| ᠲᠡᠤᠭᠡᠨ ᠬᠥᠮᠤᠰ ᠤᠨ ᠲᠤᠬᠠᠢ ᠲᠤᠮᠤᠬ ᠭᠡᠳᠡᠭ ᠨᠢ ᠭᠤᠤᠯᠳᠠᠭᠤ ᠡᠷᠳᠡ ᠲᠡᠭᠡᠳᠤ ᠥᠶ᠎ᠠ ᠶᠢᠨ ᠶᠠᠮᠠᠷ ᠨᠢᠭᠡᠨ | ᠴᠠᠬ ᠲᠤ᠂ ᠶᠠᠮᠠᠷ ᠨᠢᠭᠡᠨ ᠭᠡᠷᠡᠭ ᠤᠴᠢᠷ ᠠᠴᠠ ᠪᠤᠯᠵᠤ ᠡᠨᠡ ᠭᠡᠷᠡᠭ ᠶᠠᠪᠤᠳᠠᠯ ᠳᠤ ᠬᠤᠯᠪᠤᠬᠳᠠᠬᠰᠠᠨ ᠨᠥᠯᠥᠭᠡ | ᠶᠡᠭᠡᠳᠡᠢ ᠬᠥᠮᠤᠨ ᠠᠯᠳᠠᠷ ᠨᠡᠷ᠎ᠠ ᠪᠠᠨ ᠲᠠᠭᠤᠷᠢᠰᠬᠠᠭᠤᠯᠤᠬᠰᠠᠨ ᠬᠥᠤᠷᠨᠢᠯ ᠪᠤᠯᠬᠤ ᠶᠤᠮ᠃ | ᠡᠵᠡᠨ᠎ᠠ ᠳᠤ ᠲᠡᠤᠭᠡᠨ ᠬᠥᠮᠤᠨ ᠤ ᠲᠤᠬᠠᠢ ᠲᠤᠮᠤᠬ ᠮᠠᠰᠢ ᠤᠯᠠᠨ ᠪᠠᠶᠢᠳᠠᠬ᠃ ᠡᠬᠦᠨ ᠳᠤ ᠨᠤᠶᠠᠳ | ᠲᠥᠰᠢᠮᠡᠳ ᠤᠨ ᠲᠤᠬᠠᠢ ᠲᠤᠮᠤᠬ ᠲᠤ᠂ ᠤᠷᠠᠨ ᠠᠷᠭ᠎ᠠ᠂ ᠮᠡᠷᠭᠡᠨ ᠤᠬᠠᠭᠠᠨ ᠢᠶᠠᠷ ᠬᠤᠰᠢᠭᠤ ᠵᠠᠬᠢᠷᠤᠬᠴᠢ ᠶᠢᠨ | ᠵᠢᠩᠰᠠ ᠶᠢ ᠠᠪᠴᠤ᠂ ᠮᠠᠨᠵᠤ ᠶᠢᠨ ᠬᠠᠭᠠᠨ ᠪᠤᠯᠤᠨ ᠠᠯᠠᠱᠠ ᠴᠢᠨ ᠸᠠᠩ ᠢ ᠭᠠᠷᠳᠠᠭᠠᠬᠰᠠᠨ ᠲᠠᠰᠢᠴᠦ᠋ᠢᠯᠢᠩ | ᠭᠡᠶᠢᠳ ᠤᠨ ᠳ᠋ᠠ ᠯᠠᠮᠠ ᠴᠦᠢᠨᠳᠠᠬᠪᠤ ᠵᠠᠬᠢᠷᠤᠬᠴᠢ ᠶᠢᠨ ᠲᠤᠮᠤᠬ︔ ᠬᠤᠱᠤᠩ ᠶᠤᠬᠳᠠ ᠭᠡᠯᠡ ᠪᠠᠷ ᠬᠤᠰᠢᠭᠤ | ᠨᠤᠳᠤᠬ ᠲᠤ ᠪᠠᠭ᠎ᠠ ᠥᠭᠡᠢ ᠨᠡᠷ᠎ᠠ ᠲᠠᠢ ᠪᠤᠶᠠᠨᠪᠠᠳᠤ ᠵᠠᠯᠠᠨ ᠤ ᠲᠤᠮᠤᠬ︔ ᠰᠠᠬᠰᠠᠭᠤ ᠵᠠᠩ ᠲᠠᠢ᠂ ᠪᠠᠭᠠᠰᠢ ᠶᠡᠭᠡᠳᠡᠢ | ᠴᠦᠢᠨᠵᠢᠨ ᠵᠠᠩᠬᠢ ᠶᠢᠨ ᠲᠤᠮᠤᠬ︔ ᠬᠥᠴᠢᠷ ᠤᠨ ᠡᠮᠤᠨ᠎ᠠ ᠬᠤᠭᠤᠷᠠᠬᠤ ᠠᠴᠠ ᠨᠤᠭᠤᠷᠠᠳᠠᠬ ᠥᠭᠡᠢ ᠴᠠᠳᠠᠩ | ᠵᠠᠩᠬᠢ ᠶᠢᠨ ᠲᠤᠮᠤᠬ ᠵᠡᠷᠭᠡ ᠬᠠᠭᠤᠴᠢ ᠲᠤᠮᠤᠬ ᠠᠷᠠᠤᠨ ᠤᠨ ᠲᠤᠮᠳᠠ ᠡᠳᠤᠭᠡ ᠪᠤᠯᠳᠠᠯ᠎ᠠ ᠤᠯᠠᠮᠵᠢᠯᠠᠭᠳᠠᠵᠤ ᠪᠤᠢ᠃ | ᠨᠢᠭᠡ᠂ ᠴᠦᠢᠨᠳᠠᠬᠪᠤ ᠵᠠᠬᠢᠷᠤᠬᠴᠢ ᠶᠢᠨ ᠲᠤᠮᠤᠬ | ᠴᠦᠢᠨᠳᠠᠬᠪᠤ ᠠᠩᠬᠠᠨ ᠳᠠᠭᠠᠨ ᠬᠤᠰᠢᠭᠤ ᠭᠡᠶᠢᠳ ᠲᠠᠰᠢᠴᠦ᠋ᠢᠯᠢᠩ ᠤᠨ ᠳ᠋ᠠ ᠯᠠᠮᠠ ᠪᠠᠶᠢᠬᠰᠠᠨ᠃ | ᠬᠤᠰᠢᠭᠤᠨ ᠤ ᠬᠤᠷᠠᠯ ᠴᠤᠬᠯᠠᠭᠠᠨ ᠳᠤ ᠤᠷᠤᠯᠴᠠᠵᠤ ᠲᠥᠷᠤ ᠵᠠᠰᠠᠬ ᠤᠨ ᠭᠡᠷᠡᠭ ᠢ ᠵᠥᠪᠳᠡᠯᠴᠡᠳᠡᠭ ᠪᠠᠶᠢᠵᠡᠢ᠃ ᠨᠢᠭᠡ | ᠤᠳᠠᠭ᠎ᠠ ᠬᠤᠰᠢᠭᠤᠨ ᠤ ᠲᠠᠮᠠᠭᠠᠨ ᠭᠠᠵᠠᠷ ᠴᠤᠬᠯᠠᠭᠠᠨ ᠪᠤᠯᠵᠤ ᠬᠤᠰᠢᠭᠤ ᠵᠠᠬᠢᠷᠤᠬᠴᠢ ᠳᠤ ᠬᠢᠴᠢᠶᠡᠮᠵᠢ ᠶᠢᠨ ᠤᠯᠠᠨ | ᠥᠭᠡ ᠭᠡᠯᠡᠵᠡᠢ᠃ ᠲᠡᠭᠡᠭᠰᠡᠨ ᠳᠤ ᠵᠠᠬᠢᠷᠤᠬᠴᠢ ᠠᠭᠤᠷ ᠬᠥᠷᠴᠤ᠄ ︽ᠴᠢ ᠤᠯᠠᠨ ᠥᠭᠡ ᠭᠡᠯᠡᠬᠦ ᠶᠢᠨ ᠤᠷᠤᠨ ᠳᠤ | ᠥᠪᠡᠷ ᠢᠶᠠᠨ ᠶᠠᠪᠤᠬᠤ ᠥᠭᠡᠢ ᠤᠤ︖︾ ᠭᠡᠰᠡᠨ ᠳᠤ ᠯᠠᠮᠠ᠄ ︽ᠴᠢᠨᠤ ᠲᠤᠯᠤᠭᠠᠢ ᠲᠡᠭᠡᠷᠡᠬᠢ ᠴᠢᠯᠠᠭᠤ ᠴᠢᠨᠢ | ᠨᠠᠳᠠᠳᠤ ᠥᠭᠡᠢ ᠶᠤᠮ ᠴᠢᠨᠢ︾ ᠭᠡᠵᠤ ᠬᠠᠷᠢᠭᠤᠯᠵᠤ ᠭᠡᠨ᠎ᠠ᠃ ᠬᠤᠰᠢᠭᠤᠨ ᠤ ᠵᠠᠬᠢᠷᠤᠬᠴᠢ ᠶᠢᠨ ᠵᠢᠩᠰᠠ ᠲᠠᠢ | ᠮᠠᠯᠭᠠᠢ ᠶᠢ ᠨᠢ ᠡᠮᠤᠰᠤᠭᠡᠳ ᠨᠤᠶᠠᠨ ᠳᠤ ᠪᠠᠷᠠᠯᠬᠠᠵᠤ᠂ ︽ᠬᠤᠰᠢᠭᠤ ᠵᠠᠬᠢᠷᠤᠬᠴᠢ ᠨᠠᠮᠠᠢᠢ ︿ᠭᠠᠳᠠᠬᠰᠢ ᠶᠠᠪᠤ﹀ ᠭᠡᠵᠤ | ᠲᠤᠮᠢᠯᠠᠬᠤ ᠶᠢᠨ ᠲᠠᠭᠠᠤ ᠵᠢᠩᠰᠠ ᠲᠠᠢ ᠮᠠᠯᠠᠭᠠᠢ ᠪᠠᠨ ᠨᠠᠳᠠ ᠳᠤ ᠱᠠᠩᠨᠠᠪᠠ︾ ᠭᠡᠮᠡᠨ ᠮᠡᠳᠡᠬᠦᠯᠥᠭᠰᠡᠨ ᠳᠤ ᠨᠤᠶᠠᠨ᠄ ︽ | ᠵᠠ᠂ ᠴᠢ ᠶᠠᠪᠤᠬᠤ ᠪᠠᠷ ᠢᠶᠠᠨ ᠶᠠᠪᠤᠳᠤᠭᠠᠢ᠂ ᠭᠡᠷᠡᠭ ᠢᠶᠠᠨ ᠪᠥᠳᠤᠭᠡᠭᠡᠳ ᠢᠷᠠᠪᠠᠯ ᠵᠠᠬᠢᠷᠤᠬᠴᠢ ᠵᠢᠩᠰᠠ ᠴᠢᠨᠤᠬᠢ | ᠪᠤᠯᠤᠨ᠎ᠠ︾ ᠭᠡᠵᠤ ᠭᠡᠯᠡᠵᠡᠢ᠃ ᠴᠦᠢᠨᠳᠠᠬᠪᠤ ᠳ᠋ᠠ ᠯᠠᠮᠠ ᠭᠡᠷᠡᠭ ᠶᠠᠪᠤᠳᠠᠯ ᠢᠶᠠᠨ ᠰᠠᠶᠢᠬᠠᠨ ᠪᠥᠳᠤᠭᠡᠭᠡᠳ ᠨᠤᠶᠠᠨ ᠤ | ᠵᠠᠷᠯᠢᠬ ᠶᠤᠰᠤᠭᠠᠷ ᠬᠤᠰᠢᠭᠤ ᠵᠠᠬᠢᠷᠤᠬᠴᠢ ᠪᠤᠯᠤᠬᠰᠠᠨ ᠭᠡᠨ᠎ᠠ᠃ | ᠨᠢᠭᠡ ᠤᠳᠠᠭ᠎ᠠ ᠠᠯᠠᠱᠠ ᠸᠠᠩ ᠳᠤ ᠪᠠᠷᠠᠳᠠᠬᠰᠠᠨ ᠳᠤ ᠸᠠᠩ ᠵᠠᠷᠤᠴᠠ ᠪᠠᠷ ᠢᠶᠠᠨ ᠥᠨᠳᠡᠭᠡ ᠠᠳᠠᠯᠢ ᠢᠷᠤᠭᠠᠷ | ᠥᠭᠡᠢ ᠱᠠᠭᠠᠵᠠᠩ ᠠᠶᠠᠭᠠᠨ ᠳᠤ ᠴᠠᠢ ᠠᠶᠠᠭᠠᠯᠠᠵᠤ ᠥᠭᠬᠦ ᠶᠢᠨ ᠲᠠᠭᠠᠤ ᠴᠦᠢᠨᠳᠠᠬᠪᠤ ᠠᠴᠠ ᠥᠭᠡ ᠠᠰᠠᠭᠤᠵᠡᠢ᠃ | ᠥᠡᠭᠭᠡᠷᠡᠭᠰᠡᠨ ᠳᠤ ᠸᠠᠩ ᠨᠤᠶᠠᠨ ᠥᠭᠡ ᠠᠰᠠᠭᠤᠪᠠᠯ ᠵᠠᠪᠠᠯ ᠠᠶᠠᠭ᠎ᠠ ᠪᠠᠨ ᠲᠠᠯᠪᠢᠭᠠᠳ ᠬᠠᠷᠢᠭᠤ ᠠᠶᠢᠯᠠᠳᠬᠠᠬᠤ | ᠶᠤᠰᠤ ᠲᠠᠢ ᠪᠠᠶᠢᠬᠰᠠᠨ ᠪᠤᠯᠬᠤᠷ ᠲᠤᠤᠷ᠎ᠠ ᠪᠠᠨ ᠮᠠᠨᠢ ᠲᠤᠭᠠᠯᠠᠳᠠᠬ ᠡᠷᠢᠭᠡ ᠪᠠᠨ ᠡᠪᠭᠡᠵᠤ ᠲᠤᠭᠤᠢᠢᠯᠠᠨ ᠲᠠᠯᠪᠢᠵᠤ᠂ | ᠲᠡᠭᠡᠷ᠎ᠠ ᠨᠢ ᠠᠶᠠᠭ᠎ᠠ ᠪᠠᠨ ᠲᠠᠯᠪᠢᠭᠠᠳ ᠬᠠᠷᠢᠭᠤ ᠠᠶᠢᠯᠠᠳᠬᠠᠵᠤ ᠭᠡᠨ᠎ᠠ᠃ ᠪᠠᠰᠠ ᠨᠢᠭᠡ ᠤᠳᠠᠭ᠎ᠠ ᠪᠠᠷᠠᠯᠠᠵᠤ | ᠬᠥᠷᠥᠭᠰᠡᠨ ᠳᠤ ᠠᠯᠠᠱᠠ ᠸᠠᠩ ᠡᠬᠦᠳᠡᠨ ᠤ ᠬᠠᠴᠠᠪᠴᠢ ᠶᠢᠨ ᠢᠶᠠᠨ ᠭᠠᠳᠠᠨ᠎ᠠ ᠲᠤᠳᠤᠨ᠎ᠠ ᠤᠰᠤ ᠰᠠᠴᠤᠭᠠᠳ ᠮᠥᠰᠤ | ᠬᠥᠯᠳᠡᠭᠡᠭᠰᠡᠨ ᠪᠠᠶᠢᠵᠡᠢ᠃ ᠬᠠᠯᠳᠠᠷᠢᠵᠤ ᠤᠢᠢᠴᠢᠪᠠᠯ ᠤᠰᠤᠯ ᠪᠤᠯᠬᠤ ᠪᠤᠯᠤᠨ᠎ᠠ᠃ ᠡᠬᠦᠨ ᠳᠤ ᠴᠦᠢᠨᠳᠠᠬᠪᠤ ᠸᠠᠩ ᠤᠨ | ᠭᠡᠷ ᠤᠨ ᠡᠬᠦᠳᠡᠨ ᠤ ᠤᠢᠢᠷᠠᠯᠴᠠᠭ᠎ᠠ ᠬᠥᠷᠤᠭᠡᠳ᠄ ︽ᠮᠠᠨ ᠤ ᠲᠡᠨᠳᠡ ᠤᠯᠠ ᠳᠤ ᠴᠢᠨᠢ ᠤᠰᠤᠨ ᠬᠥᠯᠳᠡᠨ᠂ | ᠮᠥᠷ ᠲᠤ ᠴᠢᠨᠢ ᠮᠥᠰᠤᠨ ᠬᠥᠯᠳᠡᠨ ᠭᠡᠳᠡᠭ ᠬᠠᠷᠢᠶᠠᠯ ᠪᠠᠶᠢᠳᠠᠬ ᠪᠢᠯᠡ᠃ ᠲᠡᠷᠡ ᠨᠠᠳᠠ ᠠᠴᠠ ᠡᠮᠤᠨ᠎ᠠ ᠸᠠᠩ ᠳᠤ | ᠪᠠᠷᠠᠭᠠᠯᠬᠠᠵᠡᠢ︾ ᠭᠡᠵᠤ ᠭᠡᠯᠡᠭᠡᠳ ᠮᠥᠯᠬᠦᠵᠤ ᠤᠷᠤᠭᠠᠳ ᠸᠠᠩ ᠳᠤ ᠪᠠᠷᠠᠳᠠᠵᠤ ᠪᠠᠶᠢᠬᠰᠠᠨ ᠭᠡᠳᠡᠭ᠃ ᠪᠠᠰᠠ ᠨᠢᠭᠡ | ᠤᠳᠠᠭ᠎ᠠ ᠪᠠᠷᠠᠳᠠᠬᠤ ᠪᠠᠷ ᠬᠥᠷᠥᠭᠰᠡᠨ ᠳᠤ ᠠᠯᠠᠱᠠ ᠸᠠᠩ ᠤᠯᠠᠨ ᠰᠤᠬᠤᠷ ᠬᠥᠮᠤᠨ ᠢ ᠭᠡᠷ ᠲᠡᠭᠡᠨ ᠰᠠᠭᠤᠯᠭᠠᠭᠠᠳ᠂ | ᠸᠠᠩ ᠥᠪᠡᠷ ᠢᠶᠠᠨ ᠬᠠᠮᠤᠬ ᠲᠤᠤᠷ᠎ᠠ ᠲᠠᠯ᠎ᠠ ᠳᠤ ᠨᠢ ᠨᠢᠭᠡ ᠨᠢᠳᠤ ᠪᠠᠨ ᠠᠨᠢᠭᠠᠳ ᠰᠠᠭᠤᠵᠤ ᠪᠠᠶᠢᠵᠡᠢ᠃ ᠴᠦᠢᠨᠳᠠᠬᠪᠤ | ᠤᠷᠤᠮᠠᠬᠴᠠ ᠪᠠᠨ ︽ᠤᠯᠠᠨ ᠰᠤᠬᠤᠷ ᠤᠨ ᠠᠯᠢ ᠭᠡᠬᠦ ᠪᠤᠢ︖ ᠤᠨᠴᠠᠳᠠᠢ ᠰᠤᠬᠤᠷ ᠲᠠᠨ ᠤ ᠠᠮᠤᠷ ᠢ ᠠᠶᠢᠯᠠᠳᠬᠠᠶ᠎ᠠ | ︾ ᠭᠡᠮᠡᠨ ᠸᠠᠩ ᠤᠨ ᠡᠮᠤᠨ᠎ᠠ ᠰᠥᠬᠦᠳᠴᠤ ᠭᠡᠨ᠎ᠠ᠃ ᠪᠠᠰᠠ ᠨᠢᠭᠡ ᠤᠳᠠᠭ᠎ᠠ ᠴᠦᠢᠨᠳᠠᠬᠪᠤ ᠤᠷᠠᠩᠬᠠᠢ ᠮᠠᠭᠤ ᠭᠤᠳᠤᠯ | ᠡᠮᠤᠰᠤᠭᠡᠳ ᠸᠠᠩ ᠳᠤ ᠪᠠᠷᠠᠳᠠᠵᠡᠢ᠃ ᠸᠠᠩ ᠥᠵᠡᠭᠡᠳ᠄ ︽ᠵᠠᠬᠢᠷᠤᠬᠴᠢ ᠲᠠ ᠶᠠᠮᠠᠷ ᠮᠠᠭᠤ ᠭᠤᠳᠤᠯ ᠲᠠᠢ ᠪᠤᠢ︖︾ | ᠭᠡᠰᠡᠨ ᠳᠤ᠄ ︽ᠮᠢᠨᠤ ᠪᠤᠶᠠᠨ ᠵᠠᠶᠠᠭ᠎ᠠ ᠮᠠᠭᠤ ᠪᠠᠶᠢᠨ᠎ᠠ᠂ ᠬᠥᠯ ᠳᠤ ᠪᠠᠭᠳᠠᠬᠤ ᠰᠠᠶᠢᠨ ᠭᠤᠳᠤᠯ ᠠᠯᠠᠭ᠎ᠠ︾ | ᠭᠡᠰᠡᠨ ᠳᠤ᠂ ᠸᠠᠩ ᠨᠢ ︽ᠮᠠᠨ ᠤ ᠱᠠᠩ ᠠᠴᠠ ᠪᠠᠭᠳᠠᠬᠤ ᠭᠤᠳᠤᠯ ᠢᠶᠠᠨ ᠠᠪ︕︾ ᠭᠡᠵᠡᠢ᠃ ᠸᠠᠩ ᠤᠨ | ᠰᠠᠩ ᠤᠨ ᠲᠡᠯᠭᠡᠬᠦᠷᠴᠢᠨ ᠨᠢᠭᠡ ᠪᠠᠭᠯᠠᠭ᠎ᠠ ᠭᠤᠳᠤᠯ ᠠᠪᠴᠢᠷᠠᠵᠤ ᠡᠮᠤᠰᠥᠬᠦᠯᠵᠡᠢ᠃ ᠴᠦᠢᠨᠳᠠᠬᠪᠤ ᠪᠥᠬᠦᠳᠡ ᠶᠢ | ᠡᠮᠤᠰᠴᠤ ᠥᠵᠡᠭᠡᠳ ︽ᠪᠥᠬᠦᠳᠡᠭᠡᠷ ᠪᠠᠭᠳᠠᠪᠠ︾ ᠭᠡᠵᠤ ᠭᠡᠯᠡᠭᠡᠳ ᠡᠬᠦᠷᠴᠤ ᠶᠠᠪᠤᠵᠡᠢ ᠭᠡᠨ᠎ᠠ᠃ ᠪᠠᠰᠠ ᠨᠢᠭᠡ | ᠤᠳᠠᠭ᠎ᠠ ᠸᠠᠩ ᠳᠤ ᠪᠠᠷᠠᠳᠠᠬᠤ ᠳᠤ ᠸᠠᠩ ᠨᠤᠶᠠᠨ ᠬᠥᠷᠢᠶᠡᠨ ᠲᠤᠳᠤᠷ᠎ᠠ ᠪᠠᠨ ᠤᠯᠠᠨ ᠶᠤᠸᠠᠮᠪᠤᠤ ᠥᠷᠤᠵᠤ | ᠲᠠᠯᠪᠢᠬᠰᠠᠨ ᠪᠠᠶᠢᠵᠡᠢ᠃ ᠲᠡᠬᠦᠨ ᠢ ᠥᠵᠡᠭᠡᠳ ᠴᠦᠢᠨᠳᠠᠬᠪᠤ᠄ ︽ᠬᠠᠭᠠᠨ ᠤ ᠭᠡᠰᠢᠭ ᠬᠠᠮᠢᠭ᠎ᠠ ᠪᠤᠰᠤ᠂ ᠡᠵᠡᠨ ᠤ | ᠭᠡᠰᠢᠭ ᠠᠳᠡ ᠲᠡᠨᠳᠡ ᠭᠡᠳᠡᠭ ᠡᠨᠡ ᠪᠠᠶᠢᠵᠡᠢ︾ ᠭᠡᠵᠤ ᠭᠡᠯᠡᠭᠡᠳ ᠠᠳᠢᠰ ᠠᠪᠴᠤ ᠬᠤᠷᠮᠦ᠋ᠢᠯᠠᠭᠠᠳ ᠲᠤᠳᠤᠬᠰᠢ | ᠤᠷᠤᠵᠤ ᠸᠠᠩ ᠳᠤ ᠪᠠᠷᠠᠯᠬᠠᠭᠠᠳ ᠭᠠᠷᠴᠤ ᠶᠠᠪᠤᠬᠤ ᠳᠠᠭᠠᠨ ᠪᠥᠬᠦᠳᠡ ᠶᠢ ᠠᠪᠴᠤ ᠶᠠᠪᠤᠵᠤ ᠭᠡᠨ᠎ᠠ᠃ ᠴᠦᠢᠨᠳᠠᠬᠪᠤ | ᠵᠠᠬᠢᠷᠤᠬᠴᠢ ᠠᠯᠠᠱᠠ ᠶᠢᠨ ᠨᠢᠭᠡᠨ ᠲᠥᠰᠢᠮᠡᠯ ᠯᠦᠭᠡ ᠬᠠᠮᠳᠤ ᠠᠶᠠᠨ ᠳᠤ ᠶᠠᠪᠤᠬᠤ ᠳᠠᠭᠠᠨ ᠬᠤᠶᠠᠷ ᠮᠠᠶᠢᠬᠠᠨ ᠢᠶᠠᠨ | ᠵᠡᠷᠭᠡᠴᠡᠬᠦᠯᠥᠨ ᠪᠤᠰᠬᠠᠵᠤ ᠶᠠᠪᠤᠳᠠᠬ ᠪᠠᠶᠢᠵᠤ ᠭᠡᠨ᠎ᠠ᠃ ᠨᠢᠭᠡᠨ ᠡᠳᠤᠷ ᠠᠯᠠᠱᠠ ᠲᠥᠰᠢᠮᠡᠯ ᠤᠨ ᠲᠠᠭᠠᠭᠤᠯᠢ | ᠬᠥᠮᠤᠨ ᠨᠢ ᠴᠠᠢ ᠴᠢᠨᠠᠬᠤ ᠳᠠᠭᠠᠨ ︽ᠲᠠᠪᠤᠰᠤ ᠭᠡᠳᠤᠢ ᠵᠡᠷᠭᠡ ᠲᠠᠯᠪᠢᠬᠤ ᠪᠤᠢ︖︾ ᠭᠡᠮᠡᠨ ᠠᠰᠠᠭᠤᠬᠰᠠᠨ ᠳᠤ | ᠠᠯᠠᠱᠠ ᠲᠥᠰᠢᠮᠡᠯ᠄ ︽ᠲᠤᠷᠭᠤᠳ ᠪᠢᠰᠢ᠂ ᠲᠡᠮᠡᠭᠡ ᠪᠢᠰᠢ᠂ ᠬᠤᠵᠢᠷ ᠶᠡᠭᠡ ᠢᠳᠡᠬᠦ ᠶᠠᠭᠤ ᠪᠤᠢ︖ ᠪᠠᠭᠠᠬᠠᠨ | ᠲᠠᠯᠪᠢ︕︾ ᠭᠡᠵᠤ ᠭᠡᠨ᠎ᠠ᠃ ᠡᠨᠡ ᠥᠭᠡ ᠶᠢ ᠬᠠᠶᠠᠭᠠᠨ ᠤ ᠭᠡᠷ ᠤᠨ ᠲᠤᠷᠭᠤᠳ ᠲᠠᠭᠠᠭᠤᠯᠢ ᠰᠤᠨᠤᠰᠤᠭᠠᠳ | ᠴᠦᠢᠨᠳᠠᠬᠪᠤ ᠠᠴᠠ ︽ᠲᠠᠪᠤᠰᠤ ᠭᠡᠳᠤᠢ ᠲᠠᠯᠪᠢᠬᠤ ᠪᠤᠢ︖︾ ᠭᠡᠮᠡᠨ ᠠᠰᠠᠭᠤᠬᠤᠯᠠᠷ ᠴᠦᠢᠨᠳᠠᠬᠪᠤ᠄ ︽ᠥᠭᠡᠯᠡᠳ | ᠪᠢᠰᠢ᠂ ᠡᠪᠡᠳᠴᠢᠳᠠᠢ ᠪᠢᠰᠢ᠂ ᠲᠠᠪᠤᠰᠤ ᠢᠳᠡᠬᠦ ᠳᠤ ᠴᠡᠭᠡᠷᠯᠡᠬᠦ ᠶᠠᠭᠤ ᠪᠤᠢ︖ ᠶᠡᠭᠡᠭᠡᠨ ᠲᠠᠯᠪᠢ︾ ᠭᠡᠵᠤ ᠭᠡᠨ᠎ᠠ᠃ | ᠴᠦᠢᠨᠳᠠᠬᠪᠤ ᠵᠠᠬᠢᠷᠤᠬᠴᠢ ᠪᠤᠯᠤᠬᠰᠠᠨ ᠤ ᠲᠠᠷᠠᠭ᠎ᠠ ᠤᠯᠠᠨ ᠤᠳᠠᠭ᠎ᠠ ᠨᠤᠶᠠᠨ ᠳᠤ ᠪᠠᠷ᠎ᠠ ᠪᠤᠯᠵᠤ ᠮᠠᠨᠵᠤ ᠬᠠᠭᠠᠨ | ᠪᠠ ᠠᠯᠠᠱᠠ ᠸᠠᠩ ᠳᠤ ᠪᠠᠷᠠᠳᠠᠵᠡᠢ᠃ ᠨᠢᠭᠡ ᠤᠳᠠᠭ᠎ᠠ ᠨᠤᠶᠠᠨ ᠮᠠᠨᠵᠤ ᠬᠠᠭᠠᠨ ᠳᠤ ᠪᠠᠷᠠᠯᠬᠠᠬᠤ ᠳᠠᠭᠠᠨ ᠨᠢᠭᠡ | ᠰᠥᠬᠦᠳᠤᠯᠳᠡ ᠠᠯᠳᠠᠬᠰᠠᠨ ᠳᠤ ᠴᠦᠢᠨᠳᠠᠬᠪᠤ ᠵᠠᠬᠢᠷᠤᠬᠴᠢ᠄ ︽ᠠ᠂ ᠡᠴᠢᠭᠡ ᠶᠢᠨ ᠢᠶᠠᠨ ᠮᠢᠬ᠎ᠠ ᠢᠳᠠᠮᠡᠷ︾ ᠭᠡᠵᠤ | ᠬᠠᠷᠢᠶᠠᠵᠤ ᠭᠡᠨ᠎ᠠ᠃ ᠪᠡᠭᠡᠵᠢᠩ ᠠᠴᠠ ᠬᠤᠰᠢᠭᠤᠨ ᠳᠠᠭᠠᠨ ᠪᠤᠴᠠᠬᠤ ᠵᠠᠮ ᠳᠤ ᠴᠦᠢᠨᠳᠠᠬᠪᠤ ᠬᠥᠨᠳᠤ | ᠡᠪᠡᠳᠴᠢᠯᠡᠭᠰᠡᠨ ᠳᠤ ᠨᠤᠶ᠋ᠨᠨ ᠨᠢ᠄ ︽ᠨᠠᠮᠠᠢᠢ ᠬᠠᠭᠠᠨ ᠳᠤ ᠪᠠᠷᠠᠳᠠᠬᠤ ᠳᠤ ᠬᠠᠷᠢᠶᠠᠬᠰᠠᠨ ᠲᠤᠯᠠ ᠲᠡᠬᠦᠨ ᠢ ᠬᠠᠮᠢᠶᠠᠷᠬᠤ | ᠭᠡᠷᠡᠭ ᠥᠭᠡᠢ᠂ ᠪᠠᠭᠤᠷᠢ ᠲᠡᠭᠡᠷ᠎ᠠ ᠨᠢ ᠬᠠᠶᠠᠵᠤ ᠤᠷᠬᠢ︕︾ ᠭᠡᠳ ᠬᠠᠶᠠᠭᠠᠳ ᠶᠠᠪᠤᠵᠤ ᠭᠡᠨ᠎ᠠ᠃ ᠬᠤᠵᠢᠮ ᠨᠢ | ᠬᠠᠯᠬ᠎ᠠ ᠶᠢᠨ ᠵᠠᠰᠠᠬ ᠬᠤᠰᠢᠭᠤᠨ ᠤ ᠠᠶᠠᠨᠴᠢᠨ ᠤᠯᠵᠤ ᠥᠵᠡᠭᠡᠳ ᠬᠤᠰᠢᠭᠤᠨ ᠳᠠᠭᠠᠨ ᠮᠡᠳᠡᠬᠦᠯᠥᠭᠰᠡᠨ ᠳᠤ | ᠴᠦᠢᠨᠳᠠᠬᠪᠤ ᠶᠢᠨ ᠰᠠᠶᠢᠨ ᠲᠠᠨᠢᠯ ᠪᠥᠭᠡᠳ ᠮᠡᠷᠭᠡᠨ ᠲᠥᠰᠢᠮᠡᠯ ᠲᠠᠨᠢᠵᠤ ᠮᠡᠳᠡᠭᠡᠳ ᠲᠡᠬᠦᠨ ᠤ ᠭᠡᠬᠦᠷ ᠢ ᠠᠪᠠᠴᠢᠵᠤ | ᠬᠠᠯᠬ᠎ᠠ ᠶᠢᠨ ᠬᠢᠯᠢ ᠲᠠᠭᠠᠤ ᠳᠠᠬᠢ ᠨᠢᠭᠡᠨ ᠠᠭᠤᠯᠠᠨ ᠳᠤ ᠤᠷᠤᠰᠢᠭᠤᠯᠵᠡᠢ᠃ ᠴᠦᠢᠨᠳᠠᠬᠪᠤ ᠪᠥᠳᠤᠬᠦᠨ ᠪᠡᠶ᠎ᠠ ᠲᠠᠢ | ᠪᠠᠶᠢᠬᠰᠠᠨ ᠪᠥᠭᠡᠳ ᠡᠷᠳᠡᠮ ᠲᠠᠢ᠂ ᠮᠡᠷᠭᠡᠨ ᠭᠡᠯᠡᠮᠡᠭᠡᠢ ᠲᠥᠰᠢᠮᠡᠯ ᠪᠠᠶᠢᠯ᠎ᠠ᠃ ᠲᠡᠬᠦᠨ ᠤ ᠴᠡᠭᠡᠵᠢᠨ ᠤ ᠬᠠᠪᠢᠷᠭ᠎ᠠ ᠨᠢ | ᠪᠢᠳᠡᠬᠦᠤ ᠪᠠᠶᠢᠵᠤ᠂ ᠲᠤᠳᠤᠷ᠎ᠠ ᠨᠢ ᠴᠢᠨ᠋᠊ ᠤᠠ᠋ ᠵᠤᠯᠵᠠᠭᠠᠯᠠᠬᠰᠠᠨ ᠪᠠᠶᠢᠵᠤ ᠭᠡᠨ᠎ᠠ᠃ ᠴᠦᠢᠨᠳᠠᠬᠪᠤ ᠡᠪᠡᠳᠴᠢᠳᠠᠢ ᠭᠡᠵᠤ | ᠬᠥᠳᠡᠭᠡ ᠬᠠᠶᠠᠬᠤ ᠳᠤ ᠲᠡᠷᠡ ᠥᠨᠳᠡᠶᠢᠵᠤ ᠪᠠᠶᠢᠭᠠᠳ ᠨᠤᠶᠠᠨ ᠤ ᠵᠥᠭ᠄ ︽ᠡᠵᠡᠨ᠎ᠠ ᠳᠤ ᠡᠬᠦᠨ ᠠᠴᠠ ᠬᠤᠶᠢᠰᠢ | ᠮᠡᠷᠭᠡᠨ ᠲᠥᠰᠢᠮᠡᠯ ᠪᠤᠤ ᠭᠠᠷᠤᠬᠳᠤᠨ︕︾ ᠭᠡᠵᠤ ᠭᠡᠯᠡᠭᠡᠳ ᠬᠤᠴᠤᠷᠴᠤ ᠭᠡᠨ᠎ᠠ᠃ ᠲᠡᠬᠦᠨ ᠤ ᠭᠡᠬᠦᠷ ᠢ | ᠬᠥᠨᠳᠤᠳᠭᠡᠨ ᠤᠷᠤᠰᠢᠭᠤᠯᠤᠬᠰᠠᠨ ᠵᠠᠰᠠᠬ ᠤᠨ ᠬᠤᠰᠢᠭᠤᠨ ᠳᠤ ᠬᠠᠷᠢᠨ ᠮᠡᠷᠭᠡᠨ ᠲᠥᠰᠢᠮᠡᠯ ᠠᠷᠪᠢᠨ ᠭᠠᠷᠬᠤ | ᠪᠤᠯᠤᠬᠰᠠᠨ ᠭᠡᠳᠡᠭ᠃ | ᠪᠤᠶᠠᠨᠪᠠᠳᠤ ᠯᠠᠮᠠ ᠶᠢᠨ ᠲᠤᠮᠤᠬ | ᠪᠤᠶᠠᠨᠪᠠᠳᠤ ︵ᠮᠤᠨᠢᠶᠠ ᠭᠡᠵᠤ ᠠᠪᠤᠭᠠᠢᠢᠯᠠᠳᠠᠬ ᠪᠠᠶᠢᠵᠡᠢ︶ ᠪᠤᠯ ᠬᠤᠪᠤᠬᠰᠠᠶᠢᠷ ᠤᠨ ᠲᠤᠷᠭᠤᠳ ᠠᠴᠠ | ᠰᠡᠬᠦᠯ ᠤᠨ ᠥᠶ᠎ᠠ ᠳᠤ ᠢᠷᠠᠵᠤ ᠨᠤᠳᠤᠬᠰᠢᠬᠰᠠᠨ ᠵᠠᠯᠠᠨ ᠵᠡᠷᠭᠡ ᠲᠠᠢ ᠬᠥᠮᠤᠨ ᠪᠠᠶᠢᠵᠡᠢ᠃ | ᠲᠠᠰᠢ᠂ ᠰᠠᠩᠵᠠᠢ ᠠᠭᠠᠬᠢ ᠬᠤᠶᠠᠷ ᠨᠤᠶᠠᠨ ᠰᠠᠭᠤᠷᠢ ᠪᠤᠯᠢᠶᠠᠯᠳᠤᠵᠤ᠂ ᠬᠠᠮᠤᠬ ᠡᠴᠤᠰ ᠲᠤ ᠲᠠᠰᠢ ᠢᠯᠠᠵᠤ | ᠨᠤᠶᠠᠨ ᠰᠠᠭᠤᠭᠠᠳ᠂ ᠰᠠᠩᠵᠠᠢ ᠶᠢ ᠪᠠᠷᠢᠪᠴᠢᠯᠠᠨ᠂ ᠲᠠᠮᠠᠭ᠎ᠠ ᠶᠢᠨ ᠭᠠᠵᠠᠷ ᠲᠤ ᠠᠪᠴᠢᠷᠠᠭᠠᠳ ᠤᠯᠠᠨ ᠤ ᠬᠤᠷᠠᠯ | ᠬᠢᠵᠤ᠂ ᠭᠤᠮᠤᠳᠠᠯ ᠲᠠᠢ ᠬᠥᠮᠤᠨ᠂ ᠰᠠᠨᠠᠯ ᠲᠠᠢ ᠬᠥᠮᠤᠨ ᠥᠭᠡ ᠪᠠᠨ ᠭᠡᠯᠡ ᠭᠡᠰᠡᠨ ᠳᠤ ᠪᠤᠶᠠᠨᠪᠠᠳᠤ ᠭᠡᠯᠡᠭᠰᠡᠨ ᠨᠢ᠄ | ︽ᠪᠢ ᠭᠤᠮᠤᠳᠠᠯ ᠲᠠᠢ ᠪᠠᠶᠢᠬᠤ ᠤᠴᠢᠷ ᠲᠠᠢ ᠪᠢᠯᠡ᠂ ᠰᠠᠩᠵᠠᠢ ᠠᠭᠠᠬᠢ ᠨᠠᠳᠠ ᠠᠴᠠ ᠮᠤᠷᠢ ᠪᠤᠯᠪᠠᠯ ᠬᠤᠯᠠ ᠪᠤᠯᠤᠨ | ᠬᠤᠷᠳᠤᠨ ᠢ ᠮᠢᠨᠢ ᠠᠪᠴᠤ ᠪᠠᠶᠢᠪᠠ᠂ ᠥᠭᠡᠷ ᠪᠤᠯᠪᠠᠯ ᠰᠥ ᠲᠠᠢ ᠪᠤᠯᠤᠨ ᠤᠯᠠᠭᠠᠨ ᠢ ᠮᠢᠨᠢ ᠠᠪᠴᠤ ᠪᠠᠶᠢᠪᠠ᠃ | ᠭᠡᠳᠡᠯ᠎ᠠ ᠤᠳᠤ ᠴᠠᠰᠤᠳᠤ ᠠᠭᠤᠯᠠ ᠠᠴᠠ ᠴᠠᠭᠠᠨ ᠠᠷᠰᠯᠠᠨ ᠲᠠᠯ᠎ᠠ ᠳᠤ ᠪᠠᠭᠤᠵᠤ ᠬᠠᠷ᠎ᠠ ᠰᠢᠷᠭᠤᠯᠵᠢᠨ ᠳᠤ | ᠪᠠᠷᠢᠬᠳᠠᠵᠤ᠂ ᠰᠠᠩᠵᠠᠢ ᠵᠠᠬᠢᠷᠤᠬᠴᠢ ᠬᠠᠤᠯᠢ ᠶᠢᠨ ᠰᠢᠳᠭᠡᠯ ᠬᠥᠯᠢᠶᠡᠬᠦ ᠪᠤᠯᠵᠡᠢ᠂ ᠨᠠᠳᠠᠳᠤ ᠭᠤᠮᠤᠳᠠᠯ ᠥᠭᠡᠢ᠃ | ᠭᠡᠳᠡᠯ᠎ᠠ ᠮᠢᠨᠤ ᠪᠤᠳᠤᠬᠤ ᠪᠠᠷ ᠲᠤᠷᠤᠬ ᠰᠢᠪᠠᠭᠤᠨ ᠲᠤᠷᠠᠪᠠᠴᠤ ᠲᠠᠤᠯᠠᠢ ᠶᠢᠨ ᠵᠠᠮ ︵ᠰᠡᠭ︶ ᠲᠡᠭᠡᠷ᠎ᠠ ᠪᠠᠭᠤᠳᠠᠬ | ᠥᠭᠡᠢ᠂ ᠴᠠᠭᠠᠨ ᠶᠠᠰᠤᠳᠠᠨ ᠪᠤᠷᠤᠭᠤᠳᠠᠪᠠᠰᠤ ᠬᠠᠷᠠᠴᠤ ᠶᠢᠨ ᠲᠤᠤᠷ᠎ᠠ ᠰᠠᠭᠤᠳᠠᠬ ᠥᠭᠡᠢ ᠭᠡᠳᠡᠭ᠂ ᠠᠬ᠎ᠠ ᠲᠡᠬᠦᠤ | ᠨᠤᠶᠠᠳ ᠲᠠᠶᠢᠵᠢ ᠨᠠᠷ ᠶᠠᠭᠠᠬᠢᠵᠤ ᠰᠠᠭᠠᠳᠠᠳᠠᠬ ︵ᠰᠠᠭᠤᠳᠠᠬ︶ ᠢᠶᠠᠨ ᠥᠪᠡᠷ ᠪᠠᠨ ᠮᠡᠳᠡᠭᠳᠤᠨ᠂ ᠰᠤᠮᠤᠨ ᠲᠥᠷᠪᠡᠨ | ᠵᠠᠩᠬᠢ ᠶᠢᠨ ᠲᠤᠤᠷ᠎ᠠ ᠰᠠᠭᠤᠯᠭᠠᠨ᠎ᠠ ᠭᠡᠳᠡᠭ ᠢ ᠪᠢ ᠵᠥᠪᠰᠢᠶᠡᠷᠡᠬᠦ ᠥᠭᠡᠢ︾ ᠭᠡᠵᠤ ᠭᠡᠯᠡᠵᠤ ᠭᠡᠨ᠎ᠠ᠃ | ᠨᠢᠭᠡ ᠤᠳᠠᠭ᠎ᠠ ᠪᠤᠶᠠᠨᠪᠠᠳᠤ ᠨᠢᠭᠡᠨ ᠵᠠᠷᠭᠤ ᠶᠢᠨ ᠭᠡᠷᠡᠭ ᠲᠤ ᠶᠠᠪᠤᠵᠤ ᠭᠡᠨ᠎ᠠ᠃ ᠶᠠᠪᠤᠬᠤ ᠳᠤ ᠨᠢ ᠪᠤᠰᠤᠳ | ᠲᠥᠰᠢᠮᠡᠳ ᠤᠳ ᠨᠢ ᠤᠯᠠᠨ ᠲᠠᠪᠤᠨ ᠥᠭᠡ ᠵᠢᠭᠠᠵᠤ ᠵᠠᠬᠢᠵᠤ ᠶᠠᠪᠤᠭᠤᠯᠵᠡᠢ᠃ ᠲᠡᠷᠡ ᠵᠠᠷᠭᠤ ᠪᠠᠨ ᠰᠢᠢᠳᠪᠤᠷᠢᠯᠠᠵᠤ | ᠢᠷᠡᠭᠰᠡᠨ ᠤ ᠲᠠᠷᠠᠭ᠎ᠠ ᠲᠥᠰᠢᠮᠡᠳ ᠲᠡᠭᠡᠨ ᠵᠠᠷᠭᠤ ᠠᠪᠤᠬᠰᠠᠨ ᠢᠶᠠᠨ ᠭᠡᠯᠡᠬᠦ ᠶᠢᠨ ᠲᠠᠰᠢᠷᠠᠮ ᠳᠤ᠄ ︽ᠲᠠ ᠨᠠᠷ ᠤᠨ | ᠵᠠᠬᠢᠵᠤ ᠠᠶᠢᠯᠠᠳᠤᠬᠰᠠᠨ ᠵᠠᠷᠯᠢᠬ ᠤᠳ ᠵᠠᠰᠠᠬ ᠤᠨ ᠲᠠᠮᠠᠭᠠᠨ ᠳᠤ ᠭᠡᠷᠡᠭ ᠲᠤ ᠡᠰᠡ ᠬᠥᠷᠪᠡ᠂ ᠬᠠᠷᠢᠨ ᠮᠠᠨ ᠤ ᠡᠮᠡᠭᠡᠨ | ᠨᠠᠮᠠᠢᠢ ᠮᠤᠷᠳᠠᠬᠤ ᠳᠤ ᠭᠡᠳᠤᠨ ᠥᠭᠡ ᠰᠢᠪᠡᠨᠡᠭᠰᠡᠨ ᠨᠢ ᠵᠢᠭᠳᠡᠢ ᠲᠠᠭᠠᠷᠠᠭᠠᠳ ᠪᠠᠶᠢᠪᠠ︾ ᠭᠡᠵᠤ ᠭᠡᠯᠡᠵᠤ ᠭᠡᠨ᠎ᠠ᠃ | ᠪᠠᠰᠠ ᠨᠢᠭᠡ ᠤᠳᠠᠭ᠎ᠠ ᠰᠤᠬᠳᠤᠭᠤ ᠪᠠᠷ ᠢᠶᠠᠨ ᠲᠠᠰᠢ ᠨᠤᠶᠠᠨ ᠢ ︽ᠡᠴᠢᠭᠡ ᠴᠢᠨᠢ︾ ᠭᠡᠵᠤ ᠬᠠᠷᠢᠶᠠᠵᠡᠢ᠃ | ᠨᠤᠶᠠᠨ ᠡᠬᠦᠨ ᠢ ᠬᠥᠯᠢᠶᠡᠬᠦ ᠥᠭᠡᠢ᠂ ᠲᠥᠰᠢᠮᠡᠳ ᠲᠡᠭᠡᠨ᠄ ︽ᠤᠴᠢᠷ ᠢ ᠨᠢ ᠤᠯᠵᠠᠭᠠ︕︾ ᠭᠡᠵᠤ ᠲᠤᠰᠢᠶᠠᠵᠡᠢ᠃ | ᠲᠥᠰᠢᠮᠡᠳ ᠨᠢ ᠴᠠᠭᠠᠨ ᠰᠠᠷ᠎ᠠ ᠠᠴᠠ ᠡᠮᠤᠨ᠎ᠠ ᠬᠠᠭᠤᠴᠢᠨ ᠵᠢᠯ ᠳᠤ ᠭᠡᠷᠡᠭ ᠲᠠᠭᠤᠰᠬᠠᠬᠤ ᠥᠶ᠎ᠠ ᠳᠡᠭᠡᠨ ᠪᠤᠶᠠᠨᠪᠠᠳᠤ | ᠵᠠᠯᠠᠨ ᠢ ᠭᠤᠨᠠᠨ ᠥᠭᠡᠷ ᠢᠶᠠᠷ ᠲᠤᠷᠭᠠᠬᠤ ᠭᠡᠰᠡᠨ ᠳᠤ ᠥᠭᠡᠷ ᠪᠠᠶᠢᠬᠤ ᠥᠭᠡᠢ ᠭᠡᠳ ᠵᠥᠪᠰᠢᠶᠡᠷᠡᠭᠰᠡᠨ ᠥᠭᠡᠢ ᠭᠡᠨ᠎ᠠ᠃ | ᠲᠠᠬᠢᠭᠠᠳ ᠲᠡᠬᠦᠨ ᠤ ᠪᠥᠭᠰᠡ ᠶᠢ ᠬᠤᠷᠢᠨ ᠲᠠᠪᠤ ᠲᠠᠰᠢᠭᠤᠷᠳᠠᠨᠠ ᠭᠡᠰᠡᠨ ᠳᠤ ᠪᠤᠯᠤᠨ᠎ᠠ ᠭᠡᠵᠡᠢ᠃ ᠢᠡᠭᠬᠢᠭᠡᠳ | ᠵᠢᠩᠰᠠ ᠲᠠᠢ ᠮᠠᠯᠠᠭᠠᠢ ᠶᠢ ᠨᠢ ᠠᠪᠴᠤ ᠲᠠᠯᠪᠢᠭᠤᠯᠤᠭᠠᠳ ᠲᠤᠭᠠᠯᠠᠵᠤ ᠴᠤᠬᠢᠬᠤ ᠳᠤ᠄ ︽ᠶᠤ᠂ ᠶᠤ᠂ ᠡᠵᠡᠨ ᠢᠶᠠᠨ | ᠢᠷᠡᠬᠦ ᠳᠤ ᠶᠠᠪᠤᠬᠰᠠᠨ ᠴᠤ ᠪᠤᠯᠤᠭᠠᠰᠠᠢ᠂ ᠡᠷᠯᠢᠭ ᠢᠶᠠᠨ ᠢᠷᠡᠬᠦ ᠳᠤ ᠥᠬᠦᠭᠰᠡᠨ ᠴᠤ ᠪᠤᠯᠤᠭᠠᠰᠠᠢ︾ ᠭᠡᠵᠤ | ᠪᠠᠷᠬᠢᠷᠠᠵᠤ ᠭᠡᠨ᠎ᠠ᠃ ᠴᠤᠬᠢᠵᠤ ᠲᠠᠭᠤᠰᠤᠬᠰᠠᠨ ᠤ ᠲᠠᠷᠠᠭ᠎ᠠ ᠰᠢᠷᠤᠢ ᠪᠠᠨ ᠬᠥᠪᠢᠵᠤ᠂ ᠵᠢᠩᠰᠠ ᠲᠠᠢ ᠮᠠᠯᠠᠭᠠᠢ ᠪᠠᠨ | ᠡᠮᠤᠰᠤᠭᠡᠳ ᠲᠡᠷᠭᠡᠳᠡ ᠪᠠᠨ ᠪᠠᠶᠢᠬᠰᠠᠨ ᠬᠥᠪᠡᠬᠦᠨ ᠴᠠᠷᠠᠨᠪᠠᠯ ᠢᠶᠠᠨ ᠲᠠᠭᠤᠳᠠᠵᠤ᠄ ︽ᠬᠥᠪᠡᠬᠦᠨ ᠮᠢᠨᠢ ᠬᠠᠷᠢᠭᠠᠳ | ᠭᠤᠨᠠᠨ ᠥᠭᠡᠷ ᠢᠶᠠᠨ ᠠᠯᠠᠭᠠᠳ ᠮᠢᠬ᠎ᠠ ᠶᠢ ᠨᠢ ᠴᠢᠨᠠᠵᠤ ᠪᠠᠢ︕︾ ᠭᠡᠵᠤ ᠭᠡᠯᠡᠪᠡ᠃ ᠡᠵᠡᠨ ᠢᠶᠠᠨ ᠢᠷᠡᠬᠦ ᠳᠤ | ᠭᠡᠳᠡᠭ ᠨᠢ ᠬᠤᠪᠤᠬᠰᠠᠶᠢᠷ ᠠᠴᠠ ᠬᠤᠷᠢᠶᠠᠯᠭᠠᠨ ᠤ ᠬᠥᠮᠤᠨ ᠢᠷᠡᠬᠦ ᠳᠤ᠄ ︽ᠠᠬ᠎ᠠ ᠲᠡᠬᠦᠤ ᠨᠤᠶᠠᠳ ᠨᠤᠳᠤᠬ ᠢᠶᠠᠨ | ᠬᠤᠪᠢᠶᠠᠬᠰᠠᠨ ᠠᠴᠠ ᠪᠢᠰᠢ᠂ ᠠᠯᠪᠠᠳᠤ ᠪᠠᠨ ᠬᠤᠪᠢᠶᠠᠬᠰᠠᠨ ᠥᠭᠡᠢ᠂ ᠪᠢ ᠠᠳᠡ ᠪᠠᠨ ᠰᠠᠭᠤᠨ᠎ᠠ︾ ᠭᠡᠳ | ᠶᠠᠪᠤᠬᠰᠠᠨ ᠥᠭᠡᠢ ᠪᠠᠨ ᠵᠢᠭᠠᠵᠤ ᠪᠤᠢ᠃ ᠡᠷᠯᠢᠭ ᠢᠶᠠᠨ ᠢᠷᠡᠬᠦ ᠳᠤ ᠭᠡᠳᠡᠭ ᠨᠢ ᠲᠥᠷᠤᠬᠦᠨ ᠵᠢᠯ ᠳᠤ ᠨᠢ ᠨᠢᠭᠡ | ᠬᠥᠨᠳᠤ ᠡᠪᠡᠳᠴᠢᠯᠡᠭᠰᠡᠨ ᠢᠶᠠᠨ ᠭᠡᠯᠡᠵᠤ ᠪᠠᠶᠢᠵᠡᠢ᠃ | ᠴᠠᠳᠠᠩ ᠵᠠᠩᠬᠢ ᠶᠢᠨ ᠲᠤᠮᠤᠬ | ᠴᠠᠳᠠᠩ ᠪᠤᠯ ᠡᠭᠡᠯ ᠵᠢᠷ ᠤᠨ ᠠᠯᠪᠠᠳᠤ ᠠᠷᠠᠳ ᠶᠤᠮ᠃ ᠨᠢᠭᠡ ᠤᠳᠠᠭ᠎ᠠ ᠮᠤᠤ ᠮᠤ ᠳᠤ ᠬᠥᠨᠡᠰᠤ ᠠᠴᠢᠬᠤ ᠪᠠᠷ | ᠶᠠᠪᠤᠵᠤ᠂ ᠭᠤᠤᠯ ᠤᠨ ᠡᠬᠢᠨ ᠪᠥᠭ ᠭᠡᠳᠡᠭ ᠭᠠᠵᠠᠷ ᠬᠥᠷᠬᠦ ᠳᠤ ᠶᠠᠪᠤᠭᠠᠳ ᠪᠤᠴᠠᠵᠤ ᠢᠷᠠᠵᠤ ᠪᠠᠶᠢᠬᠰᠠᠨ ᠵᠢᠽᠠᠩ | ᠭᠡᠭᠴᠢ ᠲᠠᠨᠢᠯ ᠬᠥᠮᠤᠨ ᠲᠠᠢ ᠪᠠᠨ ᠲᠠᠭᠠᠷᠠᠯᠳᠤᠵᠤ ᠬᠠᠮᠳᠤ ᠪᠠᠭᠤᠵᠤ ᠠᠷᠢᠬᠢᠳᠠᠵᠤ᠂ ᠪᠠᠰᠠ ᠵᠡᠭᠡᠷ᠎ᠠ ᠠᠯᠠᠵᠤ ᠢᠳᠡᠵᠤ | ᠬᠤᠨᠤᠭᠠᠳ ᠵᠥᠭ ᠵᠥᠭ ᠲᠡᠭᠡᠨ ᠶᠠᠪᠤᠵᠠᠭᠠᠵᠡᠢ᠃ ᠵᠢᠽᠠᠩ ᠪᠤᠴᠠᠵᠤ ᠢᠷᠠᠭᠡᠳ ᠭᠡᠳᠡᠪᠴᠢ ᠲᠠᠢ ᠭᠤᠴᠢᠨ ᠯᠠᠩ | ᠮᠥᠡᠭᠬᠦ ᠪᠠᠨ ᠥᠭᠡᠶᠢᠯᠡᠵᠤ ᠡᠷᠢᠵᠤ ᠤᠯᠬᠤ ᠥᠭᠡᠢ ᠪᠤᠯᠵᠤ᠂ ᠮᠢᠨᠤ ᠮᠥᠡᠭᠬᠦ ᠶᠢ ᠴᠠᠳᠠᠩ ᠠᠪᠤᠬᠰᠠᠨ᠂ ᠥᠭᠡᠷ᠎ᠠ | ᠬᠥᠮᠤᠨ ᠠᠪᠬᠤ ᠵᠠᠪᠰᠢᠶᠠᠨ ᠥᠭᠡᠢ ᠭᠡᠵᠤ ᠲᠠᠮᠠᠭ᠎ᠠ ᠶᠢᠨ ᠭᠠᠵᠠᠷ ᠲᠤ ᠮᠡᠳᠡᠬᠦᠯᠵᠡᠢ᠃ ᠴᠠᠳᠠᠩ ᠢ ᠠᠶᠠᠨ ᠠᠴᠠ | ᠪᠤᠴᠠᠵᠤ ᠢᠷᠠᠮᠡᠭᠴᠡ ᠲᠠᠮᠠᠭ᠎ᠠ ᠶᠢᠨ ᠭᠠᠵᠠᠷ ᠪᠠᠷᠢᠵᠤ ᠠᠪᠠᠴᠢᠭᠠᠳ ᠥᠴᠢᠭᠯᠡᠬᠦᠯᠥᠭᠰᠡᠨ ᠳᠤ ᠪᠢ ᠠᠪᠤᠬᠰᠠᠨ ᠥᠭᠡᠢ | ᠭᠡᠵᠡᠢ᠃ ᠭᠡᠳᠤᠨ ᠵᠠᠭᠤ ᠵᠠᠨᠴᠢᠬᠰᠠᠨ ᠴᠤ ᠤᠬᠳᠤ ᠬᠥᠯᠢᠶᠡᠬᠦ ᠥᠭᠡᠢ ᠪᠠᠶᠢᠵᠡᠢ᠃ ᠵᠢᠽᠠᠩ ᠪᠠᠶᠠᠨ ᠴᠢᠨᠡᠭᠡᠯᠢᠭ᠂ | ᠲᠠᠮᠠᠭ᠎ᠠ ᠶᠢᠨ ᠭᠠᠵᠠᠷ ᠲᠤ ᠨᠠᠷᠠ ᠲᠥᠷᠤ ᠲᠠᠢ ᠬᠥᠮᠤᠨ ᠪᠠᠶᠢᠵᠡᠢ᠃ ᠴᠠᠳᠠᠩ ᠢ ᠴᠤᠬᠢᠬᠤ ᠡᠷᠡᠬᠦᠳᠡᠬᠦ ᠨᠢ ᠬᠥᠨᠳᠤ | ᠭᠡᠴᠡᠬᠦᠤ ᠪᠤᠯᠤᠬᠰᠠᠨ ᠪᠤᠯᠬᠤᠷ ᠲᠡᠰᠪᠤᠷᠢᠯᠡᠬᠦᠶᠠ ᠪᠡᠷᠭᠡ ᠪᠤᠯᠵᠤ᠂ ᠠᠮᠢᠳᠤ ᠰᠠᠯᠤᠶ᠎ᠠ ᠭᠡᠵᠤ ᠪᠤᠳᠤᠭᠠᠳ᠄ ︽ᠪᠢ | ᠥᠨᠡᠨ ᠳᠡᠭᠡᠨ ᠠᠪᠤᠬᠰᠠᠨ ᠥᠭᠡᠢ ᠪᠢᠯᠡ᠂ ᠠᠶᠠᠨ ᠵᠠᠮ ᠳᠤ ᠠᠭᠤᠯᠵᠠᠭᠠᠳ ᠰᠠᠯᠤᠬᠰᠠᠨ ᠨᠢ ᠥᠨᠡᠨ᠂ ᠪᠢ ᠲᠥᠯᠥᠵᠤ | ᠥᠭᠬᠦᠶ᠎ᠠ︾ ᠭᠡᠵᠡᠢ᠃ ᠢᠡᠭᠬᠢᠭᠡᠳ ᠮᠥᠡᠭᠬᠦ ᠶᠢ ᠲᠥᠯᠥᠬᠦᠯᠵᠤ ᠬᠥᠯ ᠮᠤᠷᠢ ᠪᠠᠷ ᠲᠤᠷᠭᠠᠵᠤ ᠴᠠᠳᠠᠩ ᠢ ᠰᠤᠯᠠᠯᠠᠵᠡᠢ᠃ | ᠬᠤᠶᠢᠳᠤᠨ ᠵᠢᠯ ᠤᠨ ᠬᠢᠨᠢ ᠨᠠᠮᠤᠷ ᠠᠶᠠᠨ ᠳᠤ ᠶᠠᠪᠤᠬᠰᠠᠨ ᠬᠥᠮᠤᠰ ᠪᠤᠳᠠᠨ ᠲᠡᠭᠡᠷ᠎ᠠ ᠠᠰᠬᠠᠬᠰᠠᠨ ᠵᠡᠭᠡᠷ᠎ᠠ ᠶᠢᠨ | ᠰᠠᠪᠠᠰᠤᠨ ᠲᠤᠤᠷ᠎ᠠ ᠠᠴᠠ ᠵᠢᠽᠠᠩ ᠤᠨ ᠭᠡᠳᠡᠪᠴᠢ ᠲᠠᠢ ᠮᠥᠡᠭᠬᠦ ᠶᠢ ᠤᠯᠵᠤ ᠢᠷᠡᠵᠡᠢ᠃ ᠡᠨᠡ ᠶᠠᠪᠤᠳᠠᠯ ᠨᠤᠶᠠᠨ ᠪᠠ | ᠲᠠᠮᠠᠭ᠎ᠠ ᠶᠢᠨ ᠲᠥᠰᠢᠮᠡᠳ ᠤᠨ ᠴᠢᠬᠢᠨ ᠳᠤ ᠬᠥᠷᠴᠤ᠂ ᠴᠠᠳᠠᠩ ᠤᠨ ᠴᠢᠬᠢᠨ ᠳᠤ ᠴᠤ ᠬᠥᠷᠴᠡᠢ᠃ ᠤᠳᠤ ᠵᠢᠽᠠᠩ ᠢ | ᠶᠠᠯᠠᠯᠠᠵᠤ ᠴᠠᠳᠠᠩ ᠤᠨ ᠬᠢᠯᠢᠰ ᠢ ᠵᠠᠯᠠᠷᠠᠭᠤᠯᠬᠤ ᠭᠡᠷᠡᠭ ᠲᠠᠢ ᠪᠤᠯᠵᠡᠢ᠃ ᠵᠢᠽᠠᠩ ᠢ ᠬᠥᠮᠤᠨ ᠢ ᠬᠢᠯᠢᠰᠳᠡᠬᠦᠯᠪᠡ ᠭᠡᠵᠤ | ᠬᠥᠯ ᠮᠤᠷᠢ ᠪᠠᠷ ᠲᠤᠷᠭᠠᠵᠤ᠂ ᠴᠠᠳᠠᠩ ᠤᠨ ᠬᠢᠯᠢᠰ ᠢ ᠴᠠᠭᠠᠳᠬᠠᠨ᠂ ᠲᠥᠯᠥᠭᠰᠡᠨ ᠮᠥᠡᠭᠬᠦ ᠲᠤᠷᠭᠠᠬᠰᠠᠨ | ᠮᠤᠷᠢ ᠶᠢ ᠨᠢ ᠪᠤᠴᠠᠭᠠᠨ ᠥᠭᠴᠤ᠂ ᠡᠭᠡᠯ ᠠᠯᠪᠠᠳᠤ ᠪᠠᠶᠢᠬᠰᠠᠨ ᠠᠴᠠ ᠨᠢ ᠵᠠᠩᠬᠢ ᠶᠢᠨ ᠵᠢᠩᠰᠠ ᠥᠭᠴᠤ ᠲᠥᠰᠢᠮᠡᠯ | ᠪᠤᠯᠭᠠᠵᠤ ᠭᠡᠨ᠎ᠠ᠃ | ᠴᠠᠳᠠᠩ ᠵᠠᠩᠬᠢ ᠪᠤᠯᠤᠬᠰᠠᠨ ᠤ ᠪᠠᠨ ᠲᠠᠷᠠᠭ᠎ᠠ ᠮᠥᠨ ᠭᠤᠮᠤᠳᠠᠯ ᠨᠢ ᠲᠠᠶᠢᠯᠤᠬᠳᠠᠬᠰᠠᠨ ᠥᠭᠡᠢ᠂ ᠲᠠᠮᠠᠭ᠎ᠠ ᠶᠢᠨ | ᠭᠠᠵᠠᠷ ᠲᠤ ᠡᠷᠭᠡ ᠲᠠᠢ ᠪᠤᠯᠵᠤ᠂ ᠨᠤᠶᠠᠨ ᠲᠥᠰᠢᠮᠡᠳ ᠠᠴᠠ ᠠᠮᠠ ᠠᠰᠠᠭᠤᠵᠤ᠄ ︽ᠴᠠᠳᠠᠩ ᠥᠨᠡᠨ ᠪᠢᠰᠢᠤ︖ | ᠲᠠ ᠨᠠᠷ ᠭᠡᠷᠡᠭ ᠢ ᠭᠡᠯᠳᠡᠭᠡᠢ ᠰᠢᠬᠦᠳᠡᠭ ᠪᠢᠰᠢᠤ︖ ᠬᠥᠮᠤᠨ ᠤ ᠮᠢᠬᠠᠨ ᠬᠥᠨᠡᠰᠤ ᠲᠠᠢ ᠬᠥᠷᠠᠯ ᠴᠢᠯᠠᠭᠤᠨ | ᠵᠢᠷᠤᠭᠡ ᠲᠠᠢ ᠪᠢᠰᠢᠤ︖︾ ᠭᠡᠬᠦ ᠠᠴᠠ ᠥᠭᠡᠷ᠎ᠠ ᠥᠭᠡ ᠥᠭᠡᠢ ᠪᠠᠶᠢᠳᠠᠬ ᠭᠡᠨ᠎ᠠ᠃ | ᠴᠠᠳᠠᠩ ᠵᠠᠩᠬᠢ ᠲᠠᠰᠢ ᠨᠤᠶᠠᠨ ᠤ ᠥᠷᠬᠦᠭᠡᠨ ᠳᠤ ᠤᠴᠢᠬᠤ ᠳᠤ ᠬᠥᠨᠳᠤᠳᠭᠡᠭᠳᠡᠵᠤ᠂ ᠨᠤᠶᠠᠨ ᠤ ᠬᠢᠶ᠎ᠠ ᠨᠠᠷ | ᠮᠤᠷᠢ ᠶᠢ ᠨᠢ ᠬᠠᠮᠠᠭᠠᠯᠠᠳᠠᠬ᠂ ᠨᠤᠶᠠᠨ ᠬᠠᠳᠤᠨ ᠬᠤᠶᠠᠭᠤᠯᠠ ᠴᠠᠳᠠᠩ ᠳᠤ ᠰᠠᠶᠢᠨ ᠥᠭᠡ ᠭᠡᠯᠡᠵᠤ ᠰᠠᠶᠢᠬᠠᠨ | ᠬᠤᠭᠤᠯᠠ ᠢᠳᠡᠬᠦᠯᠵᠤ᠂ ᠠᠷᠢᠬᠢ ᠤᠤᠭᠤᠯᠭᠠᠵᠤ ᠲᠤᠷ᠎ᠠ ᠲᠠᠪᠠ ᠪᠠᠷ ᠨᠢ ᠪᠠᠶᠢᠯᠭᠠᠳᠠᠬ ᠭᠡᠨ᠎ᠠ᠃ ᠴᠠᠳᠠᠩ ᠵᠠᠩᠬᠢ | ᠠᠷᠢᠬᠢ ᠤᠤᠭᠤᠵᠤ ᠰᠤᠬᠳᠤᠭᠠᠳ ᠠᠪᠤᠪᠠᠯ ᠪᠠᠰᠠ ᠯᠠ ᠨᠤᠶᠠᠨ ᠳᠤ ᠭᠤᠮᠤᠳᠠᠯ ᠢᠶᠠᠨ ᠭᠡᠯᠡᠵᠤ ᠵᠠᠩᠨᠠᠳᠠᠬ ᠭᠡᠨ᠎ᠠ᠄ ︽ | ᠴᠠᠳᠠᠩ ᠨᠤᠶᠠᠨ ᠪᠠᠶᠢᠬᠰᠠᠨ᠂ ᠥᠨᠡᠨ ᠢᠶᠠᠷ ᠢᠶᠠᠨ ᠶᠠᠪᠤᠪᠠᠯ ᠥᠭᠡᠷ ᠲᠡᠷᠭᠡ ᠪᠠᠷ ᠲᠠᠤᠯᠠᠢ ᠬᠥᠢᠴᠡᠳᠡᠭ ᠭᠡᠳᠡᠭ ᠪᠢᠯᠡ᠂ | ᠡᠨᠡ ᠬᠠᠭᠠᠨ ᠤ ᠲᠥᠷᠤ ᠳᠤ ᠴᠠᠳᠠᠩ ᠤᠨ ᠮᠢᠬ᠎ᠠ ᠶᠢ ᠲᠠ ᠨᠠᠷ ᠢᠳᠠᠪᠠ᠂ ᠡᠷᠯᠢᠭ ᠬᠠᠭᠠᠨ ᠤ ᠲᠥᠷᠤ ᠳᠤ ᠲᠠ ᠨᠠᠷ | ᠮᠢᠬ᠎ᠠ ᠶᠢ ᠢᠳᠡᠬᠦ ᠬᠥᠮᠤᠨ ᠪᠤᠢ᠂ ᠡᠷᠯᠢᠭ ᠬᠠᠭᠠᠨ ᠤ ᠲᠡᠨᠳᠡ ᠲᠠᠩᠰᠠ ᠪᠤᠢ᠂ ᠡᠷᠯᠢᠭ ᠤᠨ ᠲᠤᠯᠢᠨ ᠳᠤ ᠰᠢᠯᠭᠠᠵᠤ | ᠥᠵᠡᠨ᠎ᠠ ᠳ᠋ᠠ︾ ᠭᠡᠬᠦ ᠳᠤ ᠨᠤᠶᠠᠨ ᠰᠢᠮᠰᠢᠷᠠᠵᠤ᠄ ︽ᠲᠠᠨ ᠤ ᠭᠡᠯᠡᠳᠡᠭ ᠥᠨᠡᠨ᠂ ᠥᠨᠡᠨ︾ ᠭᠡᠬᠦ ᠠᠴᠠ ᠥᠭᠡᠷ᠎ᠠ | ᠭᠡᠯᠡᠳᠡᠭ ᠥᠭᠡᠢ ᠪᠠᠶᠢᠵᠤ ᠭᠡᠨ᠎ᠠ᠃ ᠴᠠᠳᠠᠩ ᠵᠠᠩᠬᠢ ᠪᠤᠯ ᠰᠡᠷᠵᠢ ᠵᠠᠩᠬᠢ ᠶᠢᠨ ᠡᠴᠢᠭᠡ ᠪᠤᠯᠤᠨ᠎ᠠ᠂ ᠰᠠᠷᠵᠢ ᠶᠢᠨ | ᠬᠥᠤ ᠨᠢ ᠲᠠᠮᠳᠢᠨᠵᠠᠪ᠂ ᠰᠢᠨᠢᠩ᠂ ᠱᠠᠬᠳᠠᠷᠵᠠᠪ᠂ ᠲᠠᠮᠴᠢᠶᠠ᠂ ᠲᠠᠰᠢᠴᠠᠷᠠᠨ᠂ ᠥᠬᠢᠨ ᠨᠦᠭᠦᠳ ᠨᠢ ᠲᠤᠯᠵᠢᠨ᠂ | ᠵᠢᠭ᠌ᠵᠢᠯᠮᠠ ᠲᠠᠮᠴᠦ᠋ᠢᠼᠤᠤ᠂ ᠴᠢᠮᠡᠳ ᠪᠤᠯᠤᠨ᠎ᠠ᠃ | ︵ᠽᠠᠨᠳᠠᠨᠮᠢᠳᠠᠬ ᠡᠮᠬᠢᠳᠭᠡᠪᠡ︶ | | |