠣᠭᠳᠣᠳᠠᠭ ᠪᠠᠶᠢᠭᠰᠠᠨ ᠭᠡᠨ᠎ᠡ᠃ ᠵᠦᠩᠳᠦ᠋ᠢᠵᠠᠮᠰᠣ᠂ 1941 ᠣᠨ ᠤ ᠴᠠᠭᠠᠭᠴᠢᠨ ᠮᠤᠭᠠᠢ ᠵᠢᠯ ᠳᠤ ᠬᠤᠶᠢᠳᠣ ᠨᠦᠣᠷᠭᠡᠢ ᠶᠢᠨ ᠨᠣᠳᠤᠭ ᠲᠤ ᠶᠠᠳᠠᠷᠠᠭᠰᠠᠨ ᠠᠶᠢᠯ ᠤᠨ ᠭᠠᠭᠴᠠ ᠭᠡᠣᠭᠡᠨ ᠠᠴᠠ ᠳᠦᠷᠦᠵᠡᠢ᠃ ᠳᠣᠯᠣᠭᠠᠨ ᠨᠠᠰᠣᠳᠠᠢ ᠳᠠᠭᠠᠨ ᠮᠦᠩᠭᠦᠨ ᠳ᠋ᠠᠩᠰᠦ᠋ᠷᠦᠩ ᠯᠠᠮᠠ ᠳᠤ ᠱᠠᠪᠢ ᠣᠷᠣᠵᠣ ᠳᠡᠪᠰᠢ ᠳᠤ ᠰᠣᠷᠣᠯᠴᠠᠵᠣ ᠪᠠᠶᠢᠭᠠᠳ ᠨᠠᠢᠮᠠᠨ ᠨᠠᠰᠣᠳᠠᠢ ᠳᠤᠨᠢ ᠨᠤᠮᠴᠢ ᠭᠡᠭᠡᠨ ᠠᠯᠬᠠᠷᠠᠮᠪᠤᠴᠢ ᠪᠠᠭᠰᠢ ᠠᠴᠠ ᠵᠠᠯᠰᠠᠷᠡᠢ ᠭᠡᠭᠡᠨ ᠢᠶᠠᠷ ᠳᠣᠳᠣᠯᠠᠵᠡᠢ᠃ ᠡᠨᠡ ᠰᠣᠷᠠᠭ ᠢᠶᠠᠷ 1948 ᠣᠨ ᠳᠤ᠂ ᠯᠾᠡᠸᠠᠩᠵᠠᠪ ᠨᠤᠶᠠᠨ ᠡᠯᠴᠢ ᠳᠦᠰᠢᠮᠡᠯ᠂ ᠯᠠᠮᠠ ᠨᠠᠷ ᠢ ᠳᠣᠮᠢᠯᠠᠨ ᠭᠡᠷ ᠰᠠᠬᠢᠭᠤᠰᠣ ᠶᠢ ᠨᠢ ᠦᠭᠴᠣ ᠶᠠᠪᠤᠭᠤᠯᠤᠭᠠᠳ ᠡᠵᠡᠨ᠎ᠡ ᠨᠣᠳᠤᠭ ᠲᠠᠭᠠᠨ ᠵᠠᠯᠠᠵᠤ ᠰᠢᠷᠡᠭᠡᠨ ᠳᠤ ᠰᠠᠭᠤᠯᠭᠠᠵᠡᠢ᠃ ᠳᠣᠷᠭᠤᠳ ᠲᠦᠰᠢᠮᠡᠯ ᠢ ᠳᠠᠭᠠᠵᠤ ᠶᠠᠪᠤᠭᠰᠠᠨ ᠯᠠᠮᠠ ᠨᠢ ᠳᠠᠮᠪᠠᠳᠠᠷᠵᠢᠶ᠎ᠡ ᠬᠤᠷᠠᠯ ᠤᠨ ᠳ᠋ᠠᠰᠢᠨᠢᠮ᠎ᠡ᠂ ᠭᠤᠮᠪᠤ ᠭᠠᠪᠵᠣ ᠨᠠᠷ ᠪᠠᠶᠢᠭᠰᠠᠨ ᠶᠤᠮ ᠭᠡᠨ᠎ᠡ᠃       ᠡᠵᠡᠨ᠎ᠡ ᠳᠤ ᠵᠠᠯᠠᠭᠳᠠᠨ ᠢᠷᠡᠬᠦ ᠵᠠᠮ ᠳᠠᠭᠠᠨ ᠵᠠᠩᠴᠣᠪᠨᠠᠮᠳᠣᠯᠢᠩ ᠭᠡᠶᠢᠳ ᠲᠤ ᠰᠠᠭᠠᠳᠠᠵᠣ᠂ ᠢᠵᠡᠢ ᠭᠡᠭᠡᠨ ᠲᠠᠢ ᠵᠣᠯᠭᠠᠵᠣ ᠮᠠᠨᠳᠠᠯ ᠡᠷᠬᠦᠭᠰᠡᠨ ᠤ ᠳᠠᠷᠠᠭ᠎ᠠ ᠳᠠᠮᠪᠠᠳᠠᠷᠵᠢᠶ᠎ᠡ ᠬᠤᠷᠠᠯ ᠳᠡᠭᠡᠷ᠎ᠡ ᠬᠤᠶᠠᠷ ᠬᠤᠨᠤᠭ ᠠᠯᠵᠢᠶ᠎ᠠ ᠳᠠᠶᠢᠯᠤᠨ ᠮᠠᠨᠳᠠᠯ ᠡᠷᠬᠦᠭᠡᠳ ᠨᠣᠶᠠᠨ ᠤ ᠣᠷᠳᠣᠨ ᠳᠤ ᠪᠠᠷᠠᠯᠠᠵᠡᠢ᠃ ᠳᠡᠭᠡᠷ᠎ᠡ ᠳᠦᠷᠢ ᠶᠢᠨ ᠬᠢᠨᠢ ᠰᠠᠬᠢᠭᠤᠰᠣ᠂ ᠭᠡᠷ ᠬᠤᠶᠠᠷ ᠢ ᠨᠢ ᠣᠳᠠᠭᠠᠨ ᠵᠢᠯ ᠬᠠᠳᠠᠭᠠᠯᠠᠭᠰᠠᠨ ᠵᠢᠷᠤᠮ᠂ ᠪᠠᠭᠰᠢ ᠱᠠᠪᠢ ᠶᠢᠨ ᠪᠠᠷᠢᠯᠳᠣᠯᠭ᠎ᠠ ᠪᠠᠷ ᠯᠾᠡᠸᠠᠩᠵᠠᠪ ᠨᠤᠶᠠᠨ ᠰᠢᠭᠤᠳ ᠵᠠᠷᠯᠢᠭ ᠪᠤᠯᠵᠤ᠂ ᠳ᠋ᠠᠰᠢᠴᠦ᠋ᠢᠯᠢᠩ ᠭᠡᠶᠢᠳ ᠤᠨ ᠰᠢᠷᠡᠭᠡᠨ ᠤ ᠭᠡᠭᠡᠨ ᠢᠶᠠᠷ ᠵᠠᠯᠠᠵᠡᠢ ︵ᠨᠤᠶᠠᠨ ᠬᠢᠭᠡᠳ ᠳᠦᠷᠦᠬᠦᠨ ᠳᠦᠷᠢ ᠶᠢᠨ ᠢᠵᠡᠢ ᠯᠠᠮᠠ ᠶᠢᠨ ᠬᠤᠭᠤᠷᠤᠨᠳᠣ ᠬᠠᠭᠠᠴᠠᠯ ᠭᠠᠷᠤᠭᠠᠳ ᠳ᠋ᠠᠰᠢᠴᠦ᠋ᠢᠯᠢᠩ ᠭᠡᠶᠢᠳ ᠤᠨ ᠰᠢᠷᠡᠭᠡ ᠡᠵᠡᠨ ᠦᠭᠡᠢ ᠪᠠᠶᠢᠭᠰᠠᠨ ᠳᠣᠯᠠ ᠡᠶᠢᠮᠤ ᠰᠢᠢᠳᠪᠦᠷᠢ ᠭᠠᠷᠭᠠᠭᠰᠠᠨ ᠪᠠᠶᠢᠬ᠎ᠠ︶᠃ ᠱᠠᠰᠢᠨ ᠭᠡᠶᠢᠳ ᠨᠢ ᠣᠰᠠᠳᠬᠠᠭᠳᠠᠭᠰᠠᠨ ᠪᠤᠯᠬᠤᠷ ᠵᠠᠰᠠᠭ ᠤᠨ ᠬᠤᠰᠢᠭᠤᠨ ᠤ ᠬᠢᠨ ᠡᠵᠡᠨ᠎ᠡ ᠨᠣᠳᠤᠭ ᠲᠤ ᠢᠷᠡᠭᠰᠡᠨ ᠤ ᠳᠠᠷᠠᠭ᠎ᠠ ᠳᠠᠮᠪᠠᠳᠠᠷᠵᠢᠶ᠎ᠠ ᠬᠤᠷᠠᠯ ᠢ ᠪᠠᠶᠢᠭᠤᠯᠵᠤ᠂ ᠠᠯᠠᠱᠠ ᠨᠣᠳᠤᠭ ᠲᠤ ᠱᠠᠷᠽᠠ ᠶᠢᠨ ᠭᠡᠶᠢᠳ ᠤᠨ ᠪᠠᠷᠠᠭᠤᠨᠳᠠᠢ ᠠᠭᠤᠯᠠᠨ ᠳᠤ ᠷᠠᠰᠢᠶᠠᠨ ᠰᠦᠮ᠎ᠡ ᠶᠢ ᠰᠡᠷᠬᠦᠭᠡᠵᠡᠢ᠃       1951 ᠣᠨ ᠤ ᠵᠣᠨ᠂ ᠠᠯᠠᠱᠠ ᠶᠢᠨ ᠨᠣᠳᠤᠭ ᠶᠡᠭᠡ ᠭᠠᠩ ᠪᠤᠯᠵᠡᠢ᠃ ᠱᠠᠷᠽᠠ ᠶᠢᠨ ᠰᠦᠮ᠎ᠡ ᠶᠢᠨ ᠨᠢᠮ᠎ᠡ ᠴᠣᠷᠵᠢ ᠭᠡᠳᠡᠭ ᠪᠠᠶᠠᠨ ᠯᠠᠮᠠ᠂ ᠭᠡᠯᠡ ᠢᠷᠠᠵᠤ ᠭᠡᠤᠭᠡᠳ ᠵᠠᠯᠰᠠᠷᠠᠢ ᠳᠤ ᠵᠠᠯᠠᠯᠭ᠎ᠠ ᠦᠭᠴᠡᠢ᠃ ᠵᠠᠯᠰᠠᠷᠡᠢ ᠶᠢᠨ ᠪᠠᠭᠰᠢ ᠨᠢ ᠶᠠᠩᠳᠠᠭ ᠭᠡᠳᠡᠭ ᠯᠠᠮᠠ᠂ ᠱᠠᠪᠢ ᠪᠠᠨ ᠳᠠᠭᠠᠭᠤᠯᠣᠨ ᠠᠯᠠᠱᠠ ᠵᠦᠭ ᠮᠣᠷᠢᠯᠡᠵᠡᠢ᠃ ᠵᠠᠮ ᠳᠣᠵᠢ ᠱᠠᠪᠢ ᠳᠠᠭᠠᠨ ᠣᠯᠠᠨ ᠵᠦᠢᠯ ᠢ ᠰᠠᠨᠠᠭᠤᠯᠵᠤ᠂ ᠬᠦᠮᠦᠨ ᠤ ᠳᠣᠮᠣ ᠪᠡᠯᠡᠭ᠂ ᠶᠡᠭᠡ ᠱᠠᠭᠠᠷᠳᠠᠯᠭ᠎ᠠ ᠶᠢ ᠬᠦᠯᠢᠶᠡᠵᠤ ᠠᠪᠴᠣ ᠪᠤᠯᠬᠤ ᠦᠭᠡᠢ ᠭᠡᠵᠤ ᠵᠠᠬᠢᠵᠤ ᠶᠠᠪᠤᠵᠡᠢ᠃ ᠢᠩᠭᠢᠵᠤ ᠶᠠᠪᠤᠭᠰᠠᠭᠠᠷ ᠱᠠᠷᠽᠠ ᠶᠢᠨ ᠰᠦᠮ᠎ᠡ ᠬᠦᠷᠴᠡᠢ᠃ ᠮᠠᠷᠭᠠᠰᠢ ᠨᠢ ᠮᠠᠨᠳᠠᠯ ᠡᠷᠬᠦᠭᠰᠡᠨ ᠤ ᠳᠠᠷᠠᠭ᠎ᠠ ᠨᠢᠮ᠎ᠡ ᠴᠣᠷᠵᠢ ᠯᠠᠮᠠᠳᠠᠨ ᠵᠠᠳ ᠠᠶᠢᠯᠠᠳᠬᠠᠳᠠᠬ᠎ᠠ ᠭᠡᠳ ᠯᠠ ᠬᠠᠳᠠᠭ ᠪᠡᠯᠡᠭ ᠪᠠᠷᠢᠵᠤ ᠭᠡᠨ᠎ᠡ᠂ ᠭᠡᠣᠭᠡᠳ ᠵᠠᠯᠰᠠᠷᠡᠢ ᠪᠡᠯᠡᠭ ᠢ ᠨᠢ ᠰᠢᠭᠤᠳ ᠠᠪᠤᠭᠠᠳ ᠯᠠ ᠬᠤᠶᠢᠮᠣᠷ ᠢᠶᠠᠨ ᠳᠠᠯᠪᠢᠴᠢᠬᠠᠵᠤ ᠭᠡᠨ᠎ᠡ᠂ ᠪᠠᠭᠰᠢ ᠯᠠᠮᠠ ᠶᠠᠩᠳᠠᠭ ᠨᠢ ᠠᠷᠭ᠎ᠠ ᠪᠠᠷᠠᠭᠳᠠᠵᠣ ᠬᠦᠢᠴᠡᠵᠡᠢ᠃ ᠭᠡᠰᠡᠭ ᠣᠳᠠᠭᠠᠳ ᠭᠡᠣᠭᠡᠳ ᠯᠠᠮᠠ ᠬᠤᠩᠬᠤ ᠳᠠᠮᠠᠷᠣ ᠪᠠᠨ ᠠᠪᠤᠭᠠᠳ ᠭᠠᠷᠪᠠ ᠭᠡᠨ᠎ᠡ᠃ ᠠᠭᠤᠯᠠᠨ ᠳᠣᠮᠳᠠᠭᠤᠷ ᠣᠷᠣᠭᠠᠳ ᠪᠠᠷ᠎ᠠ ᠳᠠᠰᠣᠷᠠᠵᠡᠢ᠃ ᠪᠠᠭᠰᠢ ᠯᠠᠮᠠ ᠰᠠᠨᠠᠭ᠎ᠠ ᠵᠣᠪᠠᠵᠣ ᠠᠷᠣ ᠠᠴᠠ ᠨᠢ ᠣᠴᠢᠭᠠᠳ ᠬᠠᠷᠠᠭᠰᠠᠨ ᠴᠢᠨᠢ ᠵᠢᠵᠢᠭ ᠬᠤᠩᠬᠤ ᠪᠠᠨ ᠵᠢᠩᠬᠢᠨᠡᠬᠦᠯᠴᠢᠭᠡᠭᠰᠡᠨ᠂ ᠳᠣᠣᠷᠡᠢ ᠳᠠᠮᠠᠷᠣ ᠪᠠᠨ ᠳᠣᠣᠭᠠᠷᠭᠠᠴᠢᠬᠠᠭᠰᠠᠨ ᠦᠶᠡᠷ ᠤᠨ ᠰᠠᠶᠢᠷ ᠲᠤ ᠪᠠᠶᠢᠳᠠᠭ ᠭᠡᠳᠣᠨ ᠬᠠᠶᠢᠯᠠᠰᠣ ᠶᠢ ᠳᠣᠭᠤᠷᠢᠭᠠᠳ ᠨᠤᠮ ᠢᠶᠠᠨ ᠣᠩᠰᠢᠭᠠᠳ ᠶᠠᠪᠤᠵᠤ ᠪᠠᠶᠢᠨ᠎ᠠ ᠭᠡᠨ᠎ᠡ᠃ ᠪᠠᠭᠰᠢ ᠨᠢ ᠰᠠᠨᠠᠭ᠎ᠠ ᠵᠣᠪᠠᠵᠣ ᠶᠠᠭᠠᠬᠢᠳᠠᠭ ᠯᠠ ᠪᠤᠯ ᠳ᠋ᠠ ᠭᠡᠳ ᠰᠠᠮᠡᠭᠡᠷ ᠪᠠᠶᠢᠷᠢ ᠣᠷᠣᠭᠤ ᠪᠠᠨ ᠪᠣᠴᠠᠵᠣ ᠭᠡᠨ᠎ᠡ᠃ ᠨᠠᠷᠠᠨ ᠵᠢᠷᠭᠠᠬᠤ ᠶᠢᠨ ᠠᠯᠳᠠᠨ ᠳᠤ ᠭᠡᠤᠭᠡᠳ ᠯᠠᠮᠠ ᠬᠤᠩᠬᠤ ᠳᠠᠮᠠᠷᠣ ᠪᠠᠨ ᠪᠠᠷᠢᠴᠢᠬᠠᠭᠰᠠᠨ ᠢᠷᠡᠵᠤ ᠭᠡᠨ᠎ᠡ᠃ ᠴᠠᠢ ᠬᠤᠭᠤᠯᠠ ᠪᠠᠨ ᠢᠳᠡᠭᠡᠳ ᠯᠠ ᠣᠨᠳᠠᠵᠣ ᠭᠡᠨ᠎ᠡ᠃ ᠰᠦᠨᠢ ᠳᠣᠮᠳᠠ ᠠᠴᠠ ᠪᠣᠷᠣᠭᠠᠨ ᠱᠠᠬᠢᠵᠤ ᠡᠬᠢᠯᠡᠪᠡ᠃ ᠮᠠᠷᠭᠠᠰᠢ ᠨᠢ ᠪᠦᠳᠦᠨ ᠡᠳᠣᠷ ᠪᠣᠷᠣᠭᠠᠯᠠᠵᠣ ᠲᠡᠷᠡ ᠵᠤᠨ ᠤ ᠭᠠᠩ ᠳᠠᠶᠢᠯᠣᠭᠳᠠᠭᠰᠠᠨ ᠳᠣᠷᠠᠰᠣᠮᠵᠢ ᠪᠠᠶᠢᠳᠠᠭ ᠶᠤᠮ᠃       ᠵᠦᠩᠳᠦ᠋ᠢᠵᠠᠮᠰᠣ 1955-1956 ᠣᠨ ᠳᠤ᠂ ᠯᠠᠪᠷᠤᠩ ᠭᠡᠶᠢᠳ ᠲᠤ ᠱᠠᠪᠢᠯᠠᠨ ᠰᠣᠷᠣᠯᠴᠠᠵᠣ ᠪᠠᠶᠢᠭᠠᠳ ᠡᠵᠡᠨ᠎ᠡ ᠳᠡᠭᠡᠨ ᠢᠷᠡᠵᠣ᠂ 1958 ᠣᠨ ᠤ ᠬᠤᠷᠰᠢᠶᠠᠵᠢᠯ ᠪᠤᠯᠬᠤ ᠳᠤ ᠰᠠᠩ ᠵᠢᠰᠠ ᠪᠠᠨ ᠠᠯᠪᠠᠨ ᠳᠤ ᠳᠣᠰᠢᠶᠠᠭᠠᠳ ᠳᠡᠪᠰᠢ ᠳᠤ ᠪᠤᠴᠠᠵᠡᠢ᠃ ︽ᠰᠣᠶᠣᠯ ᠤᠨ ᠶᠡᠭᠡ ᠬᠤᠪᠢᠰᠬᠠᠯ︾᠎ ᠢᠶᠠᠷ ᠱᠠᠰᠢᠨ ᠤ ᠳᠡᠭᠡᠳᠣ ᠳᠠᠪᠬᠤᠷᠭᠠᠳᠠᠨ ᠢᠶᠠᠷ ᠴᠣᠬᠢᠭᠳᠠᠵᠣ᠂ ᠨᠣᠭᠳᠠᠭᠰᠠᠨ ᠠᠵᠢᠯ ᠪᠦᠬᠦᠨ ᠢ ᠬᠢᠵᠤ᠂ ᠳᠠᠷᠠᠭ᠎ᠠ ᠨᠢ ᠬᠦᠳᠡᠭᠡ ᠳᠡᠮᠡᠭᠡ ᠬᠠᠷᠢᠭᠤᠯᠵᠤ ᠪᠠᠶᠢᠪᠠ᠃ 2004 ᠤᠨ ᠤ 9 ᠳ᠋ᠣᠭᠡᠷ ᠰᠠᠷ᠎ᠠ ᠳᠤ ᠡᠵᠡᠨ᠎ᠡ ᠬᠤᠰᠢᠭᠤᠨ ᠤ ᠨᠠᠮ ᠤᠨ ᠬᠤᠷᠢᠶᠠᠨ ᠤ ᠨᠢᠭᠡᠳᠦᠮᠡᠯ ᠹᠷᠤᠨᠲ ᠤᠨ ᠭᠡᠯᠳᠡᠰ᠂ ᠬᠤᠰᠢᠭᠤᠨ ᠤ ᠣᠯᠣᠰ ᠳᠦᠷᠤ ᠶᠢᠨ ᠵᠦᠪᠯᠡᠯᠭᠡᠨ ᠠᠴᠠ ᠳᠣᠰᠬᠠᠶᠢᠯᠠᠨ ᠵᠠᠯᠠᠵᠤ᠂ ᠵᠠᠯᠠᠬᠤ ᠠᠵᠢᠯ ᠢ ᠬᠤᠰᠢᠭᠤᠨ ᠤ ᠣᠯᠣᠰ ᠲᠦᠷᠤ ᠶᠢᠨ ᠵᠦᠪᠯᠡᠯᠭᠡᠨ ᠤ ᠳᠡᠳ᠋ ᠳᠠᠷᠢᠬᠦᠯᠡᠭᠴᠢ ᠳᠡᠳᠮ᠎ᠡ ᠭᠤᠸᠠᠢ ᠣᠳᠣᠷᠢᠳᠣᠨ ᠵᠣᠬᠢᠶᠠᠨ ᠪᠠᠶᠢᠭᠤᠯᠵᠤ᠂ ᠬᠠᠮᠢᠶ᠎ᠠ ᠪᠦᠬᠦᠢ ᠪᠠᠶᠢᠭᠤᠯᠤᠯᠭ᠎ᠠ ᠨᠢᠭᠡᠴᠠ ᠶᠢᠨ ᠣᠳᠣᠷᠢᠳᠣᠯᠭ᠎ᠠ ᠠᠵᠢᠯᠳᠠᠨ ᠨᠠᠷ ᠣᠷᠣᠯᠴᠠᠵᠣ᠂ ᠳ᠋ᠠᠰᠢᠴᠦ᠋ᠢᠯᠢᠩ ᠭᠡᠶᠢᠳ ᠤᠨ ᠰᠢᠷᠡᠭᠡᠨ ᠭᠡᠭᠡᠨ ᠢ ᠨᠢ ᠰᠡᠷᠬᠦᠭᠡᠪᠡ᠃       ᠭᠤᠷᠪᠠᠳᠣᠭᠠᠷ ᠳᠦᠷᠢ ᠶᠢᠨ ᠵᠠᠯᠰᠠᠷᠡᠢ ᠭᠡᠭᠡᠨ ᠵᠥᠩᠳᠦ᠋ᠢᠵᠠᠮᠰᠣ ᠣᠳᠣ ᠦᠪᠣᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ ᠪᠣᠳ᠋ᠳ᠋ᠾᠡ ᠶᠢᠨ ᠱᠠᠰᠢᠨ ᠤ ᠨᠡᠶᠢᠭᠡᠮᠯᠢᠭ ᠤᠨ ᠭᠡᠰᠢᠬᠦᠨ᠂ ᠠᠯᠠᠱᠠ ᠠᠶᠢᠮᠠᠭ ᠤᠨ ᠤᠯᠤᠰ ᠳᠦᠷᠤ ᠶᠢᠨ ᠵᠦᠪᠯᠡᠯᠭᠡᠨ ᠤ ᠭᠡᠰᠢᠬᠦᠨ᠂ ᠡᠵᠡᠨ᠎ᠡ ᠬᠤᠰᠢᠭᠤᠨ ᠤ ᠣᠯᠣᠰ ᠳᠦᠷᠤ ᠶᠢᠨ ᠵᠦᠪᠯᠡᠯᠭᠡᠨ ᠤ ᠭᠡᠰᠢᠬᠦᠨ ᠢᠶᠠᠷ ᠠᠵᠢᠯᠯᠠᠵᠤ ᠪᠠᠶᠢᠨ᠎ᠠ᠃       ᠴᠠᠭ ᠳᠦᠷᠤ᠂ ᠨᠡᠶᠢᠭᠡᠮ ᠤᠨ ᠳᠡᠣᠭᠡᠨ ᠶᠠᠪᠤᠴᠠ ᠳᠤ ᠡᠵᠡᠨ᠎ᠡ ᠶᠢᠨ ᠬᠠᠭᠤᠴᠢᠨ ᠳᠣᠷᠭᠤᠳ ᠣᠨᠴᠠᠭᠠᠢ ᠬᠤᠰᠢᠭᠤᠨ ᠤ ᠬᠤᠶᠠᠷ ᠦᠶ᠎ᠡ ᠶᠢᠨ ᠭᠤᠷᠪᠠᠨ ᠵᠠᠰᠠᠭ ᠨᠣᠶᠠᠨ ᠬᠢᠭᠡᠳ ᠭᠤᠷᠪᠠᠨ ᠳᠦᠷᠢ ᠶᠢᠨ ᠵᠠᠯᠰᠠᠷᠡᠢ ᠭᠡᠭᠡᠨ ᠤ ᠬᠤᠭᠤᠷᠣᠨᠳᠣ ᠱᠠᠰᠢᠨ ᠤ ᠣᠶᠢᠯᠡᠰ ᠲᠤ ᠪᠠᠭᠰᠢ ᠱᠠᠪᠢ ᠶᠢᠨ ᠪᠠᠷᠢᠯᠳᠣᠯᠭ᠎ᠠ ᠲᠠᠢ ᠶᠠᠪᠤᠯᠴᠠᠵᠤ᠂ ᠣᠯᠣᠰ ᠳᠦᠷᠤ᠂ ᠦᠢᠮᠡᠭᠡᠨ ᠳᠡᠪᠵᠢᠶᠠᠨ ᠲᠠᠢ ᠴᠠᠭ ᠲᠤ ᠣᠯᠠ ᠰᠠᠭᠤᠷᠢ ᠲᠠᠢ ᠰᠡᠷᠭᠡᠭ ᠬᠠᠨᠳᠣᠵᠣ᠂ ᠨᠡᠶᠢᠭᠡᠮ ᠨᠡᠶᠢᠳᠡ ᠣᠯᠠᠨ ᠲᠠᠢ ᠠᠬ᠎ᠠ ᠳᠡᠬᠦᠣ ᠶᠢᠨ ᠨᠠᠶᠢᠷᠰᠠᠭ ᠵᠢᠷᠤᠮ ᠢᠶᠠᠷ ᠶᠠᠪᠤᠯᠴᠠᠵᠤ ᠢᠷᠡᠵᠡᠢ᠃       ᠯᠾᠡᠸᠠᠩᠵᠠᠪ ᠨᠣᠶᠠᠨ ᠤ ᠦᠶ᠎ᠡ ᠪᠤᠯ᠂ ᠭᠤᠷᠪᠠᠨ ᠳᠦᠷᠤ ᠨᠡᠶᠢᠭᠡᠮ ᠤᠨ ᠠᠵᠢᠯᠯᠠᠭ᠎ᠠ ᠶᠢ ᠪᠡᠶᠡᠴᠢᠯᠡᠨ ᠦᠩᠭᠡᠷᠡᠭᠡᠭᠰᠡᠨ ᠭᠡᠴᠡᠬᠦᠭᠡᠨ ᠡᠭᠡᠳᠡᠷᠡᠭᠡᠨ ᠪᠣᠳᠣᠯᠢᠶᠠᠨ ᠲᠠᠢ ᠬᠠᠳᠠᠭᠤ ᠳᠡᠣᠭᠡᠨ ᠴᠠᠭ ᠦᠶ᠎ᠡ ᠪᠠᠶᠢᠪᠠ᠃ ᠭᠡᠰᠡᠨ ᠴᠦ ᠯᠾᠡᠸᠠᠩᠵᠠᠪ ᠳᠣᠷᠭᠤᠳ ᠨᠣᠳᠤᠭ ᠤᠨ ᠨᠣᠶᠠᠨ ᠮᠦᠷᠳᠡᠭᠡᠨ ᠠᠷᠠᠳ ᠲᠦᠮᠡᠨ ᠤ ᠰᠢᠯᠢᠳᠡᠭ ᠬᠦᠣ ᠪᠠᠶᠢᠭᠰᠠᠨ ᠢᠶᠠᠷ ᠢᠶᠠᠨ ᠯᠠᠪᠳᠠᠭᠤᠨ ᠪᠣᠯᠭᠤᠮᠵᠢᠳᠠᠢ᠂ ᠪᠣᠷᠣᠭᠵᠢᠭᠤᠨ ᠬᠢᠨᠠᠮᠠᠭᠠᠢ ᠠᠵᠢᠯᠯᠠᠵᠤ᠂ ᠨᠠᠰᠣᠨ ᠳᠣᠷᠰᠢᠳᠠ ᠵᠢᠳᠬᠦᠭᠰᠡᠨ ᠢᠶᠠᠷ ᠠᠮᠵᠢᠯᠳᠠ ᠳᠤ ᠬᠦᠷᠴᠣ᠂ ᠨᠣᠳᠤᠭ ᠳᠠᠶᠠᠭᠠᠷ ᠲᠤ ︽ᠰᠠᠶᠢᠨ ᠠᠬ᠎ᠠ︾ ᠠᠯᠳᠠᠷ ᠢ ᠣᠯᠵᠡᠢ᠃       ᠬᠦᠣ ᠡᠷᠳᠡᠨᠢᠭᠡᠷᠡᠯ ᠨᠢ ᠬᠠᠭᠤᠴᠢᠨ ᠳᠦᠷᠤ ᠶᠢᠨ ᠰᠡᠬᠦᠯᠴᠢ ᠦᠶ᠎ᠡ ᠪᠠᠷ ᠠᠵᠢᠯ ᠳᠤ ᠣᠷᠣᠵᠣ᠂ ᠪᠠᠰᠠ ᠯᠠ ᠬᠤᠶᠠᠷ ᠳᠦᠷᠤ ᠶᠢᠨ ᠠᠯᠪᠠᠳᠠᠨ ᠶᠠᠪᠤᠭᠰᠠᠨ ᠶᠤᠮ᠃ ᠨᠠᠶᠢᠷᠠᠮᠳᠠᠯ ᠢᠶᠠᠷ ᠴᠢᠯᠦᠭᠡᠯᠡᠬᠦ ᠪᠣᠰᠣᠯᠭ᠎ᠠ ᠳᠤ ᠣᠷᠣᠯᠴᠠᠵᠣ᠂ ᠬᠤᠰᠢᠭᠤᠨ ᠤ ᠪᠠᠨ ᠡᠯ᠎ᠡ ᠠᠵᠢᠯ ᠳᠤ ᠰᠠᠨᠠᠭ᠎ᠠ ᠳᠠᠯᠪᠢᠨ ᠠᠵᠢᠯᠯᠠᠵᠤ ᠰᠣᠷᠣᠯᠴᠠᠨ 1962 ᠣᠨ ᠳᠤ ᠬᠤᠰᠢᠭᠤᠨ ᠳᠠᠷᠤᠭ᠎ᠠ ᠶᠢᠨ ᠠᠵᠢᠯ ᠢ ᠡᠬᠦᠷᠭᠡᠯᠡᠪᠡ᠃ ︽ᠰᠣᠶᠣᠯ ᠤᠨ ᠶᠡᠭᠡ ᠬᠤᠪᠢᠰᠬᠠᠯ︾᠎ ᠤᠨ ᠳᠣᠭᠰᠢᠨ ᠰᠢᠭᠤᠷᠭᠠᠨ ᠳᠤ ᠳᠠᠭᠠᠷᠢᠭᠳᠠᠵᠣ᠂ ᠬᠢᠯᠢᠰ ᠪᠣᠷᠣᠭᠤ ᠭᠡᠷᠡᠭ ᠨᠦᠮᠦᠷᠴᠣ ᠬᠦᠨᠳᠣ ᠡᠷᠡᠬᠦᠣ ᠭᠡᠴᠡᠬᠦᠣ ᠳᠠᠮᠣ ᠶᠢ ᠣᠯᠠᠨ ᠵᠢᠯ ᠳᠣᠭᠤᠯᠵᠣ᠂ ᠦᠨᠡᠨ ᠶᠣᠰᠣ ᠰᠢᠳᠣᠷᠭᠤ ᠵᠢᠷᠤᠮ ᠢ ᠡᠷᠡᠰ ᠳᠠᠰᠣ ᠪᠠᠷᠢᠮᠳᠠᠯᠠᠵᠤ ᠶᠠᠪᠤᠭᠠᠳ ᠪᠡᠶ᠎ᠡ ᠰᠡᠳᠬᠢᠯ ᠤᠨ ᠬᠦᠨᠳᠣ ᠰᠢᠷᠬ᠎ᠠ ᠣᠯᠵᠣ ᠵᠡᠮᠳᠡᠭ ᠪᠤᠯᠵᠡᠢ᠃ ᠡᠵᠡᠨ᠎ᠡ ᠬᠤᠰᠢᠭᠤᠨ ᠤ ᠮᠠᠰᠢ ᠣᠯᠠᠨ ᠳᠦᠰᠢᠮᠠᠯ᠂ ᠠᠯᠪᠠᠳᠠᠨ᠂ ᠴᠡᠷᠢᠭ᠂ ᠺᠠᠳ᠋ᠷ᠂ ᠮᠠᠯᠴᠢᠨ ᠲᠦᠮᠡᠨ ᠤ ᠠᠮᠢ ᠨᠠᠰᠣ ᠶᠢ ᠠᠪᠤᠷᠠᠵᠣ ᠴᠢᠳᠠᠭᠰᠠᠨ ᠳᠣᠷᠭᠤᠳ ᠲᠦᠮᠡᠨ ᠤ ᠵᠢᠩᠭᠢᠨᠢ ᠵᠣᠷᠢᠭᠳᠠᠨ ᠬᠦᠣ ᠪᠠᠶᠢᠭᠰᠠᠨ ᠶᠤᠮ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号